ᠨᠡᠪᠲᠡᠷᠡᠨ ᠤᠷᠤᠬᠤ
ᠮᠢᠨᠤ ᠠᠷᠠᠳ ᠤᠨ ᠳᠠᠭᠤᠤ

(ᠮᠦᠩᠬᠦᠨ ᠤᠳᠤᠨ ᠱᠠᠩᠨᠠᠯᠳᠤ)


ᠡᠵᠢ ᠶᠢᠨ ᠶᠢᠡᠨ ᠡᠪᠣᠷ ᠲᠡᠬᠡᠷ᠎ᠡ

ᠡᠷᠬᠡᠯᠡᠵᠦ ᠠᠩᠬ᠎ᠠ ᠵᠠᠯᠬᠢᠯᠠᠭᠰᠠᠨ

ᠡᠨᠠᠷᠢᠯ ᠤᠨ ᠴᠠᠭᠠᠨ ᠠᠶᠠᠯᠭᠣ

ᠡᠯᠢᠬᠡᠨ ᠪᠦᠦᠪᠡᠢ ᠡᠴᠡ ᠠᠮᠢᠯᠠᠨ

ᠡᠷᠢᠶᠠᠨ ᠬᠣᠷᠸ᠎ᠠ ᠶᠢ ᠠᠷᠭᠠᠳᠠᠭᠰᠠᠨ

ᠮᠢᠨᠣ ᠠᠷᠠᠳ ᠤᠨ ᠲᠠᠭᠣᠤ᠃


ᠵᠦᠬᠡᠯᠡᠬᠡᠨ ᠰᠢᠷᠣᠩᠬᠠᠢ ᠡᠬᠢᠯᠡᠬᠥ ᠪᠣᠯᠭᠠᠨ

ᠵᠦᠭ᠌ ᠪᠦᠷᠢ ᠶᠢᠨ ᠲᠡᠭ᠍ᠷᠢ ᠨᠢ ᠠᠶᠠᠷᠬᠠᠨ ᠮᠡᠭ᠍ᠰᠢᠵᠦ

ᠵᠦᠡᠭ ᠪᠢᠯᠢᠭ᠌ ᠤᠨ ᠴᠠᠩᠬᠡᠷ ᠬᠣᠷ᠎ᠠ ᠠᠰᠬᠠᠷᠠᠨ᠎ᠠ

ᠵᠢᠷᠭᠠᠯ ᠵᠤᠪᠠᠨᠢᠯ ᠤᠨ ᠬᠣᠶᠠᠷ ᠣᠳᠠᠰᠣ ᠪᠠᠨ ᠬᠦᠭ᠍ᠯᠡᠨ

ᠵᠢᠭᠠᠬᠠᠨ ᠰᠢᠷᠭ᠎ᠠ ᠶᠢᠨ ᠠᠯᠬᠤᠭ᠎ᠠ ᠪᠠᠷ ᠬᠦᠪᠴᠢᠯᠡᠨ ᠲᠠᠳᠠᠬᠣ ᠳᠤ

ᠵᠠᠮ ᠤᠨ ᠵᠠᠩᠬᠢᠷᠠᠭ᠎ᠠ ᠴᠤ ᠠᠶᠠᠠᠳᠠᠭᠠᠨ ᠵᠠᠳᠠᠷᠠᠨ ᠲᠠᠢ᠌ᠯᠣᠭᠳᠠᠨ᠎ᠠ᠃


ᠴᠡᠬᠡᠵᠢᠨ ᠤ ᠮᠠᠨᠠᠨ᠂ ᠰᠠᠳᠬᠢᠯ ᠤᠨ ᠰᠡᠬᠥᠳᠡᠷ ᠢ

ᠴᠠᠴᠠᠨ ᠠᠶᠠᠰ ᠶᠢᠠᠷ ᠶᠢᠠᠨ ᠠᠷᠢᠭᠣᠯᠠᠵᠣ ᠠᠭᠣᠵᠢᠷᠠᠭᠣᠯᠣᠭᠰᠠᠨ

ᠴᠡᠴᠡᠭ ᠤᠨ ᠰᠢᠬᠥᠳᠡᠷᠢ᠂ ᠣᠳᠣᠳ ᠤᠨ ᠨᠢᠯᠪᠣᠰᠣ ᠶᠢ ᠴᠤ

ᠴᠡᠯᠮᠡᠭ ᠤᠬᠠᠭ᠎ᠠ ᠪᠠᠷ ᠶᠢᠠᠨ ᠠᠷᠴᠢᠨ ᠠᠮᠣᠷᠯᠢᠭᠣᠯᠣᠭᠰᠠᠨ

ᠴᠠᠭᠠᠨ ᠰᠥ᠋ ᠪᠠᠷ ᠡᠬᠡᠰᠢᠭ᠍ᠯᠡᠨ ᠰᠠᠴᠣᠷᠠᠬᠣ

ᠮᠢᠨᠣ ᠠᠷᠠᠳ ᠤᠨ ᠲᠠᠭᠣᠤ᠃


ᠡᠵᠢ ᠶᠢᠨ ᠮᠢᠨᠢ ᠰᠦᠨ ᠤ ᠦᠨᠥᠷ ᠰᠡᠪᠡᠯᠵᠡᠬᠥ ᠪᠠᠷ

ᠡᠨᠭ᠌ ᠬᠣᠷᠸ᠎ᠠ ᠴᠤ ᠲᠠᠭᠠᠵᠣ ᠡᠬᠡᠰᠢᠭ᠍ᠯᠡᠨ᠎ᠡ

ᠡᠬᠡ ᠶᠢᠨ ᠠᠷᠢᠭᠣᠨ ᠰᠥ᠋᠂ ᠡᠬᠡᠰᠢᠭ᠍ᠲᠦ ᠪᠦᠦᠪᠡᠢ ᠬᠣᠶᠠᠷ

ᠡᠷ᠎ᠠ ᠪᠠᠶ᠎ᠠ ᠳᠤ ᠮᠢᠨᠢ ᠡᠷᠴᠢᠯᠠᠨ ᠲᠣᠶᠠᠭᠠᠷᠠᠨ᠎ᠠ

ᠡᠮᠠᠬᠡᠯ ᠲᠡᠬᠡᠷ᠎ᠡ ᠲᠡᠷᠪᠡᠭ᠍ᠰᠡᠨ ᠢᠳᠡᠬᠡᠯ ᠲᠠᠮᠠᠣᠯᠣᠯ

ᠡᠷ᠎ᠠ ᠪᠣᠷᠣ ᠬᠠᠷᠴᠠᠭᠠᠢ ᠶᠢᠨ ᠵᠢᠬᠥᠷ ᠬᠣᠷᠴᠠᠯᠠᠨ

ᠡᠳᠣᠷ ᠰᠦᠨᠢ ᠲᠡᠶ ᠡᠥᠷᠴᠢᠯᠡᠨᠭ᠌ ᠤᠨ ᠵᠠᠢ ᠳᠤ ᠪᠢ

ᠡᠬᠥᠷᠢᠳᠡ ᠲᠠᠩᠳᠠ ᠲᠠᠭᠣᠤ ᠲᠡᠶ ᠪᠠᠨ ᠶᠠᠪᠣᠵᠣ ᠪᠠᠢ᠌ᠨ᠎ᠠ

ᠲᠠᠯ᠎ᠠ ᠶᠢᠨ ᠶᠢᠠᠨ ᠴᠡᠴᠡᠬᠡᠰ ᠲᠡᠶ ᠦᠶᠡᠷᠬᠡᠵᠦ ᠣᠷᠭᠣᠭᠰᠠᠨ

ᠲᠠᠭᠠᠨ ᠪᠠᠭ᠎ᠠ ᠶᠢᠨ ᠨᠠᠰᠣ ᠲᠡᠶ ᠪᠠᠨ ᠶᠠᠪᠣᠵᠣ ᠪᠠᠢ᠌ᠨ᠎ᠠ

ᠴᠡᠬᠡᠯ ᠤᠨ ᠣᠰᠣᠨ ᠳᠤ ᠠᠮᠣᠭᠣᠯᠠᠩᠬᠠᠨ ᠣᠮᠪᠠᠭᠰᠠᠨ

ᠴᠠᠭ ᠴᠠᠭ ᠤᠨ ᠨᠡᠬᠥᠳᠡᠯ ᠲᠡᠶ ᠪᠠᠨ ᠶᠠᠪᠣᠵᠣ ᠪᠠᠢ᠌ᠨ᠎ᠠ

ᠲᠣᠷᠠᠯᠠᠯ ᠤᠨ ᠪᠣᠯᠵᠣᠭᠠᠨ ᠳᠤ ᠮᠠᠯᠳᠠᠷᠠᠳᠠᠯ᠎ᠠ ᠬᠦᠯᠢᠶᠡᠭ᠍ᠰᠡᠨ ᠠᠮᠠᠷᠠᠭ ᠤᠨ

ᠲᠣᠳᠠᠭᠣ ᠣᠷᠬᠢᠭᠰᠠᠨ ᠰᠠᠳᠬᠢᠯ ᠤᠨ ᠬᠢᠨᠢ ᠴᠣᠣᠷᠠᠢ

ᠲᠠᠭᠣᠤ ᠪᠣᠯᠵᠣ ᠨᠠᠷᠠ ᠰᠠᠷᠠᠨ ᠳᠤ ᠭᠣᠩᠬᠠᠵᠣ ᠪᠠᠢ᠌ᠨ᠎ᠠ

ᠵᠠᠶᠠᠭ᠎ᠠ ᠪᠦᠳᠥᠨ ᠡᠳᠣᠷ ᠬᠣᠨᠣᠭ ᠤᠳ ᠤᠨ ᠮᠢᠨᠢ

ᠵᠢᠷᠭᠠᠯᠳᠣ ᠮᠦᠴᠡ ᠴᠤ ᠲᠠᠭᠣᠤ ᠡᠴᠡ ᠡᠬᠢᠯᠡᠳᠡᠭ ᠪᠠᠢ᠌ᠵᠣ ᠰᠢᠤ᠃


ᠬᠣᠯᠠ ᠮᠣᠷᠳᠠᠭᠰᠠᠨ ᠠᠮᠠᠷᠠᠭ ᠬᠡᠣᠬᠡᠨ ᠤ ᠮᠢᠨᠢ

ᠬᠣᠩᠭ᠋ᠣᠷ ᠨᠣᠳᠣᠭ ᠶᠢᠠᠨ ᠰᠠᠳᠬᠢᠯ ᠡᠮᠳᠠᠷᠠᠨ ᠪᠠᠷᠠᠯᠠᠬᠣ ᠳᠤ

ᠬᠣᠶᠠᠷ ᠨᠢᠳᠣᠨ ᠡᠴᠡ ᠨᠢ ᠪᠦᠮᠪᠥᠷᠢᠭ᠍ᠰᠡᠨ ᠮᠥᠷᠣᠬᠡᠳᠥᠯ ᠤᠳ

ᠮᠢᠨᠣ ᠠᠷᠠᠳ ᠤᠨ ᠲᠠᠭᠣᠤ

ᠪᠦᠳᠥᠨ ᠬᠣᠷᠸ᠎ᠠ ᠶᠢ ᠣᠶᠠᠷᠠᠳᠠᠯ᠎ᠠ ᠬᠣᠭᠣᠷᠳᠠᠬᠣ ᠳᠤ

ᠪᠣᠳᠣᠭᠣ ᠪᠠᠨ ᠭᠣᠯᠣᠭᠰᠠᠨ ᠢᠩᠬᠡᠨ ᠲᠡᠮᠠᠬᠡᠨ ᠤ

ᠪᠣᠷᠪᠢ ᠪᠠᠨ ᠲᠠᠪᠳᠣᠳᠠᠯ᠎ᠠ ᠢᠪᠢᠯᠥᠭᠰᠡᠨ ᠬᠠᠢ᠌ᠷ᠎ᠠ ᠴᠤ

ᠮᠢᠨᠣ ᠠᠷᠠᠳ ᠤᠨ ᠲᠠᠭᠣᠤ᠃


ᠲᠡᠯᠠᠬᠡᠢ ᠶᠢ ᠠᠷᠭᠠᠳᠠᠭᠰᠠᠨ ᠠᠶᠠᠯᠭᠣᠨ ᠳ᠋ᠣᠨᠢ

ᠲᠡᠬᠡᠳᠥᠰ ᠮᠢᠨᠢ ᠬᠦᠬᠡᠮᠡᠢᠯᠡᠬᠥ ᠬᠠᠷᠠᠭᠳᠠᠨ᠎ᠠ

ᠴᠠᠢ ᠶᠢᠨ ᠲᠡᠬᠡᠵᠢ ᠪᠠᠨ ᠲᠡᠭ᠍ᠷᠢ ᠳᠡᠭᠡᠨ ᠡᠷᠬᠥᠪᠡ

ᠴᠠᠯ ᠪᠣᠭᠣᠷᠣᠯ ᠡᠵᠢ ᠮᠢᠨᠢ ᠬᠠᠷᠠᠭᠳᠠᠨ᠎ᠠ

ᠡᠵᠢ ᠮᠢᠨᠢ ᠢᠪᠢᠯᠦᠬᠡ ᠠᠷᠠᠳ ᠤᠨ ᠲᠠᠭᠣᠤ ᠳᠤ

ᠡᠩᠬᠡᠷ ᠤᠨ ᠬᠢᠨᠢ ᠲᠣᠪᠴᠢ ᠨᠢ ᠬᠡᠷᠡᠯᠲᠦᠵᠦ ᠬᠠᠷᠠᠭᠳᠠᠨ᠎ᠠ᠃


ᠲᠣᠣᠯᠢᠰ ᠤᠨ ᠠᠶᠠᠯᠭᠣᠳᠣ ᠰᠠᠯᠬᠢᠨ ᠲᠣᠮᠳᠠ

ᠡᠵᠢ ᠮᠢᠨᠢ ᠣᠶᠠᠷᠠᠭᠰᠠᠭᠠᠷ ᠪᠠᠢ᠌ᠵᠣ ᠬᠣᠯᠠᠳᠠᠭ᠎ᠠ ᠦᠦ

ᠲᠠᠭᠣᠳᠣ ᠶᠢᠨ ᠴᠠᠩᠬᠡᠷ ᠬᠣᠷᠸ᠎ᠠ ᠳᠤ

ᠲᠠᠭᠣᠤ ᠪᠠᠨ ᠨᠠᠳᠠ ᠳᠤ ᠣᠷᠬᠢᠭ᠎ᠠ ᠦᠦ

ᠦᠷ᠎ᠡ ᠶᠢᠨ ᠶᠢᠡᠨ ᠡᠮᠣᠨ᠎ᠠ ᠡᠴᠡ ᠡᠵᠢ ᠮᠢᠨᠢ

ᠦᠬᠥᠯ ᠢ ᠲᠣᠰᠴᠣ ᠠᠪᠣᠭᠠᠳ ᠶᠠᠪᠣᠭᠰᠠᠨ ᠴᠤ

ᠦᠨᠦᠴᠢᠨ ᠬᠣᠴᠣᠷᠣᠭᠰᠠᠨ ᠰᠠᠳᠬᠢᠯ ᠤᠨ ᠵᠠᠢ ᠪᠠᠨ

ᠦᠷ᠎ᠡ ᠨᠢ ᠬᠡᠵᠢᠶᠡᠳᠡ ᠲᠠᠭᠣᠤ ᠪᠠᠷ ᠶᠢᠠᠨ ᠨᠦᠬᠥᠳᠡᠭ ᠤᠨ ᠣᠴᠢᠷ

ᠦᠨᠡᠨ ᠤ ᠬᠣᠷᠸ᠎ᠠ ᠳᠤ ᠡᠵᠢ ᠮᠢᠨᠢ

ᠦᠨᠢ ᠮᠦᠩᠬᠡ ᠠᠮᠢᠳᠣᠷᠠᠭᠰᠠᠭᠠᠷ ᠶᠣᠮ ᠡ᠃


ᠡᠵᠢ ᠶᠢᠨ ᠶᠢᠡᠨ ᠡᠪᠣᠷ ᠲᠡᠬᠡᠷ᠎ᠡ

ᠡᠷᠬᠡᠯᠡᠵᠦ ᠠᠩᠬ᠎ᠠ ᠵᠠᠯᠬᠢᠯᠠᠭᠰᠠᠨ

ᠡᠨᠠᠷᠢᠯ ᠤᠨ ᠴᠠᠭᠠᠨ ᠠᠶᠠᠯᠭᠣ

ᠡᠯᠢᠬᠡᠨ ᠪᠦᠦᠪᠡᠢ ᠡᠴᠡ ᠠᠮᠢᠯᠠᠨ

ᠡᠷᠢᠶᠠᠨ ᠬᠣᠷᠸ᠎ᠠ ᠶᠢ ᠠᠷᠭᠠᠳᠠᠭᠰᠠᠨ

ᠮᠢᠨᠣ ᠠᠷᠠᠳ ᠤᠨ ᠲᠠᠭᠣᠤ᠃


ᠵᠤᠬᠢᠶᠠᠭᠴᠢ ᠶᠢᠨ ᠬᠠᠶ‍ᠢᠭ᠄ ᠰᠦᠨᠢᠥᠨ ᠵᠠᠬᠥᠨ ᠬᠣᠰᠢᠭᠣᠨ ᠤ ᠲᠣᠳᠣᠭᠠᠳᠣ ᠶᠢ ᠬᠠᠮᠠᠭᠠᠯᠠᠬᠣ ᠲᠣᠪᠴᠢᠶ᠎ᠠ

ᠵᠤᠬᠢᠶᠠᠭᠴᠢ᠄ ᠴ·ᠰᠤᠳᠤᠪᠢᠯᠢᠭ᠌
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 9431
ᠴᠠᠭ᠄ 2009 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ