☆ ᠰ᠂ᠨᠠᠷᠠᠨᠭᠡᠷᠡᠯ
ᠮᠤᠷᠢ ᠳᠠᠭᠠᠭᠰᠠᠨ ᠰᠠᠯᠬᠢ
ᠲᠠᠭᠠᠨ᠎ᠠ ᠲᠡᠶ ᠭᠣᠪᠢ ᠶᠢᠨ ᠰᠠᠯᠬᠢ ᠶᠢ ᠮᠣᠷᠢ ᠬᠦᠳᠥᠯᠵᠦ ᠬᠦᠶᠥᠳᠡᠭ
ᠲᠠᠩᠨᠠᠢ ᠳᠤ ᠠᠮᠳᠠᠭᠳᠠᠬᠣ ᠰᠢᠯᠥᠭ ᠣᠩᠭ᠋ᠣᠳ ᠬᠦᠳᠥᠯᠵᠦ ᠢᠷᠡᠳᠡᠭ
ᠲᠡᠪᠢᠯᠡᠨᠭ᠌ ᠬᠦᠰᠡᠯᠡᠨᠭ᠌ ᠬᠣᠶᠠᠷ ᠢ ᠮᠣᠷᠢ ᠬᠠᠳᠠᠷᠢᠵᠣ ᠣᠢ᠌ᠷᠠᠳᠣᠭᠣᠯᠳᠠᠭ
ᠲᠠᠷᠠᠭ ᠠᠢ᠌ᠷᠠᠭ ᠲᠡᠶ ᠨᠣᠳᠣᠭ ᠢ ᠠᠳᠣᠭᠣᠳ ᠲᠠᠯᠠᠵᠣ ᠠᠭᠣᠵᠢᠷᠠᠭᠣᠯᠳᠠᠭ
ᠠᠩᠬᠢᠷ ᠪᠠᠭ᠎ᠠ ᠶᠢᠨ ᠪᠠᠬᠠᠳᠣᠯ ᠮᠢᠨᠢ ᠣᠨᠠᠭᠠᠨ ᠵᠢᠯᠣᠭᠣ ᠪᠠᠷ ᠡᠬᠢᠯᠡᠳᠡᠭ
ᠠᠬᠢᠨ ᠪᠣᠭᠣᠷᠣᠯ ᠤᠨ ᠶᠢᠠᠨ ᠢᠷᠥᠬᠡᠯ ᠲᠡᠶ ᠬᠠᠳᠠᠭ ᠲᠤ ᠵᠢᠯᠣᠭᠣ ᠬᠡᠢ᠌ᠮᠥᠷᠢᠯᠡᠳᠠᠭ
ᠠᠮᠢᠨ ᠨᠣᠳᠣᠭ ᠤᠨ ᠶᠢᠠᠨ ᠵᠢᠷᠣᠭ ᠡᠴᠡ ᠲᠣᠷᠭᠠᠨ ᠵᠢᠯᠣᠭᠣ ᠲᠡᠶ ᠬᠦᠳᠡᠯᠳᠡᠭ
ᠠᠶᠠᠨ ᠵᠠᠮ ᠤᠨ ᠶᠢᠠᠨ ᠦᠵᠦᠬᠥᠷ ᠲᠤ ᠰᠢᠨᠳᠠᠰᠣᠨ ᠵᠢᠯᠣᠭᠣ ᠲᠡᠶ ᠬᠦᠷᠳᠡᠭ
ᠮᠣᠷᠢ ᠲᠡᠶ ᠭᠠᠵᠠᠷ ᠤᠨ ᠬᠢᠵᠠᠭᠠᠷ ᠠᠳᠣᠭᠣᠨ ᠤ ᠠᠮᠢᠰᠭᠣᠭ᠎ᠠ ᠲᠡᠶ ᠪᠣᠯᠬᠣᠷ
ᠮᠣᠩᠭ᠋ᠣᠯ ᠲᠥᠮᠡᠨ ᠤ ᠦᠷᠡᠰ ᠠᠭᠠᠭ ᠤᠨ ᠲᠡᠭ᠍ᠷᠢ ᠲᠡᠶ ᠶᠠᠪᠣᠳᠠᠭ
ᠬᠢᠬᠢᠯᠢ ᠶᠢᠨ ᠬᠣᠶᠠᠷ ᠣᠳᠠᠰᠣᠨ ᠤ ᠰᠢᠳᠢᠳᠣ ᠡᠬᠡᠰᠢᠭ᠌ ᠮᠣᠷᠢ ᠪᠢᠯᠠ
ᠬᠡᠬᠡᠷ᠎ᠡ ᠶᠢᠨ ᠰᠡᠷᠢᠬᠥᠨ ᠰᠠᠯᠬᠢᠨ ᠤ ᠲᠣᠷᠭᠠᠨ ᠡᠷᠬᠢᠬᠡ ᠮᠣᠷᠢ ᠪᠢᠯᠠ
ᠬᠡ ᠲᠡᠶ ᠰᠢᠷᠢᠳᠡᠭ ᠲᠡᠬᠡᠷ᠎ᠡ ᠬᠦᠯᠪᠡᠷᠢᠳᠡᠭ ᠠᠵᠠ ᠶᠢᠨ ᠪᠡᠷᠬᠡ ᠮᠣᠷᠢ ᠪᠢᠯᠠ
ᠬᠡᠨ ᠬᠡᠨ ᠤ ᠮᠢᠨᠢ ᠮᠥᠷᠣᠬᠡᠳᠥᠯᠳᠡᠢ ᠬᠣᠪᠢᠯᠭᠠᠨ ᠵᠢᠬᠥᠷ ᠮᠣᠷᠢ ᠪᠢᠯᠠ
ᠲᠣᠭᠰᠢᠨ ᠰᠥᠯᠳᠡᠨ ᠳᠡᠭᠡᠨ ᠲᠠᠭᠠᠳᠬᠠᠭᠰᠠᠨ ᠢᠳᠡᠬᠡᠯ ᠤᠨ ᠮᠢᠨᠢ ᠰᠦᠷ ᠮᠣᠷᠢ ᠪᠢᠯᠠ
ᠲᠣᠯᠣᠭᠠᠨ ᠪᠣᠷᠬᠠᠨ ᠳᠠᠭᠠᠨ ᠵᠠᠯᠪᠠᠷᠢᠭᠰᠠᠨ ᠰᠠᠳᠬᠢᠯ ᠤᠨ ᠮᠢᠨᠢ ᠬᠡᠬᠡ ᠮᠣᠷᠢ ᠪᠢᠯᠠ
ᠲᠣᠮᠣᠭ ᠦᠨᠡᠨ ᠢ ᠬᠣᠯᠪᠣᠭᠰᠠᠨ ᠡᠪᠥᠬᠡᠥᠨ ᠤᠨ ᠮᠢᠨᠢ ᠵᠤᠭᠣᠭ ᠮᠣᠷᠢ ᠪᠢᠯᠠ
ᠲᠣᠷᠣᠨ᠎ᠠ ᠦᠷᠦᠨ᠎ᠠ ᠳᠤ ᠭᠠᠢ᠌ᠬᠠᠭᠳᠠᠭᠰᠠᠨ ᠮᠣᠩᠭ᠋ᠣᠯ ᠤᠨ ᠮᠢᠨᠢ ᠣᠨᠣᠭ᠎ᠠ ᠮᠣᠷᠢ ᠪᠢᠯᠠ
ᠡᠷᠠᠬᠥᠯ ᠴᠢᠰᠣᠨ ᠤ ᠬᠠᠯᠠᠭᠣᠨ ᠲᠣᠩᠬᠠᠭ ᠢ ᠮᠣᠷᠢ ᠬᠡᠳᠡᠭ
ᠡᠷ᠎ᠠ ᠬᠦᠮᠥᠨ ᠤ ᠬᠠᠳᠠᠨ ᠲᠠᠩᠭ᠋ᠠᠷᠢᠭ ᠢ ᠮᠣᠷᠢ ᠬᠡᠳᠡᠭ
ᠮᠣᠯᠣᠷ ᠡᠷᠳᠠᠨᠢ ᠶᠢᠨ ᠠᠷᠭᠣᠮᠠᠭ ᠰᠠᠯᠬᠢ ᠶᠢ ᠮᠣᠷᠢ ᠬᠡᠳᠡᠭ
ᠮᠣᠩᠭ᠋ᠣᠯ ᠲᠡᠣᠬᠡ ᠶᠢᠨ ᠠᠮᠢᠳᠣ ᠬᠡᠷᠡᠴᠢ ᠶᠢ ᠮᠣᠷᠢ ᠬᠡᠳᠡᠭ
ᠠᠳᠣᠭᠣᠨ ᠤ ᠮᠢᠨᠢ ᠴᠡᠯᠮᠡᠭ ᠪᠡᠯᠴᠢᠬᠡᠷ ᠡᠬᠥᠳᠡᠨ ᠡᠴᠡ ᠡᠬᠢᠯᠠᠵᠣ ᠬᠣᠯᠠᠳᠠᠳᠠᠭ
ᠠᠷᠭᠠᠯ ᠤᠨ ᠴᠠᠩᠬᠡᠷ ᠣᠳᠣᠭ᠎ᠠ ᠨᠢ ᠴᠤ ᠦᠥᠷᠰᠠᠬᠡ ᠲᠠᠭᠠᠵᠣ ᠠᠯᠣᠰᠷᠠᠳᠠᠭ
ᠠᠵᠠ ᠶᠢᠨ ᠬᠡᠢ ᠮᠣᠷᠢ ᠪᠠᠨ ᠰᠡᠷᠬᠥᠬᠡᠬᠥ ᠳᠡᠭᠡᠨ
ᠮᠣᠷᠢᠨ ᠲᠠᠯ ᠳᠡᠭᠡᠨ ᠲᠠᠷᠨᠢ ᠲᠡᠶ
ᠠᠪᠣ ᠶᠢᠨ ᠨᠣᠳᠣᠭ ᠶᠢᠠᠨ ᠦᠮᠴᠢᠯᠡᠬᠥ ᠳᠡᠭᠡᠨ
ᠮᠣᠩᠭ᠋ᠣᠯ ᠴᠢᠰᠣᠨ ᠳᠠᠭᠠᠨ ᠭᠠᠯ ᠲᠡᠶ
ᠵᠠᠭᠣᠨ ᠵᠠᠭᠣᠨ ᠤ ᠲᠠᠮᠢᠷ ᠡᠴᠡ
ᠰᠥᠯᠳᠡ ᠬᠣᠷᠣᠢ᠌ᠯᠠᠭᠣᠯᠣᠭᠰᠠᠨ ᠵᠠᠶᠠᠭ᠎ᠠ ᠮᠢᠨᠢ
ᠵᠤᠯᠠ ᠰᠠᠷᠠᠨ ᠮᠠᠩᠨᠠᠢ ᠳᠠᠭᠠᠨ
ᠰᠥ᠋ ᠮᠢᠯᠢᠶᠠᠯᠭᠠᠭᠰᠠᠨ ᠵᠢᠷᠭᠠᠯ ᠮᠢᠨᠢ
ᠠᠮᠠᠭᠠᠢ ᠬᠦᠯᠬᠥᠵᠦ
ᠵᠢᠯᠣᠭᠣ ᠬᠠᠠᠳᠠᠷᠣᠭᠰᠠᠨ
ᠵᠤᠭᠰᠣᠭ᠎ᠠ ᠰᠠᠯᠬᠢᠨ ᠤ ᠲᠡᠣᠬᠡ ︱
ᠠᠴᠢᠶ᠎ᠠ ᠬᠦᠳᠥᠯᠵᠦ ᠡᠡᠮᠢᠳᠥᠷᠡᠯ ᠡᠬᠥᠷᠥᠭᠰᠡᠨ
ᠽᠡᠮᠪᠥᠯᠢᠡᠭ ᠤᠨ ᠲᠥᠷᠣᠬᠡ ︱
ᠰᠠᠯᠬᠢ ᠰᠢᠪᠠᠭᠣ ᠬᠣᠶᠠᠷ
ᠨᠡᠷ᠎ᠡ ᠪᠠᠷ ᠨᠢ ᠲᠠᠭᠣᠳᠠᠬᠣ ᠶᠢ ᠲᠣᠷᠠᠯᠠᠭᠰᠠᠨ
ᠬᠠᠩᠭ᠋ᠠᠢ ᠶᠢᠨ ᠰᠣᠭᠣ ︱ ᠮᠣᠷᠢ ᠮᠢᠨᠢ
ᠰᠠᠷ᠎ᠠ ᠨᠠᠷᠠ ᠬᠣᠶᠠᠷ
ᠬᠡᠷᠡᠯ ᠶᠢᠡᠷ ᠶᠢᠡᠨ ᠣᠬᠢᠶᠠᠵᠣ ᠮᠥᠯᠴᠡᠢᠯᠬᠡᠭ᠍ᠰᠡᠨ
ᠭᠣᠪᠢ ᠶᠢᠨ ᠰᠣᠷ ︱ ᠮᠣᠷᠢ ᠮᠢᠨᠢ
ᠵᠢᠩᠬᠢᠷ ᠤᠨ ᠬᠦᠶᠥᠳᠡᠯ ᠰᠢᠭ᠌ ᠴᠠᠭᠠᠨ ᠰᠢᠭᠣᠷᠭᠠᠨ ᠢ
ᠴᠠᠩᠳᠣᠵᠣ ᠲᠣᠭᠣᠯᠳᠠᠭ ᠠᠷᠭᠣᠮᠠᠭ ᠬᠦᠯᠥᠭ
ᠵᠢᠵᠣᠤ ᠲᠥᠷᠣᠬᠡᠨ ᠤ ᠰᠦᠨᠢ ᠶᠢᠨ ᠴᠢᠮᠡᠬᠡ ᠶᠢ
ᠵᠢᠷᠥᠬᠡᠨ ᠳᠤ ᠬᠦᠷᠬᠡᠳᠡᠭ ᠪᠢᠯᠢᠬᠥᠨ ᠠᠵᠢᠨᠠᠢ
ᠡᠯᠢᠬᠡ ᠨᠢ ᠬᠦᠠᠳᠡᠬᠥᠷᠢ ᠲᠡᠯᠠᠬᠡᠢ ᠶᠢᠨ ᠶᠢᠡᠨ ᠨᠢᠯᠪᠣᠰᠣ ᠶᠢ
ᠲᠠᠯ ᠶᠢᠡᠷ ᠶᠢᠡᠨ ᠠᠷᠴᠢᠭᠰᠠᠨ ᠠᠮᠢᠳᠣ ᠰᠠᠯᠬᠢ
ᠵᠢᠷᠥᠬᠡ ᠨᠢ ᠡᠮᠵᠡᠭ ᠡᠵᠠᠨ ᠤ ᠪᠠᠨ ᠬᠠᠢ᠌ᠷ᠎ᠠ ᠶᠢ
ᠲᠡᠷᠬᠡᠬᠡ ᠪᠠᠷ ᠶᠢᠨ ᠠᠷᠭᠠᠳᠠᠭᠰᠠᠨ ᠬᠦᠯᠥᠭ ᠣᠶᠠᠩᠭ᠎ᠠ
ᠣᠬᠠᠭᠠᠠᠳᠣ ᠮᠣᠷᠢᠨ ᠤ ᠮᠢᠨᠢ ᠬᠦᠶᠥᠳᠡᠯ ᠢ ᠲᠠᠯ᠎ᠠ ᠶᠢᠨ ᠰᠠᠯᠬᠢ ᠲᠠᠭᠠᠨ᠎ᠠ
ᠠᠭᠣᠵᠢᠮᠬᠠᠨ ᠲᠡᠯᠠᠬᠡᠢ ᠳᠤ ᠲᠡᠬᠡᠬᠥᠯᠡᠷ ᠮᠣᠩᠭ᠋ᠣᠯ ᠤᠨ ᠬᠢᠵᠠᠭᠠᠷ ᠴᠠᠯᠠᠢ᠌ᠨᠠ
ᠣᠷᠭ᠎ᠠ ᠲᠡᠶ ᠬᠦᠮᠥᠨ ᠤ ᠰᠡᠬᠥᠳᠡᠷ ᠠᠽᠢᠶ᠎ᠠ ᠶᠢᠨ ᠡᠯᠢᠬᠡᠨ ᠳᠤ ᠲᠣᠷᠣᠢ᠌ᠵᠣ
ᠣᠨᠠᠭᠠᠨ ᠬᠣᠩᠭ᠋ᠣᠷ ᠬᠦᠯᠥᠭ ᠲᠡᠶ ᠪᠠᠨ ᠡᠨᠡᠬᠥᠬᠡᠨ ᠽᠡᠮᠪᠥᠯᠢᠡᠭ ᠳᠤ ᠬᠢᠯᠠᠯᠵᠠᠨ᠎ᠠ
ᠵᠤᠬᠢᠶᠠᠭᠴᠢ ᠶᠢᠨ ᠬᠠᠶᠢᠭ᠄ ᠰᠢᠯᠢ ᠶᠢᠨ ᠭᠣᠣᠯ ᠠᠢ᠌ᠮᠠᠭ ᠤᠨ ᠪᠠᠷᠠᠭᠣᠨ ᠦᠵᠥᠮᠣᠴᠢᠨ ᠬᠣᠰᠢᠭᠣᠨ ᠤ ᠪᠡᠶᠡᠨᠬᠣᠧᠨ ᠪᠠᠯᠭᠠᠰᠣ ᠶᠢᠨ ᠵᠠᠰᠠᠭ ᠤᠨ ᠣᠷᠳᠣᠨ
ᠵᠤᠬᠢᠶᠠᠭᠴᠢ᠄ ᠰ᠂ᠨᠠᠷᠠᠨᠭᠡᠷᠡᠯ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄ 《
ᠦᠨᠢᠷ ᠴᠡᠴᠡᠭ 》
ᠳᠠᠷᠤᠮ᠄ 9455
ᠴᠠᠭ᠄ 2009 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ