☆ ᠡ᠊·ᠤᠷᠬᠢᠯ
ᠭᠤᠷᠪᠠᠨ ᠮᠦᠷᠳᠤ ᠨᠤᠬᠦᠳ
ᠭᠣᠷᠪᠠᠨ ᠡᠳᠣᠷ ᠤᠨ ᠪᠣᠷᠣᠭ᠎ᠠ
ᠭᠣᠨᠢᠭ ᠡᠴᠡ ᠮᠢᠨᠢ
ᠭᠣᠷᠪᠠᠨ ᠲᠣᠰᠣᠯ ᠲᠣᠳᠠᠭᠣ᠃
ᠡᠬᠥᠳᠡ ᠪᠠᠨ ᠰᠡᠮᠠᠬᠡᠷᠬᠡᠨ ᠣᠩᠭ᠋ᠣᠢ᠌ᠯᠭᠠᠵᠣ
ᠦᠪᠡᠷ ᠢ ᠪᠠᠨ ᠪᠠᠰᠠ ᠨᠢᠬᠡ ᠬᠠᠭᠣᠷᠣᠯᠠ
ᠴᠢᠨᠣ ᠵᠢᠷᠣᠭ ᠰᠢᠷᠡᠬᠡᠨ ᠲᠡᠬᠡᠷ᠎ᠡ ᠡᠢᠨᠢᠶᠡᠭ᠍ᠰᠡᠨ ᠴᠤ ᠦᠭᠡᠶ᠃
ᠪᠠᠭᠣᠴᠠᠨ ᠲᠡᠬᠡᠷ᠎ᠡ ᠡᠴᠡ ᠮᠢᠨᠢ
ᠰᠢᠷᠭᠣᠯᠵᠢ ᠪᠠᠰᠠ ᠨᠡᠬᠥᠨ᠎ᠡ
ᠲᠣᠰᠣᠨ ᠤ ᠬᠣᠳᠳᠣᠭ ᠯᠠ ᠲᠣᠬᠢᠯᠵᠠᠨᠠ᠃
ᠡᠷᠳᠡᠨᠢᠸᠴᠢᠷ ᠵᠤᠳᠣᠭ ᠲᠠᠢ᠌ᠯᠣᠭᠰᠠᠨ ᠵᠤᠨ
ᠨᠠᠭᠠᠳᠣᠮ ᠤᠨ ᠴᠢᠮᠡᠬᠡ ᠣᠯᠳᠠᠭᠰᠠᠨ ᠦᠭᠡᠶ
ᠪᠢ ᠮᠣᠷᠢᠨ ᠤ ᠵᠢᠷᠣᠭ ᠴᠣᠭᠯᠠᠭᠣᠯᠣᠨ᠎ᠠ᠃
ᠪᠡᠳᠥᠮᠦ᠋ᠩᠬᠡ ᠱᠠᠭ᠎ᠠ ᠶᠢ
ᠲᠠᠬᠢᠭᠠᠳ ᠭᠣᠷᠪᠠᠠᠳᠠ ᠣᠷᠬᠢᠪᠠ
ᠣᠯᠣᠰᠪᠣᠯᠣᠳ ᠬᠣᠣᠷᠯᠠᠭᠳᠠᠵᠠᠢ᠃
ᠰᠠᠷ᠎ᠠ ᠠᠳᠠᠯᠢ ᠨᠢᠴᠥᠬᠥᠨ᠂ ᠮᠥᠷᠡᠨ ᠠᠳᠠᠯᠢ ᠲᠥᠯᠬᠡᠬᠡᠨ
ᠲᠠᠷᠠ ᠵᠢᠷᠭᠠᠯ ᠬᠡᠵᠢᠶ᠎ᠡ ᠢᠷᠡᠬᠥ ᠪᠣᠯ︖
ᠰᠠᠯᠬᠢ ᠡᠷᠬᠢᠬᠥ ᠦᠭᠡᠶ ᠯᠠ ᠪᠠᠢ᠌ᠨ᠎ᠠ᠃
ᠴᠢᠮ᠎ᠠ ᠳᠤ ᠬᠠᠳᠠᠭᠠᠯᠠᠭᠰᠠᠨ
ᠭᠣᠷᠪᠠᠨ ᠠᠯᠢᠮ᠎ᠠ
ᠨᠠᠮᠢ᠋ᠢ ᠬᠠᠷᠠᠭᠠᠳ ᠦᠷᠴᠢᠢᠨᠡ᠃
ᠴᠠᠭ ᠢ ᠬᠣᠪ ᠬᠣᠭᠣᠰᠣᠨ ᠥᠩᠬᠡᠷᠡᠬᠥᠯᠬᠥ
ᠬᠦᠮᠥᠨ ᠤ ᠪᠠᠭᠣᠤ ᠳᠤ
ᠴᠠᠭ ᠬᠣᠪ ᠬᠣᠭᠣᠰᠣᠨ ᠬᠢᠩᠬᠢᠨᠠᠨᠠ᠃
ᠴᠢᠮᠢ᠋ᠢ ᠣᠬᠢᠯᠠᠭᠣᠯᠣᠭᠰᠠᠨ
ᠵᠦᠷᠢᠭᠦᠳ ᠵᠠᠡᠭ ᠶᠢᠠᠨ
ᠴᠠᠭ ᠤᠨ ᠵᠠᠬᠥᠤ ᠲᠡᠬᠡᠷ᠎ᠡ ᠡᠯᠬᠥᠵᠦ ᠬᠠᠳᠠᠭᠠᠪᠠ᠃
ᠬᠦᠮᠥᠨ ᠴᠢᠯᠠᠭᠣ ᠮᠢᠨᠢ
ᠴᠠᠪᠠ ᠲᠡᠶ ᠬᠠᠰ ᠡᠴᠡ ᠢᠯᠡᠬᠥᠤ
ᠴᠢᠮᠢ᠋ᠢ ᠪᠢ ᠬᠦᠮᠥᠨ ᠡᠴᠡ ᠨᠢᠭᠣᠨᠠ᠃
ᠲᠡᠬᠡᠲᠦ ᠨᠠᠢ᠌ᠰᠯᠠᠯ ᠤᠨ ᠪᠠᠭᠣᠷᠢ ᠲᠡᠬᠡᠷ᠎ᠡ
ᠠᠯᠮᠠᠢ᠌ᠷᠠᠭᠰᠠᠨ ᠬᠦᠬᠡ ᠣᠨᠢᠶᠠᠷ ᠬᠦᠪᠥᠨᠡ
ᠠᠷᠭᠠᠳᠠᠭᠠᠳ ᠰᠠᠷᠨᠢᠬᠤ ᠦᠭᠡᠶ ᠪᠣᠳᠣᠯ ᠵᠢᠪᠪᠣᠨᠠ᠃
ᠠᠮᠢᠳᠠᠨ ᠤ ᠬᠦᠷᠢᠶᠡᠯᠡᠨᠭ᠌ ᠡᠴᠡ ᠬᠠᠷᠢᠯ᠎ᠠ
ᠬᠦᠮᠥᠨ ᠲᠥᠷᠢᠳᠡᠨ ᠨᠣᠭᠦᠳ ᠲᠡᠶ ᠪᠠᠢ᠌ᠬᠣ ᠨᠢ
ᠶᠠᠮᠠᠷ ᠴᠤ ᠣᠣᠠᠬ᠎ᠠ ᠦᠭᠡᠶ ᠰᠠᠨᠠᠭᠳᠠᠯ᠎ᠠ᠃
ᠵᠤᠬᠢᠶᠠᠭᠴᠢ ᠶᠢᠨ ᠬᠠᠶᠢᠭ᠄ ᠬᠦᠬᠡᠬᠣᠳᠡ ᠶᠢᠨ ᠶᠢᠨ ᠴᠢᠶᠣᠤ ᠨᠡᠬᠡᠬᠡᠯᠳᠡ ᠶᠢᠨ ᠲᠣᠭᠣᠷᠢᠭ ᠤᠨ ᠦᠪᠥᠷ ᠮᠣᠩᠭ᠋ᠣᠯ ᠤᠨ ᠡᠳᠣᠷ ᠤᠨ ᠰᠣᠨᠢᠨ ᠤ ᠬᠣᠷᠢᠶᠠᠨ ᠤ ᠠᠰᠠᠷ ᠤᠨ 8 ᠳ᠋ᠣᠭᠠᠷ ᠲᠠᠪᠬᠣᠷᠭ᠎ᠠ
ᠵᠤᠬᠢᠶᠠᠭᠴᠢ᠄ ᠡ᠊·ᠤᠷᠬᠢᠯ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《
ᠦᠨᠢᠷ ᠴᠡᠴᠡᠭ 》
ᠳᠠᠷᠤᠮ᠄ 9629
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ