ᠨᠡᠪᠲᠡᠷᠡᠨ ᠤᠷᠤᠬᠤ
ᠵᠡᠯᠮ᠎ᠡ ᠬᠠᠷ᠎ᠠ ᠮᠤᠷᠢᠨ

(ᠬᠦᠷᠡᠯ ᠤᠳᠤᠨ ᠱᠠᠩᠨᠠᠯᠳᠤ)


ᠵᠠᠮᠣᠬ᠎ᠠ ᠴᠢᠩᠬᠢᠰ ᠬᠣᠶᠠᠷ ᠤᠨ ᠨᠠᠭᠠᠳᠴᠣ ᠦᠰᠥᠭᠰᠡᠨ ᠨᠣᠳᠣᠭ

ᠵᠠᠪᠠ ᠰᠦᠪᠡᠬᠡᠳᠡᠢ ᠬᠣᠶᠠᠷ ᠤᠨ ᠪᠠᠢ᠌ᠯᠳᠣᠵᠣ ᠶᠠᠪᠣᠭᠰᠠᠨ ᠭᠠᠵᠠᠷ

ᠵᠠᠮᠢᠶᠠᠠᠮᠢᠳᠣᠭ ᠴᠡᠴᠡᠭ ᠤᠨ ᠣᠷᠭᠣᠵᠣ ᠪᠠᠢ᠌ᠳᠠᠭ ᠦᠨᠳᠥᠷ ᠲᠤ

ᠵᠠᠯᠮ᠎ᠠ ᠬᠠᠷ᠎ᠠ ᠮᠣᠷᠢᠨ ᠤ ᠠᠯᠳᠠᠨ ᠲᠣᠭᠣᠷᠠᠢ ᠶᠢᠨ ᠲᠠᠮᠠᠭ᠎ᠠ ᠪᠣᠢ


ᠵᠠᠭᠠᠷ ᠽᠠᠠᠳᠠᠨ ᠬᠣᠶᠠᠷ ᠤᠨ ᠣᠷᠭᠣᠵᠣ ᠪᠠᠢ᠌ᠳᠠᠭ ᠣᠷᠣᠨ

ᠵᠢᠭᠠᠰᠣ ᠰᠢᠪᠠᠭᠣ ᠬᠣᠶᠠᠷ ᠤᠨ ᠴᠠᠩᠬᠡᠵᠦ ᠶᠠᠪᠣᠳᠠᠭ ᠣᠰᠣᠨ

ᠵᠠᠪᠠᠭ ᠨᠠᠪᠳᠠᠯᠣᠨ ᠨᠠᠷᠠᠨ ᠡᠬᠡᠬᠡᠵᠦ ᠯᠠ ᠪᠠᠢ᠌ᠳᠠᠭ ᠭᠠᠵᠠᠷ ᠲᠤ

ᠵᠠᠯᠮ᠎ᠠ ᠬᠠᠷ᠎ᠠ ᠮᠣᠷᠢᠨ ᠤ ᠵᠠᠳᠠᠭᠠᠢ ᠬᠦᠯᠥᠰᠥᠨ ᠤ ᠦᠨᠥᠷ ᠪᠣᠢ


ᠲᠡᠭ᠍ᠷᠢ ᠭᠠᠵᠠᠷ ᠬᠣᠶᠠᠷ ᠤᠨ ᠡᠪᠯᠠᠵᠣ ᠨᠡᠢᠯᠡᠭ᠍ᠰᠡᠨ ᠡᠥᠷᠴᠢᠯᠡᠨᠭ᠌

ᠲᠠᠮᠣᠵᠢᠨ ᠪᠡᠭ᠍ᠳᠡᠷ ᠬᠣᠶᠠᠷ ᠤᠨ ᠡᠠᠳᠠᠵᠣ ᠶᠠᠪᠣᠭᠰᠠᠨ ᠲᠡᠪᠢᠯᠡᠨᠭ᠌

ᠲᠡᠭ᠍ᠷᠢ ᠲᠣᠭᠣᠴᠢᠨ ᠭᠠᠵᠠᠷ ᠲᠤ ᠨᠢᠰᠴᠣ ᠢᠷᠡᠭ᠍ᠰᠡᠨ ᠬᠦᠯᠥᠭ

ᠲᠠᠯᠠᠮᠠᠨ ᠲᠠᠯᠠᠮᠠᠨ ᠬᠦᠶᠥᠳᠡᠯ ᠲᠡᠶ ᠵᠠᠯᠮ᠎ᠠ ᠬᠠᠷ᠎ᠠ ᠮᠣᠷᠢ


ᠨᠠᠷᠠᠨ ᠰᠠᠷᠠᠨ ᠬᠣᠶᠠᠷ ᠤᠨ ᠡᠬᠡᠯᠵᠢᠯᠡᠵᠦ ᠲᠣᠭᠳᠠᠭᠰᠠᠨ ᠡᠥᠷᠴᠢᠯᠡᠨᠭ᠌

ᠨᠠᠰᠣᠨ ᠴᠢᠰᠣᠨ ᠬᠣᠶᠠᠷ ᠤᠨ ᠡᠷᠬᠢᠵᠣ ᠲᠥᠷᠣᠬᠥ ᠶᠢᠨ ᠵᠠᠶᠠᠭ᠎ᠠ

ᠨᠠᠢ᠌ᠷ ᠨᠠᠢ᠌ᠷ ᠤᠨ ᠮᠠᠩᠯᠠᠢ ᠳᠤ ᠠᠢ᠌ᠷᠠᠭ ᠲᠤ ᠪᠣᠯᠭᠠᠬᠣ ᠵᠤᠯᠠᠢ

ᠨᠠᠷᠢᠨ ᠬᠣᠩᠭ᠋ᠣᠷ ᠲᠠᠯ ᠲᠡᠶ ᠵᠠᠯᠮ᠎ᠠ ᠬᠠᠷ᠎ᠠ ᠮᠣᠷᠢ


ᠨᠠᠴᠢᠨ ᠱᠣᠩᠬᠣᠷ ᠬᠣᠶᠠᠷ ᠤᠨ ᠲᠠᠪᠢᠵᠣ ᠲᠡᠬᠥᠯᠢᠭ᠍ᠰᠡᠨ ᠲᠡᠭ᠍ᠷᠢ

ᠨᠠᠰᠣ ᠨᠠᠰᠣᠨ ᠤ ᠮᠣᠷᠢᠳ ᠶᠢᠠᠨ ᠲᠠᠯᠪᠢᠵᠣ ᠲᠠᠳᠠᠭᠰᠠᠨ ᠭᠠᠵᠠᠷ

ᠨᠠᠮᠣᠷ ᠬᠠᠪᠣᠷ ᠤᠨ ᠰᠢᠪᠠᠭᠣᠳ ᠤᠨ ᠢᠷᠠᠵᠣ ᠪᠣᠴᠠᠭᠰᠠᠨ ᠦᠯᠣᠬᠡᠢ

ᠨᠠᠮᠣᠭᠣᠬᠠᠨ ᠴᠢᠬᠢᠷᠠᠭ ᠮᠣᠷᠢᠳ ᠤᠨ ᠣᠳᠣᠮ ᠪᠣᠯᠣᠭᠰᠠᠨ ᠠᠵᠢᠨᠠᠢ᠃


ᠵᠤᠬᠢᠶᠠᠭᠴᠢ ᠶᠢᠨ ᠬᠠᠶ‍ᠢᠭ᠄ ᠠᠪᠠᠭ᠎ᠠ ᠬᠣᠰᠢᠭᠣᠨ ᠤ ᠨᠠᠷᠠᠠᠪᠣᠯᠠᠭ ᠰᠣᠮᠣᠨ ᠤ ᠵᠢᠷᠭᠠᠯᠠᠩᠳᠣ ᠭᠠᠴᠠᠭ᠎ᠠ

ᠵᠤᠬᠢᠶᠠᠭᠴᠢ᠄ ᠠ᠊·ᠬᠦᠷᠡᠯ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 8409
ᠴᠠᠭ᠄ 2009 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ