☆ ᠬᠡ᠊·ᠰᠢᠷᠠᠬᠦ᠋ᠦ
ᠭᠤᠪᠢ ᠶᠢᠨ ᠵᠢᠷᠤᠭ
ᠲᠡᠭ᠍ᠷᠢ ᠰᠢᠬᠥᠷᠡᠭ᠍ᠰᠡᠨ ᠠᠯᠠᠭ ᠠᠭᠣᠯᠠ ᠶᠢᠨ ᠬᠣᠷᠮᠣᠢ ᠡᠴᠡ
ᠲᠡᠮᠠᠬᠡ ᠲᠡᠰᠢᠭ᠍ᠰᠡᠨ ᠠᠯᠠᠱᠠ ᠨᠣᠳᠣᠭ ᠤᠨ ᠭᠣᠪᠢ ᠡᠴᠡ
ᠪᠢ ᠢᠷᠠᠯ᠎ᠠ᠂ ᠪᠢ ᠢᠷᠠᠯ᠎ᠠ᠂
ᠪᠡᠯᠴᠢᠬᠡᠷ ᠤᠨ ᠨᠢᠬᠡᠨ ᠰᠢᠪᠠᠭᠣ ᠪᠣᠯᠣᠨ ᠨᠢᠰᠦᠬᠡᠥᠨ ᠢᠷᠠᠯ᠎ᠠ︕
ᠲᠠ ᠨᠡᠷ ᠶᠡᠬᠡ ᠭᠣᠪᠢ ᠳᠤ ᠠᠶᠠᠯᠠᠵᠣ ᠥᠩᠬᠡᠷᠡᠭ᠍ᠰᠡᠨ ᠦᠦ︖
ᠲᠠᠩᠨᠠᠢ ᠶᠢᠨ ᠡᠷᠢᠶ᠎ᠠ ᠰᠢᠭ᠌ ᠡᠯᠠᠰᠣᠨ ᠴᠣᠬᠢᠶᠠᠳ ᠢ ᠪᠠᠷᠠᠯᠠᠵᠣ ᠦᠵᠡᠭ᠍ᠰᠡᠨ ᠦᠦ︖
ᠪᠣᠳᠣᠯ ᠠᠯᠳᠠᠮ᠎ᠠ ᠶᠡᠬᠡ ᠭᠣᠪᠢ ᠶᠢᠨ ᠬᠡᠪᠡᠯᠢ ᠬᠡᠵᠦ
ᠰᠠᠳᠬᠢᠯ ᠬᠠᠢ᠌ᠯᠣᠮᠠ ᠭᠣᠪᠢ ᠵᠢᠷᠣᠭ ᠪᠠᠢ᠌ᠳᠠᠭ ᠶᠣᠮ᠃
ᠪᠣᠭᠣᠷᠣᠯ ᠰᠠᠷᠢᠳᠠᠭ ᠤᠨ ᠴᠠᠰᠣ ᠬᠠᠢ᠌ᠯᠬᠣ ᠳᠤ
ᠪᠣᠮᠠᠨ ᠠᠮᠢᠳᠠᠨ ᠤ ᠰᠠᠨᠠᠭ᠎ᠠ ᠠᠭᠣᠰᠳᠠᠭ ᠶᠣᠮ᠃
ᠪᠣᠴᠠᠭᠰᠠᠨ ᠠᠩᠬᠢᠷ ᠰᠢᠪᠠᠭᠣᠳ ᠤᠨ ᠬᠠᠪᠣᠷ ᠤᠨ ᠣᠷᠢᠨ ᠬᠣᠷ᠎ᠠ ᠲᠡᠶ
ᠪᠣᠣᠷ᠎ᠠ ᠲᠠᠴᠢᠬᠢᠨᠠᠨ ᠬᠦᠷᠬᠢᠷᠡᠭ᠍ᠰᠡᠨ ᠡᠪᠣᠯ ᠤᠨ ᠬᠦᠢᠳᠡᠨ ᠰᠦᠷ ᠲᠡᠶ᠃
ᠴᠠᠯᠠᠭᠠᠷ ᠶᠡᠬᠡ ᠭᠣᠪᠢ ᠳᠤ ᠵᠠᠭᠣᠨ ᠠᠮᠢᠳᠠᠨ ᠬᠥᠭ᠍ᠵᠢᠯᠳᠥᠨ
ᠴᠠᠩᠳᠣᠵᠣ ᠡᠪᠣᠯᠵᠢᠭ᠍ᠰᠠᠨ ᠲᠠᠯ᠎ᠠ ᠵᠢᠷᠣᠭ ᠤᠨ ᠬᠡ ᠰᠢᠭ᠌ ᠰᠣᠯᠣᠩᠭ᠋ᠠᠷᠠᠨᠠ᠃
ᠴᠠᠩᠬᠡᠷ ᠲᠣᠯᠣᠭᠠᠳ ᠤᠨ ᠲᠣᠮᠳᠠᠭᠣᠷ ᠵᠦᠰᠥᠨ ᠰᠥᠯᠵᠢᠯᠳᠥᠭᠰᠡᠨ ᠭᠠᠩᠭ᠎ᠠ ᠨᠣᠭᠣᠳ ᠶᠢᠠᠷ
ᠴᠡᠮᠴᠡᠬᠡᠷ ᠶᠠᠭᠠᠨ ᠥᠩᠬᠡᠳᠡᠢ ᠬᠦᠢᠯᠡᠰᠥᠨ ᠴᠡᠴᠡᠭ ᠪᠠᠳᠮᠠᠯᠠᠨ
ᠴᠢᠬᠢᠷᠡᠭ᠍ᠰᠡᠨ ᠵᠠᠬᠡᠷ᠎ᠡ ᠲᠣᠭᠯᠠᠭᠰᠠᠨ ᠵᠦᠬᠡᠯᠡᠨ ᠰᠠᠢ᠌ᠷ ᠤᠨ ᠬᠦᠪᠡᠬᠡ ᠪᠠᠷ
ᠴᠢᠨᠳᠠᠮᠣᠨᠢ ᠡᠷᠳᠠᠨᠢ ᠶᠢᠨ ᠬᠡᠯᠬᠢᠢ᠎ᠡ ᠰᠢᠭ᠌ ᠲᠣᠷᠯᠣᠭ ᠤᠨ ᠵᠠᠮᠪᠠᠭ᠎ᠠ ᠮᠣᠠᠴᠣᠭᠯᠠᠨ
ᠨᠡᠯᠣᠬᠡᠷ ᠠᠭᠣᠳᠠᠮ ᠭᠣᠪᠢ ᠮᠢᠨᠢ ᠶᠠᠩᠵᠣ ᠶᠢᠨ ᠰᠠᠢ᠌ᠬᠠᠨ ᠪᠠᠢ᠌ᠳᠠᠭ ᠶᠣᠮ
ᠨᠡᠬᠡᠷᠡᠨ ᠲᠡᠰᠬᠥ ᠶᠢᠨ ᠠᠷᠭ᠎ᠠ ᠦᠭᠡᠶ ᠰᠠᠨᠠᠭ᠎ᠠ ᠠᠯᠳᠠᠮ᠎ᠠ ᠨᠠᠯᠠᠢ᠌ᠳᠠᠭ ᠶᠣᠮ᠃
ᠲᠣᠯᠣᠭᠠᠳ ᠤᠨ ᠡᠩᠬᠡᠷ ᠤᠨ ᠵᠠᠷᠬᠡᠯᠬᠡᠨ ᠲᠣᠮᠳᠠ ᠣᠶᠠᠬᠠᠨ ᠪᠣᠢ᠌ᠯᠠᠭ᠎ᠠ ᠡᠬᠡᠰᠢᠭ᠍ᠯᠠᠵᠦ
ᠲᠣᠷᠮᠣᠭᠣᠷ ᠬᠦᠬᠡᠷᠥᠬᠥᠨ ᠪᠣᠳᠣᠭᠣᠳ ᠣᠶᠠᠭᠠᠨ ᠲᠡᠬᠡᠷ᠎ᠡ ᠪᠠᠨ ᠲᠣᠭᠯᠠᠨ
ᠢᠩᠬᠡᠨ ᠤ ᠠᠩᠬᠢᠷ ᠣᠭᠣᠷᠠᠭ ᠪᠣᠳᠣᠭᠣᠨ ᠤ ᠵᠠᠪᠠᠵᠢ ᠪᠠᠷ ᠲᠣᠰᠣᠯᠠᠨ
ᠡᠵᠢ ᠶᠢᠨ ᠲᠣᠷᠭᠠᠨ ᠬᠣᠷᠮᠣᠢ ᠡᠴᠡ ᠰᠠᠭᠠᠯᠢ ᠶᠢᠨ ᠦᠨᠥᠷ ᠬᠠᠩᠬᠣᠯᠣᠨᠠ᠃
ᠣᠯᠠᠨ ᠴᠣᠬᠢᠶ᠎ᠠ ᠡᠯᠠᠰᠣ ᠪᠠᠶ᠎ᠠ ᠪᠠᠶ᠎ᠠ ᠪᠠᠨ ᠰᠡᠬᠥᠳᠡᠷᠯᠡᠨ
ᠣᠷᠣᠭᠰᠠᠨ ᠪᠣᠣᠷ᠎ᠠ ᠶᠢᠨ ᠬᠦᠬᠡᠰᠥᠨ ᠴᠠᠭᠠᠨ ᠲᠣᠯᠣᠭᠠᠢ᠂
ᠣᠳᠣᠨ ᠴᠤᠬᠤᠷ᠂ ᠬᠦᠬᠡᠷᠥᠬᠥᠨ ᠠᠯᠠᠭ ᠲᠣᠭᠣᠯ᠃
ᠬᠠᠨᠠᠷᠠᠨ ᠨᠠᠢ᠌ᠭᠣᠬᠣ ᠬᠣᠯᠣᠰᠣ ᠢᠷᠡᠬᠥ ᠦᠶᠡᠷ ᠰᠢᠭ᠌ ᠱᠣᠣᠬᠢᠨ
ᠬᠠᠷᠮᠠᠭ ᠤᠨ ᠣᠯᠠᠭᠠᠨ ᠪᠣᠷᠴᠠᠭ ᠢᠰᠥᠭᠰᠡᠨ ᠠᠢ᠌ᠷᠠᠭ ᠰᠢᠭ ᠰᠠᠭᠠᠨ᠎ᠠ᠃
ᠠᠳᠠᠨ ᠲᠡᠮᠠᠬᠡᠥᠨ ᠤᠨ ᠬᠣᠮ ᠲᠡᠶ ᠵᠤ᠋ ᠳᠤ ᠵᠠᠯᠬᠠᠭᠣ ᠨᠠᠷᠠᠨ ᠰᠢᠩᠬᠡᠨ
ᠠᠷᠭᠠᠯ ᠤᠨ ᠴᠠᠩᠬᠡᠷ ᠣᠭᠠᠯᠵᠠ ᠣᠳᠣᠭ᠎ᠠ ᠡᠬᠥᠯᠡᠰ ᠤᠨ ᠰᠡᠬᠥᠯ ᠢ ᠬᠦᠯᠬᠥᠨᠡ᠃
ᠣᠯᠠᠨ ᠮᠠᠯ ᠤᠨ ᠬᠦᠯ ᠤᠨ ᠲᠣᠭᠣᠰᠣ ᠲᠡᠭ᠍ᠷᠢ ᠶᠢᠨ ᠬᠠᠶᠠᠭᠠᠨ ᠳᠤ ᠨᠡᠬᠥᠬᠡᠯᠳᠥᠨ
ᠣᠷᠣᠭ ᠴᠠᠮᠪᠠᠨ ᠬᠦᠰᠢᠬᠡ ᠲᠡᠶ ᠪᠠᠶᠠᠨ ᠠᠢ᠌ᠯ ᠤᠨ ᠬᠣᠢ᠌ᠮᠣᠷ᠃
ᠭᠣᠪᠢ ᠶᠢᠨ ᠠᠮᠤᠭᠤᠯᠠᠩ ᠦᠳᠡᠰᠢ ᠬᠡᠣᠬᠡᠥᠨ ᠤᠨ ᠵᠠᠬᠥᠲᠦ ᠰᠠᠢ᠌ᠬᠠᠨ
ᠭᠣᠶᠣᠬᠠᠨ ᠶᠠᠩᠵᠣ ᠶᠢᠨ ᠵᠢᠷᠣᠭ ᠲᠤ ᠰᠦᠨᠢᠵᠢᠨ ᠰᠣᠭᠳᠣᠭᠣᠷᠠᠵᠣ ᠲᠣᠭᠵᠢᠷᠠᠨᠠ᠃
ᠵᠠᠪᠢᠯᠠᠭ᠎ᠠ ᠪᠣᠷᠬᠠᠨ ᠨᠠᠮᠰᠠᠷᠠᠢ ᠵᠠᠯᠠᠷᠠᠵᠣ ᠪᠠᠭᠣᠵᠣ ᠦᠵᠡᠭ᠍ᠳᠡᠨ᠎ᠡ᠂
ᠵᠠᠭ ᠤᠨ ᠲᠣᠮᠳᠠ ᠠᠯᠬᠣᠯᠠᠳᠠᠭ ᠮᠠᠢ᠌ᠭ᠎ᠠ ᠬᠦᠯ ᠲᠡᠶ ᠠᠪᠣ ᠮᠢᠨᠢ ᠪᠠᠢ᠌ᠨ᠎ᠠ
ᠬᠣᠮᠰᠢᠮ ᠪᠣᠳᠢᠰᠳ᠋ᠸᠠ ᠰᠢᠲᠦᠬᠡᠨ ᠬᠣᠳᠠᠨ ᠲᠣᠮᠳᠠ ᠠᠯᠬᠣᠯᠠᠨ᠎ᠠ᠂
ᠬᠣᠪᠢᠡᠭ ᠲᠣᠬᠣᠢ ᠳᠠᠭᠠᠨ ᠡᠯᠬᠥᠭ᠍ᠰᠡᠨ ᠮᠣᠢ᠌ᠨᠣᠭ ᠬᠣᠷᠣᠭᠣ ᠲᠡᠶ ᠡᠵᠢ ᠮᠢᠨᠢ ᠪᠠᠢ᠌ᠨ᠎ᠠ᠃
《 ᠪᠣᠰ ᠳ᠋ᠠ᠂ ᠪᠣᠰ ᠬᠦᠤ ᠮᠢᠨᠢ︕ ᠪᠣᠳᠣᠭᠣ ᠪᠡᠯᠴᠢᠬᠡᠬᠥ ᠪᠣᠯᠵᠠᠢ 》 ᠬᠡᠬᠥ
ᠪᠣᠷᠬᠠᠨ ᠡᠵᠢ ᠶᠢᠨ ᠣᠶᠠᠬᠠᠨ ᠣᠷᠢᠶᠠᠨ ᠳᠤ ᠪᠣᠷᠵᠢᠭᠠᠷ ᠰᠢᠷᠡᠬᠥ᠋ᠤ ᠬᠠᠷᠠᠢ᠌ᠨ ᠭᠠᠷᠣᠨ᠎ᠠ᠃
ᠮᠦᠩᠬᠡ ᠪᠠᠢ᠌ᠭᠠᠯᠢ ᠶᠢᠨ ᠡᠴᠢᠬᠡ ︱ ᠨᠠᠷᠠ ᠲᠣᠯᠠᠢ᠌ᠨ ᠮᠠᠠᠳᠣᠵᠠᠢ᠂
ᠮᠥᠷᠣᠬᠡᠳᠥᠯ ᠤᠨ ᠭᠣᠪᠢ ᠳᠤ ᠬᠣᠷᠭᠣᠳᠠᠭᠰᠠᠨ ᠪᠢᠵᠠ᠂ ᠰᠠᠷ᠎ᠠ ᠬᠡᠬᠡᠷ᠎ᠡ ᠬᠣᠨᠣᠵᠠᠢ᠃
ᠭᠣᠷᠪᠠᠨ ᠡᠳᠣᠷ ᠵᠠᠬᠥᠨ ᠡᠴᠡ ᠵᠦᠬᠡᠯᠡᠨ ᠰᠠᠯᠬᠢ ᠰᠡᠪᠡᠯᠵᠡᠬᠡᠥᠨ
ᠭᠣᠨᠠᠨ ᠪᠣᠯᠠᠭ᠎ᠠ ᠶᠢᠨ ᠰᠣᠷ ᠰᠢᠭ ᠵᠦᠰᠡᠷ ᠪᠣᠷᠣᠭᠠᠨ ᠴᠠᠩᠬᠡᠷᠯᠡᠨᠡ
ᠬᠣᠷ᠎ᠠ ᠶᠢᠨ ᠲᠠᠷᠠᠭᠠᠬᠢ ᠬᠣᠩᠭ᠋ᠣᠷ ᠭᠣᠪᠢ ᠡᠳᠣᠷ ᠡᠴᠡ ᠡᠳᠣᠷ ᠥᠩᠬᠡᠵᠢᠨ
ᠬᠣᠷᠢᠮ ᠳᠠᠭᠠᠨ ᠮᠣᠷᠳᠠᠬᠣ ᠰᠢᠨ᠎ᠠ ᠪᠠᠷᠢ ᠰᠢᠭ᠌ ᠦᠵᠡᠰᠬᠥᠯᠡᠨᠭ᠌ ᠭᠣᠸ᠎ᠠ ᠪᠦᠷᠢᠳᠦᠨᠠ
ᠬᠦᠮᠥᠨ ᠪᠠᠢ᠌ᠭᠠᠯᠢ ᠨᠢ ᠵᠤᠬᠢᠴᠠᠭᠰᠠᠨ ᠮᠢᠨᠣ ᠭᠣᠪᠢ ᠨᠣᠳᠣᠭ
ᠬᠦᠷᠥᠰᠣᠲᠦ ᠠᠯᠠᠭ ᠲᠡᠯᠠᠬᠡᠢ ᠶᠢᠨ ᠬᠠᠮᠣᠭ ᠴᠢᠯᠦᠬᠡᠲᠦ ᠣᠷᠣᠨ᠂
ᠬᠦᠨᠥᠭ ᠬᠣᠭᠣᠰᠣᠷᠠᠵᠣ᠂ ᠮᠠᠨᠢ ᠲᠠᠰᠣᠷᠠᠳᠠᠭ ᠦᠭᠡᠶ ᠪᠣᠷᠬᠠᠨ ᠪᠣᠮᠪᠠ ᠶᠢᠨ ᠨᠣᠳᠣᠭ
ᠬᠦᠮᠥᠨ ᠠᠮᠢᠳᠠᠨ ᠤ ᠦᠷ᠎ᠡ ᠪᠣᠯᠣᠭᠰᠠᠳ ᠵᠠᠪᠠᠯ ᠣᠴᠢᠮᠠᠷ ᠭᠠᠵᠠᠷ᠃
ᠭᠣᠪᠢ ᠶᠢᠨ ᠮᠢᠩᠭ᠋ᠠᠨ ᠬᠦᠢᠰᠦᠳᠡᠨ ᠬᠡᠵᠦ ᠭᠣᠯᠢᠶ᠎ᠠ ᠨᠢ ᠴᠤ ᠬᠦᠷᠳᠡᠯ᠎ᠡ ᠲᠠᠭᠣᠴᠢᠨ᠂
ᠭᠣᠶᠣᠤ᠂ ᠰᠣᠵᠦᠡᠭ᠂ ᠬᠦᠮᠡᠯᠢ ᠶᠢᠨ ᠰᠢᠷᠬᠡᠭ᠌ ᠪᠦᠬᠥᠳᠡ ᠨᠢ ᠰᠢᠮ᠎ᠠ᠃
ᠴᠢᠩᠬᠢᠰ ᠴᠢᠩᠬᠢᠰ ᠵᠢᠷᠬᠢᠬᠥ ᠬᠣᠯᠠᠨ ᠵᠢᠷᠣᠭ᠎ᠠ ᠨᠢ ᠮᠠᠠᠳᠣ ᠲᠡᠶ
ᠴᠢᠰ ᠴᠢᠰ ᠬᠣᠰᠬᠢᠷᠠᠬᠣ ᠬᠣᠯᠣᠭᠠᠨ᠎ᠠ ᠵᠤᠷᠠᠮ᠎ᠠ ᠨᠢ ᠴᠤ ᠬᠥᠭ᠌ ᠲᠡᠶ᠃
ᠡᠥᠮᠣᠭᠯᠡᠨᠭ᠌ ᠡᠷ᠎ᠠ ᠶᠢᠨ ᠢᠰᠬᠡᠷᠥᠬᠡᠨ ᠳᠤ ᠬᠣᠷᠮᠣᠢ ᠲᠡᠷᠪᠡᠭ᠍ᠰᠡᠨ ᠰᠠᠯᠬᠢ ᠲᠡᠶ
ᠣᠪᠣᠭᠠᠨ ᠲᠠᠬᠢᠯᠭ᠎ᠠ ᠶᠢᠨ ᠬᠣᠷᠣᠢ᠌ᠯᠭᠠᠨ ᠳᠤ ᠬᠣᠷᠭᠣᠢ ᠨᠠᠮᠢᠷᠠᠭ᠎ᠠ ᠪᠣᠷᠣᠭᠠᠨ ᠲᠡᠶ
ᠰᠠᠢ᠌ᠨ ᠬᠠᠳᠠᠨ ᠡᠷᠠᠰ ᠤᠨ ᠰᠠᠳᠬᠢᠯ ᠣᠶᠠᠷᠠᠮᠠ ᠭᠣᠪᠢ︕
ᠰᠠᠢ᠌ᠬᠠᠨ ᠭᠣᠸ᠎ᠠ ᠦᠬᠢᠥᠨ ᠤᠨ ᠢᠨᠠᠭ ᠠᠯᠳᠠᠷᠠᠮᠠ ᠭᠣᠪᠢ︕
ᠵᠠᠭᠣᠨ ᠲᠥᠷᠥᠯ ᠤᠨ ᠰᠢᠮᠫᠣᠨᠢ ︱ ᠬᠥᠭ᠍ᠵᠢᠮ ᠲᠠᠭᠣᠷᠢᠰᠣᠭᠰᠠᠨ ᠭᠣᠪᠢ︕
ᠵᠢᠷᠣᠭ ᠤᠨ ᠰᠠᠢ᠌ᠬᠠᠨ ᠹᠢᠯᠢᠮ ︱ ᠵᠠᠬᠥᠳᠥᠨ ᠤ ᠭᠠᠩᠭ᠋ᠠᠩ ᠭᠣᠪᠢ︕
ᠵᠤᠬᠢᠶᠠᠭᠴᠢ ᠶᠢᠨ ᠬᠠᠶᠢᠭ᠄ ᠠᠯᠠᠱᠠ ᠪᠠᠷᠠᠭᠣᠨ ᠬᠣᠰᠢᠭᠣᠨ ᠤ ᠵᠢᠭᠠᠬᠣ ᠶᠢ ᠰᠣᠳᠣᠯᠬᠣ ᠲᠠᠰᠣᠭ
ᠵᠤᠬᠢᠶᠠᠭᠴᠢ᠄ ᠬᠡ᠊·ᠰᠢᠷᠠᠬᠦ᠋ᠦ
ᠢᠷᠡᠯᠲᠡ᠄ ᠬ·ᠪᠦᠬᠡᠮᠡᠨᠳᠤᠯ᠎ᠠ
ᠬᠠᠷᠢᠶ᠎ᠠ᠄ 《
ᠦᠨᠢᠷ ᠴᠡᠴᠡᠭ 》
ᠳᠠᠷᠤᠮ᠄ 9676
ᠴᠠᠭ᠄ 2009 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ