ᠨᠡᠪᠲᠡᠷᠡᠨ ᠤᠷᠤᠬᠤ
ᠬᠤᠶᠠᠷ ᠭᠤᠵᠤᠩ ᠤᠨ ᠬᠤᠭᠤᠷᠤᠨᠳᠤ (ᠬᠤᠶᠠᠷ)

(ᠦᠷᠬᠦᠯᠵᠢᠯᠠᠯ )

ᠨᠠᠮᠢ᠋ᠢ ᠡᠷ᠎ᠠ ᠬᠦᠮᠥᠨ ᠤ ᠲᠣᠭᠠᠨ ᠡᠴᠡ ᠭᠠᠷᠭᠠᠴᠢᠬ᠎ᠠ᠃ ᠪᠢ ᠪᠣᠯ ᠡᠮ᠎ᠠ ᠶᠢᠨ ᠶᠢᠡᠨ ᠰᠡᠬᠥᠳᠡᠷ ᠲᠣᠣᠷ᠎ᠠ ᠠᠮᠢᠳᠣᠷᠠᠳᠠᠭ ᠬᠦᠮᠥᠨ  ᠤ ᠣᠷᠣᠠᠴᠣᠭ ᠲᠠᠳᠣᠢ ᠶᠣᠮ᠃ ᠬᠣᠰᠣᠳᠣ ᠣᠯᠢᠶᠠᠰᠣᠳᠣ ᠬᠣᠶᠠᠷ ᠭᠣᠵᠦᠡᠭ ᠤᠨ ᠬᠣᠭᠣᠷᠣᠠᠳᠣᠬᠢ ᠪᠠᠭᠣᠴᠠ ᠨᠣᠭᠣᠳ ᠡᠴᠡ ᠬᠡᠷᠡᠯ ᠤᠨ ᠬᠢ ᠬᠠᠮᠢᠭᠠᠭᠣᠷ ᠰᠠᠭᠣᠵᠣ ᠪᠠᠢ᠌ᠨ᠎ᠠ ᠬᠡᠵᠦ ᠡᠷᠢᠬᠥ ᠬᠦᠮᠥᠨ ᠪᠠᠢ᠌ᠬᠣ ᠡᠴᠡ ᠪᠢᠰᠢ᠂ ᠨᠠᠮᠢ᠋ᠢ ᠲᠣᠷᠠᠰᠴᠣ ᠢᠷᠡᠬᠥ ᠬᠦᠮᠥᠨ ᠨᠢᠬᠡ ᠴᠤ ᠪᠠᠢ᠌ᠬᠣ ᠦᠬᠡᠢ᠃ ᠲᠡᠬᠡᠬᠥ ᠪᠠᠷ ᠶᠢᠡᠨ ᠮᠢᠨᠣ ᠮᠠᠭᠣ ᠨᠡᠷ᠎ᠡ ᠶᠢ ᠬᠡᠨ ᠴᠤ ᠮᠡᠳᠡᠬᠥ ᠶᠢ ᠲᠣᠷᠠᠯᠠᠬᠣ ᠬᠡᠷᠡᠭ ᠦᠭᠡᠶ᠂ ᠲᠣᠷᠠᠯᠠᠯ᠎ᠠ ᠴᠤ ᠬᠡᠰᠡᠨ ᠲᠠᠨ ᠳᠤ ᠭᠠᠷᠭᠠᠵᠣ ᠬᠡᠯᠡᠬᠥ ᠪᠠᠷ ᠦᠭᠡᠶ᠃ ᠬᠡᠷᠡᠯ ᠢ ᠲᠠᠨᠣᠰ ᠢᠷᠡᠭ᠍ᠰᠡᠨ ᠵᠤᠴᠢᠨ ᠳᠤ ᠨᠦᠬᠥᠷ ᠤᠨ ᠲᠣᠷᠭ᠎ᠠ ᠶᠢ ᠲᠠᠪᠢᠰᠴᠣ ᠢᠷᠮᠡᠭ᠍ᠰᠡᠨ ᠨᠢᠳᠣᠨ ᠳᠤ ᠦᠪᠡᠷ ᠤᠨ ᠡᠪᠣᠷ ᠢ ᠢᠷᠠᠳᠠᠭ ᠶᠢᠠᠷ ᠪᠣᠳᠣᠵᠣ ᠪᠠᠢ᠌ᠵᠣ ᠮᠠᠭᠠᠳ ᠦᠭᠡᠶ᠃ ᠡᠨᠠ ᠦᠬᠡ ᠶᠠᠭ ᠣᠷᠣ ᠦᠭᠡᠶ ᠪᠢᠰᠢ ᠪᠣᠯᠪᠠᠴᠣ ᠶᠠᠪᠣᠳᠠᠯ ᠪᠦᠬᠥᠳᠡ ᠳᠤ ᠲᠠᠢ᠌ᠮᠣ ᠬᠡᠪᠡᠯ ᠪᠠᠰᠠ ᠲᠥᠮᠡᠨ ᠬᠢᠯᠢᠰ ᠡ︕ ᠦᠨᠦ ᠶᠢᠨ ᠡᠨᠠ ᠨᠡᠢᠬᠡᠮ ᠳᠤ ᠡᠬᠥᠳᠡ ᠴᠣᠩᠬᠤ ᠪᠠᠨ ᠪᠦᠬᠥᠳᠡ ᠶᠢ ᠨᠡᠬᠡᠬᠡᠵᠦ ᠠᠮᠢᠳᠣᠷᠠᠬᠣ ᠬᠡᠷᠡᠭ᠍ᠳᠡᠢ ᠪᠣᠯᠵᠠᠢ᠃ ᠡᠷ᠎ᠠ ᠡᠮ᠎ᠠ ᠬᠣᠶᠠᠭᠣᠯᠠ ᠪᠠᠨ ᠬᠣᠪᠢ ᠪᠠᠨ ᠬᠦᠬᠡᠬᠡᠵᠦ ᠬᠣᠯᠠ ᠪᠠᠨ ᠣᠨᠣᠭᠠᠳ ᠰᠠᠨᠠᠭᠠᠨ ᠲᠠᠪᠠ ᠪᠠᠷ ᠶᠢᠠᠨ ᠠᠮᠢᠳᠣᠷᠠᠬᠣ ᠬᠡᠳᠡᠭ ᠴᠤ ᠪᠣᠯ ᠭᠣᠠᠵᠢ ᠶᠢᠨ ᠵᠤᠭᠣᠭ᠃ ᠠᠭᠣᠯᠠ ᠴᠠᠭᠳᠠᠳᠠᠭ ᠬᠦᠮᠥᠨ ᠳᠤ ᠬᠠᠳᠠᠨ ᠳᠤ ᠭᠠᠷᠭᠠᠭᠰᠠᠨ ᠢᠮᠠᠭ᠎ᠠ ᠪᠠᠨ ᠪᠠᠷᠢᠭᠳᠠᠪᠠᠯ ᠬᠣᠢ᠌ᠨ᠎ᠠ ᠡᠴᠡ ᠨᠢ ᠣᠴᠢᠵᠣ ᠡᠬᠡᠬᠥᠯᠵᠦ ᠠᠪᠴᠢᠷᠠᠬᠣ ᠶᠢᠨ ᠲᠥᠯᠣᠬᠡ ᠦᠬᠡ ᠬᠡᠯᠡᠳᠡᠭ ᠪᠠ᠃ ᠲᠠᠯ᠎ᠠ ᠴᠠᠭᠳᠠᠬᠣ ᠬᠦᠮᠥᠨ ᠳᠤ ᠪᠡᠯᠴᠢᠬᠡᠭ᠍ᠰᠡᠨ ᠬᠣᠨᠢ ᠡᠴᠡ ᠪᠠᠨ ᠲᠡᠬᠡᠬᠡᠭ᠍ᠳᠡᠪᠡᠯ ᠪᠠᠰᠠ ᠠᠷᠤ ᠡᠴᠡ ᠨᠢ ᠨᠡᠬᠡᠵᠦ ᠲᠠᠭᠠᠭᠠᠳ ᠭᠣᠶᠣᠵᠣ ᠭᠣᠩᠰᠢᠳᠠᠭ ᠪᠠ᠃ ᠰᠣᠮᠣ ᠠᠯᠪᠠᠳᠠᠨ ᠤ ᠵᠢᠬᠡᠬᠥᠨ ᠴᠢᠷᠠᠢ ᠦᠬᠡᠳᠡ ᠦᠯᠢ᠌ᠵᠦ ᠬᠠᠷᠠᠬᠣ ᠬᠡᠷᠡᠭ᠍ᠳᠡᠢ ᠪᠠ ᠁ ᠡᠨᠠ ᠠᠷᠪᠢᠨ ᠵᠤᠪᠠᠭᠣᠷᠢ ᠶᠢᠨ ᠠᠯᠢ ᠶᠢ ᠨᠢ ᠲᠣᠭᠠᠴᠢᠭᠠᠳ ᠪᠠᠷᠠᠨ᠎ᠠ᠃ ᠲᠡᠬᠡᠬᠥ ᠪᠠᠷ ᠨᠢ ᠪᠢ ᠦᠷᠣᠬᠡᠰᠥᠨ ᠨᠢᠳᠣ ᠪᠠᠨ ᠨᠡᠬᠡᠬᠡᠵᠦ ᠦᠷᠣᠬᠡᠰᠥᠨ ᠢ ᠨᠢ ᠠᠨᠢᠭᠠᠳ ᠬᠡᠷᠡᠯ ᠢ ᠲᠤᠷ᠎ᠠ ᠪᠠᠷ ᠨᠢ ᠲᠠᠯᠪᠢᠴᠢᠬᠠᠭᠰᠠᠨ᠃ ᠠᠯᠨ ᠪᠤᠬᠤᠷ ᠶᠢᠠᠨ ᠵᠠᠷᠣᠨ᠎ᠠ ᠦᠦ᠂ ᠠᠮᠨ ᠬᠡᠯᠡ ᠪᠠᠨ ᠵᠠᠷᠣᠨ᠎ᠠ ᠦᠦ᠂ ᠡᠠᠶ᠎ᠠ ᠪᠠᠷ ᠶᠢᠠᠨ ᠪᠣᠯ᠂ ᠮᠢᠨᠣ ᠡᠳ᠋ᠯᠡᠬᠥ ᠬᠣᠪᠢ ᠶᠢ ᠬᠠᠰᠣᠬᠣ ᠦᠭᠡᠶ ᠪᠣᠯ ᠲᠠᠷᠠ ᠴᠢᠨᠢ ᠵᠠᠷᠣᠭᠠᠳ ᠡᠪᠳᠡᠷᠠᠬᠥ ᠶᠠᠭᠣᠮ᠎ᠠ ᠪᠢᠰᠢ᠂ ᠬᠡᠷᠩᠯᠠᠬᠡᠥᠨ ᠬᠣᠷᠣᠭᠳᠠᠬᠣ ᠵᠦᠢᠯ ᠴᠤ ᠪᠢᠰᠢ᠃

ᠪᠠᠶᠠᠷ᠂ ᠡᠪᠣᠯᠵᠢᠶᠠᠨ ᠳᠤ ᠨᠠᠰᠣᠨ ᠪᠠᠶᠠᠷ ᠤᠨ ᠠᠷᠢᠬᠢ ᠣᠣᠭᠣᠵᠣ ᠢᠷᠡᠭ᠍ᠰᠡᠨ ᠡᠴᠡ ᠪᠠᠨ ᠠᠪᠣᠭᠠᠳ ᠬᠣᠨᠣᠭ ᠢᠯᠡᠬᠥᠤ ᠬᠡᠷ ᠡᠴᠠ ᠪᠠᠨ ᠪᠣᠯᠳᠠᠶ᠋‍ᠢᠬᠣ ᠨᠢ ᠦᠵᠡᠭ᠍ᠳᠡᠭ᠍ᠰᠡᠨ ᠦᠭᠡᠶ᠃ ᠠᠷᠢᠬᠢᠨ ᠰᠢᠷᠡᠬᠡᠨ ᠲᠡᠬᠡᠷᠡᠬᠢ ᠬᠣᠶᠠᠷ ᠴᠣᠮᠣ ᠡᠠᠭ᠎ᠠ ᠶᠢᠨ ᠬᠦᠤ ᠶᠢᠨ ᠢᠳᠠᠨ ᠳᠤ ᠮᠠᠨ ᠤ ᠬᠦᠮᠥᠨ ᠬᠢᠷᠢ ᠪᠠᠨ ᠮᠡᠳᠡᠬᠥ ᠦᠭᠡᠶ ᠪᠣᠯᠵᠣ᠂ ᠲᠠᠯ᠎ᠠ ᠨᠣᠳᠣᠭ ᠬᠠᠮᠢᠶᠠᠷᠬᠣ ᠣᠯᠣᠰ ᠢ ᠠᠮᠨ ᠲᠦᠬᠥᠷᠡᠨᠭ᠌ ᠬᠠᠷᠢᠶᠠᠴᠢᠬᠠᠵᠠᠢ᠃ ᠲᠡᠬᠡᠬᠡᠥᠨ ᠪᠣᠯᠳᠠᠭ ᠶᠠᠭᠣᠮ᠎ᠠ ᠮᠦᠨ ᠦᠦ︖ ᠲᠠᠷᠠ ᠣᠯᠣᠰ ᠬᠡᠳᠡᠭ ᠴᠢᠨᠢ ᠬᠣᠰᠢᠭᠣᠨ ᠤ ᠪᠢᠰᠢ ᠪᠣᠯ ᠰᠣᠮᠣᠨ ᠤ ᠺᠠᠳ᠋ᠷ ᠤᠳ᠂ ᠴᠢ ᠪᠢᠳᠠ ᠬᠣᠶᠠᠷ ᠤᠨ ᠬᠠᠷᠢᠶᠠᠯ ᠢ ᠶᠠᠭ ᠯᠠ ᠣᠯᠠᠶ᠋‍ᠢᠬᠣ ᠨᠢᠭᠣᠷ ᠲᠡᠬᠡᠷ᠎ᠡ ᠪᠠᠨ ᠢᠳᠡᠴᠢᠬᠡᠬᠥ ᠪᠣᠢ︕ ᠰᠣᠮᠣᠨ ᠤ ᠲᠠᠷᠠ ᠵᠠᠯᠠᠭᠣ ᠺᠠᠳ᠋ᠷ ᠤᠨ (ᠨᠡᠷ᠎ᠠ ᠵᠢ ᠨᠢ ᠬᠡᠯᠡᠭᠡᠳ ᠴᠤ ᠶᠠᠭᠠᠬᠢᠬᠤ ᠪᠤᠢ ) ᠭᠠᠷ ᠬᠦᠯ ᠤᠨ ᠬᠢᠨᠢ ᠪᠣᠰᠢᠭᠣ ᠬᠡᠵᠦ ᠡ᠃ ᠪᠠᠶᠠᠷ ᠤᠨ ᠲᠣᠷᠰᠣᠭᠣᠷ ᠰᠢᠳᠣ ᠲᠡᠶ ᠠᠮᠨ ᠬᠡᠳᠥᠨ ᠮᠠᠭᠣ ᠦᠬᠡ ᠪᠠᠨ ᠬᠡᠯᠡᠵᠦ ᠪᠠᠷᠠᠬᠣ ᠡᠴᠡ ᠣᠷᠢᠳᠠᠢ ᠮᠠᠨ ᠤ ᠬᠦᠮᠥᠨ ᠢ ᠠᠷᠢᠬᠢᠨ ᠰᠢᠷᠡᠬᠡᠨ ᠡᠴᠡ ᠬᠦᠰᠡᠷ ᠲᠤ ᠴᠢᠷᠴᠣ ᠪᠠᠭᠣᠯᠭᠠᠨ ᠪᠠᠭᠠᠯᠵᠠᠭᠣᠷ ᠢ ᠨᠢ ᠪᠠᠵᠠᠭᠠᠳ ᠦᠷᠣᠴᠡ ᠦᠬᠡᠳᠡ ᠨᠢ ᠡᠪᠥᠳᠥᠭ ᠢᠶᠡᠷ ᠢᠶᠡᠨ ᠨᠦᠲᠦᠴᠢᠬᠡᠯ᠎ᠡ ᠰᠢᠤ᠃ ᠬᠦᠮᠥᠨ ᠲᠠᠶ᠋‍ᠢᠮᠣ ᠪᠠᠭ᠎ᠠ ᠰᠠᠭ᠎ᠠ ᠬᠦᠯ ᠭᠠᠷ ᠤᠨ ᠡᠷᠳᠠᠮ ᠦᠭᠡᠶ ᠪᠣᠯ ᠪᠡᠯᠴᠢᠬᠡᠷ ᠴᠠᠭᠳᠠᠬᠣ ᠡᠨᠠ ᠲᠦᠪᠡᠭ᠌ ᠶᠠᠷᠰᠢᠭᠳᠠᠢ ᠠᠵᠢᠯ ᠢ ᠬᠢᠬᠥ ᠦᠦ︖ ᠦᠬᠥᠬᠥ ᠬᠣᠯᠣᠭᠠᠨ᠎ᠠ ᠮᠣᠣᠷ ᠤᠨ ᠠᠮᠨ ᠵᠦᠭ᠌ (ᠡᠨᠡ ᠦᠭᠡᠨ ᠤ ᠡᠰᠢ ᠢᠷᠡᠯᠳᠡ ᠨᠢ ᠦᠬᠦᠬᠦ ᠡᠯᠵᠢᠭᠡ ᠴᠢᠨᠣ᠎ᠠ ᠶᠢᠨ ᠠᠮᠠᠨ ᠵᠦᠭ ) ᠬᠡᠵᠦ ᠴᠤᠬᠤᠮ ᠡᠬᠥᠨ ᠢ ᠬᠡᠯᠡᠨ᠎ᠡ᠃ ᠮᠢᠨᠣ ᠦᠵᠡᠬᠥ ᠪᠠᠷ ᠬᠡᠷᠡᠯ (ᠮᠢᠨᠤ ᠡᠬᠡᠨᠡᠷ) ᠪᠠᠶ᠋‍ᠢᠭᠰᠠᠨ ᠡᠴᠡ ᠲᠠᠳᠠ ᠰᠠᠶ‍ᠢ ᠬᠣᠶᠠᠷ ᠭᠣᠵᠦᠡᠭ ᠤᠨ ᠬᠣᠭᠣᠷᠣᠠᠳᠣᠬᠢ ᠪᠡᠯᠴᠢᠬᠡᠷ ᠲᠤ ᠨᠢᠭᠣᠷ ᠲᠠᠯ᠎ᠠ ᠬᠠᠶᠠᠵᠣ ᠪᠠᠶ᠋‍ᠢᠵᠠᠢ᠃ ᠪᠡᠯᠴᠢᠬᠡᠷ ᠪᠠᠶ᠋‍ᠢᠴᠠᠭᠠᠬᠣ ᠡᠬᠥᠷᠬᠡ ᠪᠠᠨ ᠠᠯᠪᠠ ᠲᠠᠳᠣᠢ ᠬᠦᠢᠴᠡᠬᠡᠬᠥ ᠪᠠᠷ ᠮᠠᠨ ᠤ ᠡᠨᠡᠬᠥᠷ ᠢᠷᠠᠵᠣ ᠡᠷᠬᠢᠴᠡᠳᠡᠭ ᠬᠡᠯ᠎ᠡ᠃ ᠠᠯᠢ ᠣᠳᠠᠭ᠎ᠠ ᠨᠢ ᠪᠣᠯᠪᠠᠴᠣ ᠣᠷᠢᠳ ᠢᠶᠡᠷ ᠣᠳᠠᠰᠣ ᠴᠢᠮᠡᠬᠡ ᠪᠠᠨ ᠦᠭ᠍ᠬᠥᠬᠡᠥᠨ ᠬᠣᠶ᠋‍ᠢᠨ᠎ᠠ ᠡᠴᠡ ᠨᠢ ᠰᠠᠶ‍ᠢ ᠬᠣᠭᠣᠰᠣᠨ ᠰᠦᠷ ᠯᠠᠷᠵᠠ ᠭᠠᠷᠭᠠᠵᠣ ᠵᠠᠯᠠᠷᠠᠵᠣ ᠪᠠᠭᠣᠳᠠᠭ᠃ ᠬᠦᠮᠥᠨ ᠤ ᠲᠠᠷᠠ ᠰᠠᠶ᠋‍ᠢᠨ ᠢ ᠮᠡᠳᠡᠬᠥ ᠦᠭᠡᠶ ᠦᠬᠡᠳᠡ ᠡᠴᠡ ᠨᠢ ᠶᠡᠨᠭ᠌ ᠢᠯᠳᠠᠷ ᠦᠭᠡᠶ ᠬᠠᠷᠢᠶᠠᠯ ᠵᠦᠬᠡᠯ ᠲᠠᠯᠪᠢᠭᠠᠳ ᠣᠳᠣ ᠪᠣᠯᠠᠢ ᠪᠠᠨ ᠴᠢᠷᠴᠢᠬᠡᠭ᠍ᠰᠡᠨ ᠶᠣᠮ ᠡ︕ ᠲᠠᠳᠠ ᠣᠳᠣ ᠪᠢᠳᠠᠨ ᠢ ᠬᠢᠯᠭᠠᠰᠣᠨ ᠲᠡᠬᠡᠬᠥᠷ ᠬᠦᠶᠥᠯᠬᠡᠴᠢᠬᠡᠬᠥ ᠪᠡᠶ᠋‍ᠢᠯᠬᠥᠢ᠃ ᠨᠢᠬᠡ ᠬᠣᠯᠣᠭᠠᠨ᠎ᠠ ᠨᠢᠬᠡ ᠲᠣᠭᠣᠭ᠎ᠠ ᠱᠥᠯᠤ ᠶᠢ ᠪᠣᠵᠠᠷᠯᠠᠪᠠ ᠬᠡᠵᠦ ᠡᠬᠥᠨ ᠢ ᠬᠡᠯᠡᠨ᠎ᠡ᠃

ᠪᠠᠶᠠᠷ ᠬᠣᠶᠠᠷ ᠦᠨᠵᠢᠳᠡᠯ᠎ᠡ ᠲᠣᠪᠣᠨ ᠤ ᠪᠠᠨ ᠬᠠᠠᠵᠣᠨ ᠲᠡᠬᠡᠷ᠎ᠡ ᠬᠡᠪᠳᠡᠬᠡᠥᠨ ᠭᠣᠷᠪᠠᠳᠠᠬᠢ ᠦᠥᠷ ᠡᠴᠡ ᠨᠢ ᠡᠬᠢᠯᠠᠵᠣ ᠬᠦᠩᠬᠡᠨ ᠶ᠋‍ᠢᠷᠣᠭ᠎ᠠ ᠣᠷᠣᠵᠠᠢ᠃ ᠲᠠᠭᠣᠯᠠ ᠬᠣᠨᠢᠳ ᠢᠶᠡᠨ ᠬᠡᠬᠡᠷ᠎ᠡ ᠡᠴᠡ ᠪᠣᠯᠢᠶᠠᠭᠳᠠᠵᠣ᠂ ᠰᠦᠨᠢ ᠲᠣᠮᠳᠠ ᠶᠢᠨ ᠦᠶ᠎ᠡ ᠪᠠᠷ ᠲᠣᠪᠣᠨ ᠳᠠᠭᠠᠨ ᠪᠣᠴᠠᠵᠣ ᠢᠷᠡᠭ᠍ᠰᠡᠨ ᠡᠴᠡ ᠪᠠᠨ ᠠᠪᠣᠭᠠᠳ ᠨᠠᠷᠠ ᠲᠣᠰᠬᠣ ᠪᠣᠯᠳᠠᠯ᠎ᠠ ᠣᠷᠣ ᠡᠴᠡ ᠪᠠᠨ ᠦᠨᠳᠡᠢᠬᠥ ᠮᠠᠶ‍ᠢᠭ ᠦᠭᠡᠶ ᠬᠡᠪᠳᠡᠭ᠍ᠰᠠᠬᠡᠷ ᠪᠠᠶ᠋‍ᠢᠨ᠎ᠠ᠃ ᠦᠴᠥᠬᠡᠳᠥᠷ ᠰᠦᠨᠢ ᠲᠠᠷᠠ ᠬᠡᠷᠡᠯ ᠲᠡᠶ ᠴᠣᠭ ᠲᠡᠬᠥᠤ ᠶᠢᠨ ᠢᠶᠡᠨ ᠬᠡᠷ ᠡᠴᠡ ᠭᠠᠷᠣᠭᠠᠳ ᠭᠣᠣᠯ ᠤᠨ ᠲᠣᠬᠣᠢ ᠬᠦᠷᠴᠦ ᠬᠡᠷᠡᠯ ᠡᠴᠡ ᠰᠠᠯᠣᠭᠰᠠᠨ ᠪᠠᠶ᠋‍ᠢᠪᠠ᠃ ᠣᠯᠢᠶᠠᠰᠣᠳᠣ ᠭᠣᠵᠦᠡᠭ ᠤᠨ ᠵᠠᠬᠥᠨ ᠬᠢᠷ᠎ᠠ ᠬᠦᠷᠬᠥ ᠦᠶ᠎ᠡ ᠳ᠋ᠣᠨᠢ ᠬᠡᠨᠡᠳᠳᠡ ᠮᠠᠰᠢᠨ ᠲᠡᠷᠬᠡᠨ ᠤ ᠬᠣᠶᠠᠷ ᠵᠤᠷᠪᠣᠰ ᠬᠡᠷᠡᠯ ᠲᠣᠯᠠᠰᠬᠢᠨ ᠬᠡᠷᠡᠯᠲᠦᠬᠡᠥᠨ ᠪᠠᠶ᠎ᠠ ᠶᠢᠨ ᠬᠢᠨᠢ ᠰᠦᠨᠡᠰᠤ ᠶᠢ ᠬᠠᠯᠳᠣ ᠣᠷᠣᠢ ᠪᠠᠷ ᠨᠢ ᠰᠢᠬᠠᠭᠠᠳ ᠭᠠᠷᠭᠠᠴᠢᠬᠠᠬᠣ ᠠᠯᠳᠠᠵᠠᠢ᠃ ᠡᠨᠠ ᠮᠠᠰᠢᠨ ᠴᠤᠬᠤᠮ ᠬᠡᠵᠢᠶ᠎ᠡ ᠨᠢ ᠡ᠊ᠠᠳᠠ ᠢᠷᠡᠬᠡᠥᠨ ᠪᠠᠶ᠋‍ᠢᠪᠠ︖ ᠬᠠᠳᠠᠨ ᠰᠣᠭᠣ ᠶᠢᠨ ᠵᠠᠮ ᠲᠡᠬᠡᠷ᠎ᠡ ᠡᠪᠳᠡᠷᠠᠬᠡᠥᠨ ᠵᠤᠭᠰᠣᠵᠣ ᠪᠠᠶ᠋‍ᠢᠬᠣ ᠬᠡᠵᠦ ᠦᠦ︖ ᠡᠬᠢᠯᠡᠬᠡᠥᠨ ᠲᠠᠷᠠ ᠮᠠᠰᠢᠨ ᠲᠡᠷᠬᠡ ᠶᠢ ᠦᠪᠡᠷ ᠤᠨ ᠪᠠᠶ᠎ᠠ ᠪᠠ ᠬᠣᠨᠢᠨ ᠰᠥᠷᠥᠭ ᠲᠡᠶ ᠪᠠᠨ ᠬᠣᠯᠪᠣᠵᠣ ᠪᠣᠳᠣᠬᠣ ᠲᠦᠬᠥᠬᠡ ᠣᠷᠣᠭᠰᠠᠨ ᠦᠬᠡᠢ᠃ ᠮᠠᠰᠢᠨ ᠤ ᠳ᠋ᠧᠨᠭ᠌ ᠡᠴᠡ ᠠᠷᠪᠠᠭᠠᠳ ᠠᠯᠬᠤᠮ ᠵᠠᠶ᠋‍ᠢᠳᠠᠢ ᠪᠣᠯᠵᠣ ᠣᠶ᠋‍ᠢᠷᠠᠳᠣᠭᠠᠳ ᠰᠠᠶ‍ᠢ ᠬᠠᠳᠠᠨ ᠰᠣᠭᠣ ᠶᠢᠨ ᠬᠣᠩᠬᠢᠯ ᠳᠤ ᠪᠦᠬᠡᠮᠨᠡᠷᠡᠯᠲᠦᠵᠦ ᠪᠠᠶ᠋‍ᠢᠭ᠎ᠠ ᠬᠣᠨᠢᠳ ᠢᠶᠡᠨ ᠣᠯᠵᠣ ᠬᠠᠷᠠᠵᠠᠢ᠃ ᠡᠨᠠ ᠦᠶ᠎ᠡ ᠡᠴᠡ ᠲᠠᠷᠠ ᠲᠠᠯ᠎ᠠ ᠨᠣᠳᠣᠭ ᠬᠠᠮᠢᠶᠠᠷᠬᠣ ᠲᠣᠪᠴᠢᠶ᠎ᠠ ᠵᠢ ᠰᠠᠨᠠᠭᠠᠨ ᠳᠤ ᠣᠷᠣᠭᠰᠠᠨ ᠪᠠᠶ᠋‍ᠢᠪᠠ᠃

《 ᠡᠨᠠ ᠬᠡᠨ ᠤ ᠰᠥᠷᠥᠭ ᠪᠣᠢ︖》

《 ᠮᠢᠨᠣᠬᠢ ᠡ︕》

《 ᠨᠠᠷ᠎ᠠ ᠴᠢᠨᠢ ᠬᠡᠨ ᠬᠡᠳᠡᠭ ᠶᠣᠮ︖》

《 ᠨᠠᠳᠠ ᠡᠴᠡ ᠠᠰᠠᠭᠣᠵᠣ ᠪᠠᠶ᠋‍ᠢᠨ᠎ᠠ ᠦᠦ ᠁》

《 ᠬᠡᠨ ᠬᠣᠨᠢᠳ ᠢᠶᠡᠨ ᠰᠦᠨᠢ ᠶᠢᠨ ᠬᠠᠷᠠᠩᠭ᠋ᠣᠢ ᠶᠢ ᠠᠮᠵᠢᠭᠣᠯᠵᠣ ᠪᠡᠯᠴᠢᠬᠡᠭ᠍ᠰᠡᠨ ᠪᠣᠯ ᠲᠠᠷᠠ ᠬᠦᠮᠥᠨ ᠢ ᠬᠡᠯᠡᠵᠦ ᠪᠠᠶ᠋‍ᠢᠨ᠎ᠠ᠃》

《 ᠬᠣᠨᠢᠳ ᠨᠣᠭᠣᠭᠠᠨ ᠤ ᠦᠨᠥᠷ ᠢᠶᠡᠷ ᠦᠯᠥᠰᠣᠬᠡᠥᠨ ᠲᠡᠰᠬᠥ ᠦᠭᠡᠶ ᠳᠡᠭᠡᠨ ᠬᠣᠷᠣᠭᠠᠨ ᠠᠮᠠᠰᠠᠷ ᠢ ᠦᠪᠡᠷᠰᠠᠥᠨ ᠶ᠋‍ᠢᠠᠨ ᠢᠪ ᠲᠥᠯᠬᠢᠬᠡᠥᠨ ᠭᠠᠷᠴᠣ ᠢᠷᠡᠭ᠍ᠰᠡᠨ ᠰᠢᠤ᠂ ᠴᠤᠬᠤᠮ ᠴᠤ ᠬᠠᠷ᠎ᠠ ᠶᠠᠷᠰᠢᠭ ᠶᠣᠮ ᠡ ᠁》

《 ᠲ᠋ᠠᠶ᠋‍ᠢᠮᠣ ᠪᠣᠯ ᠪᠢᠳᠠ ᠡᠳᠡᠬᠡᠷ ᠬᠣᠨᠢᠳ ᠢ ᠲᠡᠷᠬᠡᠨ ᠲᠡᠬᠡᠷ᠎ᠡ ᠪᠠᠨ ᠲᠡᠬᠡᠬᠡᠵᠦ ᠠᠪᠠᠴᠢᠭᠠᠳ ᠠᠮᠠᠰᠠᠷ ᠨᠢ ᠪᠠᠬᠢ ᠬᠣᠷᠣᠭᠠᠨ  ᠳᠤ ᠬᠣᠷᠢᠵᠣ ᠲᠠᠯᠪᠢᠶ᠎ᠠ︕》

《 ᠮᠢᠨᠣ ᠬᠣᠨᠢᠳ ᠡᠨᠠ ᠵᠢᠯ ᠢᠶᠡᠷ ᠢᠶᠡᠨ ᠡᠨᠠ ᠨᠢᠬᠡ ᠯᠠ ᠣᠳᠠᠭ᠎ᠠ ᠬᠦᠬᠡ ᠨᠣᠭᠣᠭᠠᠨ ᠤ ᠦᠵᠦᠬᠥᠷ ᠲᠠᠰᠣᠳᠠᠵᠣ ᠪᠠᠶ᠋‍ᠢᠨ᠎ᠠ ᠰᠢᠤ ᠁》

《 ᠢᠩᠬᠢᠵᠣ ᠬᠡᠯᠡᠬᠥ ᠪᠠᠷ ᠴᠢᠨᠢ ᠦᠵᠡᠪᠡᠯ ᠴᠢ ᠲᠠᠯ᠎ᠠ ᠨᠣᠳᠣᠭ ᠬᠠᠮᠢᠶᠠᠷᠬᠣ ᠵᠤᠷᠪᠣᠰ ᠲᠣᠭᠳᠠᠭᠠᠯ ᠢ ᠮᠡᠳᠡᠳᠡᠭ ᠶᠣᠮ ᠪᠠᠶ᠋‍ᠢᠨ᠎ᠠ᠂ ᠨᠠᠷ᠎ᠠ ᠪᠠᠨ ᠬᠡᠯᠡ ᠡ︕》

《 ᠲᠠᠭᠣᠯᠠ 》

《 ᠡᠷᠣᠬᠡ ᠠᠮᠨ ᠶᠢᠨ ᠲᠠᠩᠰᠠᠨ ᠲᠡᠬᠡᠷᠡᠬᠢ ᠬᠡᠷ ᠤᠨ ᠡᠵᠠᠨ ᠦᠦ︖》

《 ᠪᠢᠰᠢ ᠁》

《 ᠬᠡᠷ ᠤᠨ ᠡᠵᠠᠨ ᠤ ᠴᠢᠨᠢ ᠨᠡᠷ᠎ᠡ ᠬᠡᠨ ᠬᠡᠳᠡᠭ ᠶᠣᠮ︖》

《 ᠪᠠᠶᠠᠷ》

᠁    ᠁   ᠁

ᠠᠰᠠᠭᠣᠯᠳᠠ ᠬᠠᠷᠢᠭᠣᠯᠳᠠ ᠶᠢ ᠲᠠᠭᠣᠨ ᠰᠢᠩᠬᠡᠬᠡᠭ᠍ᠴᠢ ᠳᠤ ᠰᠢᠩᠬᠡᠬᠡᠵᠦ᠂ ᠲᠡᠷᠬᠡᠨ ᠳ᠋ᠧᠨᠭ᠌ ᠤᠨ ᠬᠡᠷᠡᠯ ᠲᠣᠣᠷ᠎ᠠ ᠬᠠᠳᠠᠨ ᠬᠣᠩᠬᠢᠯ ᠳᠤ ᠪᠦᠬᠡᠮᠨᠡᠷᠡᠭ᠍ᠰᠡᠨ ᠬᠣᠨᠢᠳ ᠢ ᠬᠡᠳᠥᠨ ᠲᠠᠯ᠎ᠠ ᠡᠴᠡ ᠨᠢ ᠰᠡᠬᠥᠳᠡᠷᠯᠡᠵᠦ ᠠᠪᠣᠭᠰᠠᠨ ᠤ ᠲᠠᠷᠠᠭ᠎ᠠ ᠲᠠᠳᠠ ᠵᠢᠶᠠᠰᠠ ᠲᠡᠶ ᠲᠡᠷᠬᠡᠨ ᠲᠡᠬᠡᠷ᠎ᠡ ᠪᠠᠨ ᠬᠣᠨᠢ ᠰᠢᠳᠠᠯᠠᠵᠣ ᠡᠬᠢᠯᠠᠵᠠᠢ᠃ ᠠᠷᠠᠰᠣ ᠶᠠᠰᠣ ᠯᠠ ᠪᠣᠯᠴᠢᠬᠠᠭᠠᠳ ᠨᠠᠶ᠋‍ᠢᠭᠣᠵᠣ ᠲᠠᠶ᠋‍ᠢᠭᠣᠵᠣ ᠪᠠᠶ᠋‍ᠢᠭ᠎ᠠ ᠴᠢᠮᠦᠬᠡ ᠲᠣᠮᠳᠠᠭᠣᠷ ᠬᠣᠨᠢᠳ᠂ ᠪᠤᠯᠴᠢᠡᠭ ᠰᠢᠷᠪᠣᠰᠣ ᠪᠠᠨ ᠣᠮᠣᠭ ᠰᠦᠷ ᠢᠶᠡᠷ ᠡᠷᠴᠢᠯᠡᠭ᠍ᠰᠡᠨ ᠬᠦᠳᠡᠷ ᠡᠷᠠᠰ ᠤᠨ ᠭᠠᠷ ᠲᠤ ᠪᠠᠷᠢᠭᠳᠠᠬᠣ ᠲᠠᠳᠣᠢ ᠪᠠᠨ ᠲᠡᠷᠬᠡᠨ ᠵᠢᠶᠠᠰᠠᠨ ᠤ ᠠᠷᠤ ᠠᠮᠠᠰᠠᠷ ᠣᠷᠣᠭᠣ ᠠᠷᠤ ᠠᠷᠤ ᠡᠴᠡ ᠪᠠᠨ ᠨᠠᠳᠣᠪ ᠵᠢᠳᠣᠪ ᠨᠢᠰᠣᠨ ᠣᠷᠣᠵᠣ ᠪᠠᠶ᠋‍ᠢᠨ᠎ᠠ ᠁ ᠲᠠᠭᠣᠯᠠ ᠦᠨᠦ ᠡᠷᠠᠤ ᠲᠣᠣᠷ᠎ᠠ ᠨᠢ ᠲᠠᠭᠣᠨ ᠰᠢᠩᠬᠡᠬᠡᠯᠳᠡ ᠶᠢᠨ ᠪᠢᠴᠢᠬᠠᠨ ᠮᠠᠰᠢᠨ ᠪᠠᠷᠢᠵᠣ ᠪᠠᠶ᠋‍ᠢᠭᠰᠠᠨ ᠬᠦᠮᠥᠨ ᠤ ᠠᠰᠠᠭᠣᠯᠳᠠ ᠨᠣᠭᠣᠳ ᠢ ᠶᠠᠭᠣ ᠶᠠᠭᠣ ᠬᠡᠵᠦ ᠬᠠᠷᠢᠭᠣᠯᠣᠭᠰᠠᠨ ᠶ᠋‍ᠢᠠᠨ ᠪᠣᠳᠣᠵᠣ ᠣᠯᠬᠣ ᠦᠭᠡᠶ ᠪᠣᠯᠣᠭᠰᠠᠨ ᠪᠣᠯᠪᠠᠴᠣ ᠬᠣᠨᠢᠳ ᠢ ᠨᠢ ᠮᠠᠰᠢᠨ ᠲᠡᠷᠬᠡᠨ ᠤ ᠵᠢᠶᠠᠰᠠ ᠶᠢᠨ ᠲᠡᠬᠡᠷ᠎ᠡ ᠲᠠᠪᠬᠣᠷᠭ᠎ᠠ ᠦᠬᠡᠳᠡ ᠬᠠᠶᠠᠵᠣ ᠪᠠᠶ᠋‍ᠢᠭᠰᠠᠨ ᠵᠢᠷᠣᠭ ᠦᠵᠡᠭ᠍ᠳᠡᠯ ᠢ ᠲᠣᠳᠣ ᠡᠴᠡ ᠲᠣᠳᠣ ᠴᠡᠬᠡᠵᠢᠯᠡᠭ᠍ᠰᠠᠬᠡᠷ ᠪᠠᠶ᠋‍ᠢᠯ᠎ᠠ᠃

《 ᠴᠢᠨᠣ ᠠ ᠪᠠᠷ ᠱᠣᠳᠣᠭᠣᠯᠣᠭᠰᠠᠨ ᠪᠣᠯ ᠰᠡᠭ ᠨᠢ ᠦᠯᠠᠳᠡᠨ᠎ᠡ᠂ ᠡᠨᠠ ᠴᠢᠨᠢ ᠰᠡᠭ ᠪᠠᠰᠠ ᠦᠯᠠᠳᠡᠭ᠍ᠰᠡᠨ ᠦᠭᠡᠶ 》 ᠬᠡᠵᠦ ᠲᠠᠷᠠ ᠰᠦᠨᠢ ᠲᠣᠮᠳᠠ ᠶᠢᠨ ᠦᠶ᠎ᠡ ᠪᠠᠷ ᠲᠣᠪᠣᠨ ᠳᠠᠭᠠᠨ ᠪᠣᠴᠠᠵᠣ ᠢᠷᠡᠬᠡᠥᠨ ᠬᠡᠯᠡᠪᠡᠯ ᠪᠠᠶᠠᠷ ᠡᠶ᠋‍ᠢᠮᠣ ᠶᠠᠪᠣᠳᠠᠯ ᠡᠬᠥᠰᠬᠥ ᠶᠢ ᠡᠷᠳᠠ ᠡᠴᠡ ᠮᠠᠳᠠᠵᠣ ᠪᠠᠶ᠋‍ᠢᠭᠰᠠᠨ ᠰᠢᠭ ᠰᠣᠴᠢᠭᠰᠠᠨ ᠴᠤ ᠦᠭᠡᠶ᠂ ᠭᠠᠶ᠋‍ᠢᠬᠠᠭᠰᠠᠨ ᠴᠤ ᠦᠭᠡᠶ᠃ ᠬᠣᠭᠣᠯᠠᠢ ᠪᠠᠭᠠᠯᠵᠠᠭᠣᠷ ᠨᠢ ᠰᠦᠬᠡᠩᠬᠢᠲᠦᠬᠡᠥᠨ ᠦᠬᠡ ᠬᠡᠯᠡᠬᠥ ᠳᠤ ᠲᠦᠬᠥᠮ ᠦᠭᠡᠶ ᠬᠡᠯ᠎ᠡ ᠴᠤ ᠬᠡᠢ ᠶᠢᠨ ᠣᠷᠣᠰᠬᠠᠯ ᠢᠶᠡᠨ ᠠᠰᠢᠭᠯᠠᠵᠣ ᠠᠶᠣᠵᠣ ᠪᠠᠯᠢᠳᠠᠭᠠᠳ ᠲᠡᠨᠡᠭ᠍ᠰᠢᠷᠡᠭ᠍ᠰᠡᠨ ᠪᠦᠰᠠᠬᠥᠢ ᠪᠠᠨ ᠠᠷᠭᠠᠳᠠᠵᠣ ᠪᠣᠯᠬᠣ ᠶᠣᠮ᠃ ᠪᠠᠶᠠᠷ ᠲᠡᠬᠡᠭ᠍ᠰᠡᠨ ᠦᠭᠡᠶ᠂ ᠬᠡᠪᠳᠡᠯᠬᠡᠨ ᠤ ᠮᠠᠶ‍ᠢᠭ ᠢᠶᠡᠷ ᠢᠶᠡᠨ ᠮᠥᠷᠤ ᠲᠠᠯᠣ ᠪᠠᠨ ᠪᠠᠬᠠᠨ ᠮᠠᠭᠠᠵᠢᠯᠠᠭᠰᠠᠨ ᠡᠴᠠ ᠪᠢᠰᠢ ᠣᠷᠣ ᠡᠴᠡ ᠪᠠᠨ ᠴᠤ ᠦᠨᠳᠡᠢᠭ᠍ᠰᠡᠨ ᠦᠭᠡᠶ᠃

ᠬᠣᠶᠠᠷ ᠭᠣᠵᠦᠡᠭ ᠤᠨ ᠬᠣᠭᠣᠷᠣᠠᠳᠣᠬᠢ ᠬᠦᠮᠥᠰ ᠣᠳᠣ ᠪᠦᠬᠥᠨ ᠢᠶᠡᠷ ᠢᠶᠡᠨ ᠡᠬᠥᠳᠡᠨ ᠳ᠋ᠣᠨᠢ ᠴᠣᠭᠯᠠᠴᠢᠬᠠᠭᠠᠳ ᠪᠠᠶ᠋‍ᠢᠭ᠎ᠠ ᠶᠢ ᠲᠠᠭᠣᠯᠠ ᠮᠠᠳᠠᠵᠣ ᠪᠠᠶ᠋‍ᠢᠯ᠎ᠠ᠃ ᠦᠷᠯᠦᠬᠡ ᠶᠢᠨ ᠨᠠᠷᠠ ᠲᠣᠰᠳᠠᠯ᠎ᠠ ᠣᠷᠣ ᠲᠡᠬᠡᠷ᠎ᠡ ᠪᠠᠨ ᠬᠡᠪᠳᠡᠬᠥ ᠬᠡᠵᠦ ᠲᠡᠬᠥᠨ ᠳᠤ ᠠᠪᠴᠣ ᠬᠡᠯᠡᠪᠡᠯ ᠴᠢᠷᠠᠢ ᠣᠯᠠᠶ᠋‍ᠢᠬᠣ ᠶᠠᠪᠣᠳᠠᠯ ᠡ︕ ᠲᠡᠬᠡᠬᠥᠯᠡᠷ ᠡᠨᠠ ᠡᠳᠣᠷ ᠲᠠᠷᠠ ᠣᠯᠠᠨ ᠤ ᠬᠦᠬᠡᠷᠥᠬᠦᠢᠯᠡᠯ ᠦᠷᠤ ᠡᠪᠠᠳᠣᠯ ᠲᠣᠣᠷ᠎ᠠ ᠣᠷᠣᠭᠠᠳ ᠪᠠᠶ᠋‍ᠢᠭ᠎ᠠ ᠲᠣᠯᠠ ᠦᠳᠡ ᠪᠣᠯᠳᠠᠯ᠎ᠠ ᠣᠷᠣᠨ ᠳᠠᠭᠠᠨ ᠬᠡᠪᠳᠡᠪᠡᠴᠦ ᠬᠠᠮᠢᠶ᠎ᠠ ᠦᠭᠡᠶ᠃ ᠪᠦᠬᠥᠳᠡᠬᠡᠷ ᠲᠣᠪᠣᠨ ᠤ ᠡᠬᠥᠳᠡᠨ ᠳᠤ ᠬᠣᠷᠠᠵᠣ ᠦᠨᠳᠥᠷ ᠨᠠᠮ ᠲᠠᠭᠣᠨ ᠢᠶᠡᠷ ᠲᠡᠬᠡᠬᠡᠭ᠍ᠳᠡᠵᠦ ᠶᠠᠪᠣᠭᠰᠠᠨ ᠬᠣᠨᠢᠳ ᠢ ᠨᠢ ᠶᠠᠭᠠᠬᠢᠵᠣ ᠡᠬᠡᠬᠥᠯᠵᠦ ᠠᠪᠴᠢᠷᠠᠬᠣ ᠲᠣᠬᠠᠢ ᠵᠦᠪᠳᠡᠯᠴᠡᠵᠦ ᠪᠠᠶ᠋‍ᠢᠨ᠎ᠠ᠃ ᠡᠨᠠ ᠨᠢᠳᠣ ᠦᠭᠡᠶ ᠬᠦᠮᠥᠷᠢᠵᠦ ᠪᠠᠭᠣᠭᠰᠠᠨ ᠬᠠᠷ᠎ᠠ ᠠᠶᠣᠯ ᠶᠠᠮᠠᠷᠬᠠᠨ ᠦᠷ᠎ᠡ ᠳ᠋ᠥᠨᠭ᠌ ᠢᠶᠡᠷ ᠲᠡᠬᠥᠰᠳᠡᠭ ᠢ ᠪᠣᠤ ᠮᠠᠳᠠ᠃ ᠬᠦᠮᠥᠨ ᠵᠤᠪᠡᠯᠡᠨᠭ᠌ ᠢ ᠲᠠᠭᠠᠭᠠᠨ᠎ᠠ ᠬᠡᠳᠡᠭ᠂ ᠬᠡᠬᠥ ᠳᠤ ᠵᠤᠪᠡᠯᠡᠨᠭ᠌ ᠠᠬᠠᠳᠠᠴᠢᠬᠠᠪᠠᠯ ᠲᠠᠭᠠᠭᠠᠬᠣ ᠳᠤ ᠪᠠᠰᠠ ᠴᠤ ᠪᠡᠷᠬᠡ ᠠᠵᠢ᠃

ᠪᠦᠬᠥᠳᠡᠬᠡᠷ ᠢᠶᠡᠨ ᠵᠦᠪᠯᠠᠪᠡᠯ ᠬᠡᠮ ᠦᠭᠡᠶ᠂ ᠪᠦᠯᠢᠶᠡᠨ ᠣᠰᠣ ᠪᠠᠷ ᠣᠬᠢᠶᠠᠪᠠᠯ ᠭ᠍ᠬᠢᠷ ᠦᠭᠡᠶ ᠬᠡᠵᠦ ᠪᠢᠳᠠ ᠪᠠᠭ᠎ᠠ ᠦᠳᠡ ᠪᠣᠯᠳᠠᠯ᠎ᠠ ᠵᠦᠪᠳᠡᠯᠴᠡᠭᠡᠳ ᠶᠠᠭᠣ ᠴᠤ ᠬᠡᠰᠡᠨ ᠪᠠᠶᠠᠷ᠂ ᠵᠢᠷᠥᠬᠡ᠂ ᠬᠡᠷᠡᠯ ᠭᠣᠷᠪᠠ ᠶᠢ ᠵᠠᠮ ᠢᠶᠡᠷ ᠥᠩᠬᠡᠷᠡᠬᠥ ᠲᠣᠭᠣᠰᠬ᠎ᠠ ᠲᠡᠬᠡᠬᠡᠭ᠍ᠰᠡᠨ ᠠᠴᠢᠶᠠᠨ  ᠤ ᠮᠠᠰᠢᠨ ᠲᠣᠰᠴᠣ ᠰᠠᠭᠣᠯᠭᠠᠭᠠᠳ ᠰᠣᠮᠣ ᠣᠷᠣᠭᠣ ᠶᠠᠪᠣᠭᠣᠯᠵᠠᠢ᠃ ᠦᠨᠡᠨ ᠳᠡᠭᠡᠨ ᠡᠶ᠋‍ᠢᠮᠣ ᠴᠢᠬᠤᠯᠠ ᠣᠴᠢᠷ ᠲᠤ ᠪᠠᠶᠠᠷ ᠰᠢᠭ ᠬᠦᠮ ᠢ ᠵᠠᠷᠣᠭᠰᠠᠨ ᠪᠠᠶ᠋‍ᠢᠭᠰᠠᠨ ᠡᠬᠡᠬᠡ ᠠᠳᠠᠯᠢ ᠬᠡᠯ᠎ᠡ ᠴᠤ ᠳᠠᠪᠬᠤᠷ ᠵᠢᠶᠠᠰᠠ ᠲᠡᠶ ᠲᠡᠷᠬᠡᠨ ᠳᠤ ᠲᠡᠬᠡᠬᠡᠭ᠍ᠳᠡᠵᠦ ᠶᠠᠪᠣᠭᠠᠳ ᠬᠡᠪᠡᠯᠢ ᠨᠢ ᠬᠠᠳᠠᠬᠣ ᠰᠢᠬᠠᠵᠣ ᠪᠠᠶ᠋‍ᠢᠭ᠎ᠠ ᠬᠣᠨᠢᠳ ᠮᠢᠨᠣᠬᠢ ᠪᠢᠰᠢ᠂ ᠵᠢᠷᠥᠬᠡ ᠶᠢᠨ ᠴᠤ ᠪᠢᠰᠢ ᠲᠣᠯᠠ ᠲᠡᠬᠥᠨ ᠢ ᠵᠦᠳᠡᠬᠡᠬᠥ ᠡᠴᠡ ᠦᠬᠡᠷ᠎ᠡ ᠠᠷᠭ᠎ᠠ ᠦᠭᠡᠶ᠃ ᠪᠠᠭ᠎ᠠ ᠦᠳᠡ ᠥᠩᠬᠡᠷᠡᠴᠢᠬᠡᠭ᠍ᠰᠡᠨ ᠪᠠᠶ᠋‍ᠢᠬᠣ ᠳᠤ ᠲᠠᠭᠣᠯᠠ ᠪᠠᠰᠠ ᠴᠤ ᠣᠷᠣ ᠡᠴᠡ ᠪᠠᠨ ᠦᠨᠳᠡᠢᠬᠥ ᠮᠠᠶ‍ᠢᠭ ᠦᠭᠡᠶ᠃ ᠬᠣᠩᠭ᠋ᠣᠷ ᠪᠢᠳᠠ ᠬᠣᠶᠠᠷ ᠲᠣᠪᠣᠨ ᠤ ᠬᠢᠨᠢ ᠭᠠᠳᠠᠭᠣᠷ ᠲᠣᠳᠣᠭᠣᠷᠬᠢ ᠠᠵᠢᠯ ᠢ ᠨᠢ ᠬᠢᠵᠣ ᠲᠠᠭᠣᠰᠬᠠᠭᠠᠳ ᠬᠠᠵᠠᠭᠣ ᠳ᠋ᠣᠨᠢ ᠢᠷᠠᠵᠣ ᠰᠠᠳᠬᠢᠯ ᠠᠭᠣᠵᠢᠷᠠᠭᠣᠯᠬᠣ ᠦᠬᠡ ᠶᠢ ᠮᠣᠬᠣᠳᠠᠯ᠎ᠠ ᠬᠡᠯᠡᠪᠡ᠃ ᠲᠣᠰᠠ ᠪᠣᠯᠵᠣ ᠪᠠᠶ᠋‍ᠢᠬᠣ ᠪᠠᠶ᠋‍ᠢᠳᠠᠯ ᠦᠭᠡᠶ᠃ ᠬᠣᠭᠣᠯᠠ ᠴᠠᠢ ᠶᠢ ᠨᠢ ᠪᠠᠯᠠᠳᠴᠣ ᠦᠭ᠍ᠬᠥᠬᠡᠥᠨ ᠬᠣᠩᠭ᠋ᠣᠷ ᠬᠡᠷ ᠲᠡᠭᠡᠨ ᠶᠠᠪᠣᠬᠣ ᠪᠣᠯᠪᠠ᠃ ᠲᠠᠷᠠ ᠶᠠᠪᠣᠴᠢᠬᠠᠪᠠᠯ ᠪᠢ ᠶᠠᠭᠠᠬᠢᠵᠣ ᠬᠠᠠᠵᠣᠨ ᠲᠡᠬᠡᠷ᠎ᠡ ᠪᠠᠨ ᠬᠦᠯᠳᠡᠢᠵᠦ ᠬᠡᠪᠳᠡᠬᠡᠥᠨ ᠪᠣᠰᠬᠣ ᠦᠭᠡᠶ ᠪᠠᠶ᠋‍ᠢᠬᠣ ᠠᠶ᠋‍ᠢᠯ ᠤᠨ ᠡᠮ᠎ᠠ ᠶᠢ ᠰᠠᠬᠢᠵᠣ ᠰᠠᠭᠣᠬᠣ᠃ ᠪᠢ ᠬᠣᠩᠭ᠋ᠣᠷ ᠤᠨ ᠠᠷᠤ ᠡᠴᠡ ᠨᠡᠬᠡᠵᠦ ᠬᠦᠢᠴᠡᠬᠡᠥᠨ ᠭᠣᠣᠯ ᠤᠨ ᠲᠣᠬᠣᠢ ᠬᠦᠷᠳᠡᠯ᠎ᠡ ᠴᠣᠭ ᠵᠠᠮᠨᠠᠵᠠᠢ᠃

《 ᠪᠢᠳᠠ ᠬᠣᠶᠠᠷ ᠢᠩᠬᠢᠬᠡᠥᠨ ᠲᠠᠭᠣᠯᠠ ᠶᠢ ᠬᠡᠷ ᠲᠣᠨᠢ ᠭᠠᠭᠴᠠᠭᠠᠷ ᠢ ᠬᠠᠶᠠᠭᠠᠳ ᠶᠠᠪᠣᠴᠢᠬᠠᠵᠣ ᠪᠣᠯᠬᠣ ᠦᠭᠡᠶ ᠳ᠋‍ᠠ᠂ ᠴᠢᠷᠠᠢ ᠥᠩᠬᠡ ᠨᠢ ᠶᠡᠬᠡ ᠯᠠ ᠮᠠᠭᠣ ᠪᠠᠶ᠋‍ᠢᠨ᠎ᠠ ᠡ᠃ ᠠᠶᠣᠭᠠᠳ ᠰᠦᠨᠡᠰᠤ ᠨᠢ ᠵᠠᠶ᠋‍ᠢᠯᠠᠴᠢᠬᠠᠭᠰᠠᠨ ᠶᠣᠮ ᠤᠤ ᠠ》 ᠬᠡᠵᠦ ᠪᠢ ᠬᠡᠯᠡᠪᠡᠯ ᠬᠣᠩᠭ᠋ᠣᠷ ᠡᠢᠨᠢᠶᠡᠴᠢᠬᠡᠬᠡᠥᠨ᠄ 《 ᠰᠦᠨᠡᠰᠤ ᠵᠠᠶ᠋‍ᠢᠯᠠᠬᠣ ᠬᠡᠵᠦ ᠶᠠᠭᠣ ᠯᠠ ᠪᠣᠯᠪᠠ ᠳ᠋‍ᠠ᠂ ᠰᠦᠨᠢᠵᠢᠨ ᠭᠠᠳᠠᠭ᠎ᠠ ᠬᠦᠶᠥᠬᠡᠥᠨ ᠵᠢᠩᠬᠢᠨᠡᠭ᠍ᠰᠡᠨ ᠮᠠᠭᠠᠳ ᠦᠬᠡᠢ》 ᠬᠡᠨ᠎ᠡ᠃ ᠪᠢ ᠵᠠᠷᠢᠮ ᠳᠠᠭᠠᠨ ᠵᠢᠷᠥᠬᠡ ᠬᠡᠷᠡᠯ ᠬᠣᠶᠠᠷ ᠢ ᠨᠢᠬᠡ ᠬᠡᠷ ᠲᠤ ᠲᠣᠯᠣᠭᠠᠢ ᠶᠢ ᠨᠢ ᠬᠣᠯᠪᠣᠭᠠᠳ ᠬᠣᠩᠭ᠋ᠣᠷ ᠪᠢᠳᠠ ᠬᠣᠶᠠᠷ ᠢ ᠨᠢᠬᠡ ᠬᠡᠷ ᠤᠨ ᠬᠦᠮᠥᠨ ᠪᠣᠯᠭᠠᠭᠰᠠᠨ ᠪᠣᠯ ᠳ᠋‍ᠠ ᠬᠡᠵᠦ ᠪᠣᠳᠣᠳᠠᠭ᠃ ᠶᠠᠷᠢᠶᠠᠨ ᠦᠭᠡᠶ ᠮᠢᠨᠣ ᠡᠨᠠ ᠰᠠᠮᠠᠭᠣᠨ ᠪᠣᠳᠣᠯ ᠢ ᠬᠡᠬᠡᠨ ᠡᠳᠣᠷ ᠬᠡᠷᠡᠯᠲᠦ ᠨᠠᠷᠠᠨ ᠤ ᠲᠣᠣᠷ᠎ᠠ ᠢᠯᠨ ᠭᠠᠷᠭᠠᠵᠣ ᠪᠣᠯᠳᠠᠭ ᠶᠠᠭᠣᠮ᠎ᠠ ᠪᠢᠰᠢ᠃

《 ᠪᠢ ᠬᠡᠷ ᠤᠨ ᠠᠳᠠᠯ ᠢᠶᠡᠨ ᠬᠢᠵᠣ ᠵᠦᠭ᠍ᠰᠢᠷᠡᠬᠥᠯᠪᠡᠯ ᠲᠣᠣᠷ᠎ᠠ ᠪᠠᠨ ᠨᠠᠭᠠᠰᠢ ᠪᠠᠨ ᠢᠷᠡᠴᠢᠬᠡᠨ᠎ᠡ》 ᠬᠡᠵᠦ ᠬᠣᠩᠭ᠋ᠣᠷ ᠰᠠᠯᠵᠣ ᠶᠠᠪᠣᠬᠣ ᠪᠣᠯᠣᠭᠠᠳ ᠬᠡᠯᠡᠪᠡ᠃

《 ᠡᠶ᠋‍ᠢᠮᠣ ᠲᠠᠶ᠋‍ᠢᠮᠣ ᠣᠴᠢᠷ ᠭᠠᠷᠴᠣ ᠰᠠᠠᠳᠣᠷᠪᠠᠯ ᠣᠳᠠᠰᠣ ᠡᠠᠪ 》 ᠬᠡᠵᠦ ᠪᠢ ᠬᠡᠯᠡᠪᠡ᠃ ᠪᠢᠳᠠᠨ ᠤ ᠬᠣᠶᠠᠷ ᠬᠡᠷ ᠬᠣᠭᠣᠷᠣᠠᠳᠣ ᠪᠠᠨ ᠣᠳᠠᠰᠣ ᠨᠡᠪᠳᠡᠷᠡᠭ᠍ᠰᠡᠨ ᠡᠴᠡ ᠠᠪᠣᠭᠠᠳ ᠪᠡᠯᠴᠢᠬᠡᠷ ᠴᠠᠭᠳᠠᠬᠣ ᠬᠦᠮᠥᠰ ᠤᠨ ᠲᠣᠮᠳᠠ ᠨᠢᠭᠣᠭᠳᠠᠵᠣ ᠪᠠᠶ᠋‍ᠢᠬᠣ ᠮᠠᠨ ᠤ ᠲᠠᠯ᠎ᠠ ᠶᠢᠨ ᠬᠦᠮᠥᠨ ᠨᠠᠭᠠᠰᠢ ᠪᠠᠨ ᠣᠳᠠᠰᠣ ᠢᠷᠡᠬᠥᠯᠪᠡ ᠬᠡᠭ᠍ᠰᠠᠬᠡᠷ ᠪᠢ ᠲᠣᠣᠷ᠎ᠠ ᠨᠢ ᠲᠠᠳᠠᠨ ᠤ ᠬᠢ ᠣᠷᠣᠭᠣ ᠴᠢᠮᠡᠬᠡ ᠦᠭᠴᠢᠬᠡᠳᠡᠭ᠃ ᠲᠡᠬᠡᠬᠥ ᠪᠠᠷ ᠢᠶᠡᠨ ᠮᠠᠨ ᠤ ᠬᠣᠶᠠᠷ ᠬᠡᠷ ᠬᠠᠪᠣᠷ ᠡᠴᠡ ᠵᠤᠨ ᠣᠷᠣᠳᠠᠯ᠎ᠠ ᠪᠡᠯᠴᠢᠬᠡᠭ᠍ᠰᠡᠨ ᠪᠣᠭ ᠮᠠᠯ ᠢᠶᠡᠨ ᠪᠠᠷᠢᠭᠳᠠᠪᠠ᠂ ᠲᠣᠷᠭᠣᠭᠠᠭᠳᠠᠪᠠ ᠬᠡᠵᠦ ᠦᠢᠮᠡᠬᠡᠨ ᠲᠠᠪᠵᠢᠶᠠᠨ ᠪᠣᠯᠣᠯ ᠦᠭᠡᠶ ᠰᠠᠨᠠᠭ᠎ᠠ ᠠᠮᠣᠷ ᠰᠠᠭᠣᠵᠣ ᠪᠠᠶ᠋‍ᠢᠨ᠎ᠠ᠃ ᠬᠠᠷᠢᠨ ᠣᠬᠠᠭᠠᠨ ᠳ᠋ᠣᠨᠢ ᠤᠬᠤᠨ᠎ᠠ ᠦᠬᠥᠭ᠍ᠰᠡᠨ ᠪᠠᠶᠠᠷ ᠲ᠋ᠤ ᠬᠡᠷ ᠲᠡᠭᠡᠨ ᠣᠳᠠᠰᠣ ᠲᠠᠭᠠᠷᠠᠭᠣᠯᠴᠢᠬ᠎ᠠ ᠬᠡᠵᠦ ᠰᠠᠨᠠᠭᠣᠯᠪᠠᠯ ᠲᠠᠷᠠ ᠮᠢᠨᠣ ᠦᠬᠡᠳᠡ ᠡᠴᠡ ᠶᠠᠭᠣ ᠬᠠᠷᠢᠭᠣᠯᠣᠭᠰᠠᠨ ᠬᠡᠵᠦ ᠰᠠᠨᠠᠨ᠎ᠠ⁈ 《 ᠣᠳᠠᠰᠣ ᠮᠣᠳᠠᠰᠣ ᠪᠠᠷ ᠦᠬᠥᠭ᠍ᠰᠡᠨ ᠢᠶᠡᠨ ᠬᠢᠬᠥ᠂ ᠪᠢ ᠢᠮᠠᠭᠠᠳ ᠢᠶᠡᠨ ᠨᠣᠬᠠᠢ ᠰᠢᠭ ᠲᠠᠭᠣᠳᠠᠵᠣ ᠬᠣᠷᠢᠵᠣ ᠰᠣᠷᠭᠠᠭᠠᠳ ᠬᠣᠨᠢᠳ ᠶ᠋‍ᠢᠠᠨ ᠪᠣᠯ ᠰᠦᠨᠢ ᠪᠠᠷ ᠪᠡᠯᠴᠢᠬᠡᠴᠢᠬᠡᠨ᠎ᠡ 》 ᠬᠡᠯ᠎ᠡ ᠰᠢᠤ᠃ ᠦᠷᠤ ᠡᠪᠡᠳᠥᠭᠰᠡᠨ ᠬᠦᠮᠥᠨ ᠤ ᠡᠷᠠᠤ ᠦᠬᠡᠳᠡ ᠨᠢ ᠨᠢᠳᠣᠷᠪᠠ ᠬᠡᠵᠦ᠂ ᠲᠠᠷᠠ ᠴᠢᠨᠢ ᠦᠬᠡ ᠦᠦ︖

ᠬᠣᠩᠭ᠋ᠣᠷ ᠢ ᠬᠣᠷᠢᠭᠠᠳ ᠠᠯᠬᠤᠮ ᠵᠠᠶ᠋‍ᠢᠳᠠᠭᠰᠠᠨ ᠬᠣᠶ᠋‍ᠢᠨ᠎ᠠ ᠪᠢ ᠠᠷᠤ ᠡᠴᠡ ᠨᠢ ᠲᠠᠭᠣᠳᠠᠵᠠᠢ᠃ ᠲᠠᠷᠠ ᠵᠤᠭ ᠲᠣᠰᠴᠣ ᠡᠷᠬᠢᠨ ᠬᠠᠠᠳᠣᠭᠠᠳ ᠨᠠᠷᠠ ᠡᠰᠡᠷᠬᠥ ᠲᠠᠯ᠎ᠠ ᠳ᠋ᠣᠨᠢ ᠪᠠᠶ᠋‍ᠢᠭ᠎ᠠ ᠨᠠᠮᠢ᠋ᠢ ᠰᠠᠷᠠᠪᠴᠢᠯᠠᠵᠣ ᠬᠠᠷᠠᠨ᠎ᠠ᠃ ᠪᠢ ᠬᠡᠷ ᠤᠨ ᠢᠶᠡᠨ ᠠᠷᠤ ᠶᠢᠨ ᠭᠣᠣᠯ ᠤᠨ ᠲᠣᠬᠣᠢ ᠶᠢᠨ ᠡᠷᠬᠢ ᠵᠦᠭ᠌ ᠵᠢᠭᠠᠵᠣ ᠲᠣᠬᠢᠪᠠᠯ ᠬᠣᠩᠭ᠋ᠣᠷ ᠬᠦᠮᠥᠰᠬᠡ ᠪᠠᠨ ᠠᠳᠣᠷᠢᠭᠣᠯᠵᠣ ᠮᠥᠷᠤ ᠲᠠᠯᠣ ᠪᠠᠨ ᠲᠠᠯᠵᠶ᠋‍ᠢᠯᠭᠠᠨ ᠮᠢᠨᠣ ᠬᠡᠯᠡᠬᠥ ᠦᠬᠡ ᠶᠢ ᠴᠢᠩᠨᠠᠭᠰᠠᠭᠠᠷ ᠣᠶ᠋‍ᠢᠷᠠᠳᠣᠭᠠᠳ ᠢᠷᠠᠵᠠᠢ᠃

《 ᠡᠷᠬᠢ ᠶᠢᠨ ᠲᠣᠣᠷᠠᠬᠢ ᠣᠰᠣᠨ ᠳᠤ ᠬᠡᠪᠳᠡᠵᠦ ᠪᠠᠶ᠋‍ᠢᠬᠣ ᠦᠨᠢᠶ᠎ᠡ ᠶᠢ ᠨᠢ ᠶᠠᠭᠠᠬᠢᠪᠠᠯ ᠲᠠᠭᠠᠷᠠᠨ᠎ᠠ︖》 ᠬᠡᠵᠦ ᠪᠢ ᠠᠰᠠᠭᠣᠪᠠ᠃

《 ᠴᠢᠯᠦᠬᠡ ᠵᠠᠪ ᠢᠶᠡᠨ ᠦᠵᠡᠵᠦ ᠪᠠᠶ᠋‍ᠢᠭᠠᠳ ᠨᠢᠳᠣᠨ ᠲᠠᠯᠳᠠ ᠣᠷᠣᠭᠣᠯᠵᠣ ᠲᠠᠯᠪᠢᠨ᠎ᠠ ᠰᠢᠳᠠ᠂ ᠦᠬᠡᠷ᠎ᠡ ᠶᠠᠭᠠᠬᠢᠬᠣ ᠪᠣᠢ 》 ᠬᠡᠵᠦ ᠬᠣᠩᠭ᠋ᠣᠷ ᠬᠡᠯᠡᠬᠡᠥᠨ ᠰᠠᠨᠠᠭ᠎ᠠ ᠠᠯᠳᠠᠵᠠᠢ᠃

《 ᠲ᠋ᠠᠶ᠋‍ᠢᠮᠣ ᠪᠣᠯ ᠪᠢ ᠮᠡᠳᠡᠴᠢᠬᠡᠢ᠎ᠡ 》 ᠬᠡᠵᠦ ᠪᠢ ᠬᠠᠷᠢᠭᠣᠯᠪᠠ᠃

ᠬᠣᠩᠭ᠋ᠣᠷ ᠲᠠᠬᠢᠠᠳᠠ ᠵᠠᠶ᠋‍ᠢᠳᠠᠵᠣ ᠶᠠᠪᠣᠭᠰᠠᠨ ᠤ ᠬᠣᠶ᠋‍ᠢᠨ᠎ᠠ ᠮᠢᠨᠣ ᠴᠢᠷᠠᠢ ᠨᠢᠭᠣᠷ ᠬᠡᠴᠡᠬᠥᠤ ᠮᠠᠭᠣᠬᠠᠢ ᠬᠠᠯᠠᠭᠣᠷᠠᠵᠣ ᠨᠢᠯᠴᠢᠬᠢᠨᠠᠵᠠᠢ᠃ ᠮᠢᠨᠣ ᠡᠨᠠ ᠴᠢᠨᠢ ᠶᠠᠭᠣ ᠪᠣᠯᠵᠣ ᠪᠠᠶ᠋‍ᠢᠨ᠎ᠠ ᠪᠣᠢ︕ ᠬᠠᠪᠢ ᠣᠶ᠋‍ᠢᠷ᠎ᠠ ᠬᠦᠮᠥᠨ ᠬᠠᠷ᠎ᠠ ᠦᠭᠡᠶ ᠶᠢ ᠲᠠᠯᠢᠮᠳᠠᠭᠣᠯᠵᠣ᠂ ᠪᠠᠶᠠᠷ ᠤᠨ ᠦᠬᠥᠭ᠍ᠰᠡᠨ ᠦᠨᠢᠶ᠎ᠡ ᠪᠠᠷ ᠰᠢᠯᠳᠠᠭ ᠪᠠᠷᠢᠨ ᠬᠣᠩᠭ᠋ᠣᠷ ᠲᠤ ᠨᠠᠭᠠᠯᠢᠩᠬᠠᠶ᠋‍ᠢᠳᠠᠬᠣ ᠪᠣᠳᠣᠯ ᠣᠷᠣᠭᠰᠠᠨ ᠬᠡᠷᠡᠭ ᠪᠣᠯᠵᠣ ᠪᠠᠶ᠋‍ᠢᠨ᠎ᠠ ᠦᠦ︖ ᠲᠠᠶ᠋‍ᠢᠮᠣ ᠮᠠᠶ‍ᠢᠭᠳᠠᠢ ᠵᠡᠭᠦᠳᠤ ᠶᠢ ᠪᠣᠯ ᠬᠡᠲᠦ ᠣᠳᠠᠭ᠎ᠠ ᠵᠠᠬᠥᠳᠥᠯᠠᠵᠦ ᠥᠩᠬᠡᠷᠡᠭ᠍ᠰᠡᠨ ᠶᠣᠮ᠃ ᠶᠠᠭ ᠦᠨᠡᠨ ᠪᠣᠳᠠᠳᠠᠢ ᠲᠡᠬᠡᠷ᠎ᠡ ᠨᠢ ᠲᠣᠯᠪᠠᠯ ᠪᠢ ᠬᠡᠳᠡᠭ ᠬᠦᠮᠥᠨ ᠴᠢᠨᠢ ᠮᠠᠳ ᠪᠣᠯᠴᠢᠬᠠᠳᠠᠭ ᠰᠢᠤ᠃ ᠪᠣᠷᠬᠠᠨ ᠦᠷᠥᠰᠢᠶᠡ ᠁ ᠨᠠᠳᠠ ᠳᠤ ᠵᠢᠷᠥᠬᠡ ᠡᠴᠡ ᠦᠰᠢᠶ᠎ᠡ ᠠᠪᠬᠣ ᠪᠣᠳᠣᠯ ᠣᠭᠳᠣ ᠦᠭᠡᠶ᠃

ᠡᠬᠢᠯᠡᠬᠡᠥᠨ ᠪᠢ ᠬᠠᠳᠠᠮ ᠡᠬᠡᠴᠢ ᠶᠢ ᠬᠣᠨᠢᠳ ᠢᠶᠡᠨ ᠪᠣᠯᠢᠶᠠᠭᠳᠠᠭᠠᠳ ᠵᠤᠪᠠᠵᠣ ᠪᠠᠶ᠋‍ᠢᠬᠣ ᠰᠢᠳᠠ ᠬᠡᠵᠦ ᠪᠣᠳᠣᠵᠠᠢ᠃ ᠲᠠᠶ᠋‍ᠢᠮᠣ ᠪᠢᠰᠢ ᠪᠣᠯ ᠲᠡᠬᠥᠨ ᠲᠡᠶ ᠶᠠᠷᠣ ᠶᠢᠨ ᠦᠶ᠎ᠡ ᠳᠡᠭᠡᠨ ᠶᠠᠭᠠᠬᠢᠵᠣ ᠲᠠᠭᠠᠷᠠᠯᠴᠠᠬᠣ ᠦᠭᠡᠶ ᠬᠡᠳᠡᠭ ᠪᠣᠯᠪᠠᠴᠣ ᠬᠡᠪᠳᠡᠯᠬᠡᠨ ᠳᠤ ᠣᠷᠣᠭᠰᠠᠨ ᠡᠪᠠᠳᠴᠢᠳᠠᠢ ᠬᠦᠮᠥᠨ ᠢ ᠬᠡᠷ ᠲᠣᠨᠢ ᠭᠠᠭᠴᠠᠭᠠᠷ ᠢ ᠬᠠᠶᠠᠭᠠᠳ ᠬᠡᠷ ᠤᠨ ᠠᠳᠠᠯ ᠢᠶᠡᠨ ᠬᠢᠬᠥ ᠪᠠᠷ ᠶᠠᠪᠣᠬᠣ ᠦᠭᠡᠶ ᠪᠠᠢᠭᠰᠠᠨ᠃ ᠦᠳᠡ ᠠᠶᠠᠳᠠᠭᠣᠯᠣᠭᠠᠳ ᠬᠡᠷ ᠲᠣᠨᠢ ᠲᠠᠬᠢᠭᠠᠳ ᠢᠷᠡᠬᠥ ᠳᠤ ᠮᠢᠨᠣ ᠪᠠᠯᠠᠳᠴᠣ ᠦᠭ᠍ᠬᠥᠭ᠍ᠰᠡᠨ ᠬᠣᠭᠣᠯᠠ ᠴᠠᠢ ᠬᠦᠳᠡᠯᠥᠭᠰᠡᠨ ᠪᠠᠶ᠋‍ᠢᠳᠠᠯ ᠦᠭᠡᠶ ᠵᠤᠤᠬᠠᠨ ᠲᠠᠶ᠋‍ᠢᠰᠠᠨ ᠲᠡᠬᠡᠷ᠎ᠡ ᠨᠢ ᠦᠷᠣᠬᠡᠰᠦᠳᠡᠢ ᠬᠡᠪ ᠢᠶᠡᠷ ᠢᠶᠡᠨ᠃ ᠲᠦᠬᠡᠨᠡᠮ᠎ᠡ ᠨᠠᠷᠠᠨ ᠤ ᠲᠣᠣᠷ᠎ᠠ ᠡᠴᠡ ᠬᠡᠨᠡᠳᠳᠡ ᠠᠯᠠᠭ᠎ᠠ ᠲᠠᠷᠣᠮᠠᠬᠠᠨ ᠴᠣᠩᠬᠤ ᠲᠡᠶ ᠬᠠᠭᠣᠴᠢᠷᠠᠭᠰᠠᠨ ᠰᠢᠪᠠᠷ ᠲᠣᠪᠣᠨ ᠤ ᠬᠠᠭᠠᠯᠭ᠎ᠠ ᠪᠠᠷ ᠰᠢᠷᠭᠣᠵᠣ ᠣᠷᠣᠭᠰᠠᠨ ᠪᠤᠯᠬᠤᠷ ᠬᠠᠠᠵᠣᠨ ᠲᠡᠬᠡᠬᠥᠷ ᠨᠢ ᠨᠢᠳᠣ ᠬᠠᠶᠠᠭᠰᠠᠨ ᠡᠴᠠ ᠪᠢᠰᠢ ᠬᠦᠰᠡᠷ ᠲᠣᠣᠷᠠᠬᠢ ᠶᠢ ᠯᠠᠪᠯᠠᠭᠰᠠᠨ ᠦᠭᠡᠶ᠃ ᠪᠦᠲᠦᠬᠥᠨ ᠮᠣᠣᠷ ᠨᠢ ᠬᠡᠳᠥᠨ ᠵᠤᠯᠵᠠᠭ᠎ᠠ ᠲᠡᠶ ᠪᠠᠨ ᠬᠠᠳᠠᠮ ᠡᠬᠡᠴᠢ ᠶᠢᠨ ᠰᠣᠭᠣᠷᠠᠵᠣ ᠭᠠᠷᠣᠭᠰᠠᠨ ᠣᠷᠣ ᠶᠢ ᠡᠵᠡᠯᠠᠬᠡᠥᠨ ᠬᠡᠪᠳᠡᠵᠦ ᠪᠠᠶ᠋‍ᠢᠨ᠎ᠠ᠃ ᠣᠷᠣ ᠶᠢ ᠨᠢ ᠡᠪᠬᠡᠵᠦ ᠲᠠᠯᠪᠢᠵᠣ ᠦᠭ᠍ᠬᠥ ᠪᠠᠷ ᠬᠦᠯ ᠢᠶᠡᠨ ᠵᠦᠬᠡᠬᠡᠬᠡᠥᠨ ᠪᠢ ᠰᠠᠶ‍ᠢ ᠬᠦᠰᠡᠷ ᠲᠡᠭᠡᠨ ᠡᠯᠢᠬᠡ ᠲᠥᠷᠣᠬᠥᠯᠡᠨ ᠬᠡᠪᠳᠡᠵᠦ ᠪᠠᠶ᠋‍ᠢᠭᠰᠠᠨ ᠬᠠᠳᠠᠮ ᠡᠬᠡᠴᠢ ᠶᠢᠨ ᠪᠠᠶ᠎ᠠ ᠲᠡᠬᠡᠷ᠎ᠡ ᠪᠦᠳᠥᠷᠢᠵᠡᠢ᠃ ᠲᠥᠰᠢᠵᠦ ᠦᠨᠳᠡᠢᠯᠬᠡᠬᠡᠥᠨ ᠯᠠᠪᠯᠠᠪᠠᠯ ᠴᠢᠷᠠᠢ ᠨᠢᠭᠣᠷ ᠨᠢ ᠰᠢᠷᠣᠢ ᠲᠣᠭᠣᠰᠣ ᠪᠣᠯᠵᠣ ᠬᠠᠯᠳᠠᠷᠰᠢᠭᠠᠳ᠂ ᠦᠰᠤ ᠬᠡᠵᠢᠬᠡ ᠨᠢ ᠦᠷᠪᠦᠢᠵᠦ᠂ ᠦᠵᠡᠬᠥ ᠰᠢᠨᠵᠢ ᠪᠠᠨ ᠠᠯᠳᠠᠴᠢᠬᠠᠭᠠᠳ ᠪᠠᠶ᠋‍ᠢᠪᠠ᠃ ᠰᠠᠠᠳᠣᠷᠴᠣ ᠪᠠᠯᠠᠭᠳᠠᠬᠣ ᠳᠤ ᠭᠠᠷ ᠬᠦᠯ ᠰᠠᠯᠭᠠᠨᠠᠭᠠᠳ᠂ ᠬᠣᠭᠣᠯᠠᠢ ᠠᠮᠨ ᠴᠠᠴᠠᠷᠠᠵᠣ ᠪᠠᠶ᠋‍ᠢᠪᠠᠴᠣ ᠪᠢ᠄ 《 ᠡᠬᠡᠴᠢ ᠡ᠂ ᠲᠠᠭᠣᠯᠠ︕》 ᠬᠡᠵᠦ ᠣᠯᠠᠭᠠᠨ ᠨᠣᠭᠣᠭᠠᠨ ᠲᠠᠭᠣᠨ ᠢᠶᠡᠷ ᠣᠷᠢᠯᠠᠵᠣ ᠲᠠᠭᠣᠳᠠᠯ᠎ᠠ᠃ ᠨᠢᠳᠣ ᠪᠠᠨ ᠲᠠᠭ ᠠᠨᠢᠭᠰᠠᠨ ᠬᠠᠳᠠᠮ ᠡᠬᠡᠴᠢ ᠶᠢᠨ ᠪᠠᠶ᠎ᠠ ᠴᠣᠭᠴᠠ ᠦᠶ᠎ᠡ ᠬᠡᠰᠢᠬᠥᠤ ᠦᠭᠡᠶ ᠮᠠᠳᠣ ᠰᠣᠯᠠᠳᠠᠭᠠᠳ ᠲᠠᠭᠣᠳᠠᠯᠭ᠎ᠠ ᠡᠨᠠ ᠲᠠᠷᠠ ᠶᠢ ᠣᠶ᠋‍ᠢᠰᠢᠶᠠᠬᠣ ᠴᠤ ᠦᠬᠡᠢ᠃ ᠬᠠᠠᠵᠣᠨ ᠲᠡᠬᠡᠷ᠎ᠡ ᠨᠢ ᠡᠷᠬᠥᠵᠦ ᠭᠠᠷᠭᠠᠨ ᠲᠡᠭ᠍ᠰᠢᠬᠡᠨ ᠬᠡᠪᠳᠡᠬᠥᠯᠦᠬᠡᠥᠨ ᠲᠣᠪᠣᠨ ᠤ ᠡᠬᠥᠳᠡ ᠴᠣᠩᠬᠤ ᠶᠢ ᠨᠢ ᠪᠦᠬᠥᠳᠡ ᠶᠢ ᠣᠩᠭ᠋ᠣᠶ᠋‍ᠢᠯᠭᠠᠪᠠ᠃ 《 ᠬᠦᠮᠥᠨ 》 ᠣᠷᠣᠮ ᠢ ᠨᠢ ᠬᠢᠮᠣᠰᠣᠯᠠᠵᠣ᠂ ᠬᠦᠯ ᠭᠠᠷ ᠢ ᠨᠢ ᠨᠣᠭᠣᠯᠠᠵᠣ ᠵᠢᠬᠢᠯᠬᠡᠪᠡ᠃ ᠮᠡᠳᠡᠳᠡᠭ ᠬᠡᠳᠥᠨ ᠵᠦᠢᠯ ᠤᠨ ᠮᠠᠨᠠᠷᠠᠭᠰᠠᠨ ᠬᠦᠮᠥᠨ ᠳᠤ ᠵᠠᠷᠣᠳᠠᠭ ᠵᠠᠰᠠᠯᠭ᠎ᠠ ᠪᠠᠨ ᠪᠦᠬᠥᠳᠡ ᠶᠢ ᠵᠠᠷᠣᠴᠢᠬᠠᠯ᠎ᠠ᠃ ᠲᠣᠰᠠ ᠪᠣᠯᠣᠭᠰᠠᠨ ᠪᠠᠶ᠋‍ᠢᠳᠠᠯ ᠦᠭᠡᠶ᠃ ᠲᠣᠪᠣᠨ ᠤ ᠡᠬᠥᠳᠡᠨ ᠭᠠᠳᠠᠭ᠎ᠠ ᠪᠣᠩᠰᠢᠵᠣ ᠭᠠᠷᠣᠭᠠᠳ ᠭᠠᠴᠢᠭᠳᠠᠬᠣ ᠳᠠᠭᠠᠨ ᠦᠰᠤ ᠪᠠᠨ ᠪᠠᠵᠠᠵᠣ ᠪᠠᠶ᠋‍ᠢᠬᠣ ᠳᠤ ᠪᠠᠷᠠᠭᠣᠨ ᠡᠮᠣᠨ᠎ᠠ ᠬᠣᠳᠣᠭᠣᠷ ᠤᠨ ᠭᠣᠣᠯ ᠤᠨ ᠲᠣᠬᠣᠢ ᠵᠢ ᠣᠷᠢᠶᠠᠭᠠᠳ ᠡᠷᠳᠡᠨᠢᠵᠠᠪ (ᠭᠡᠷᠡᠯ ᠤᠨ ᠡᠷᠡᠭᠳᠡᠢ ) ᠨᠠᠭᠠᠰᠢ ᠪᠠᠨ ᠬᠦᠶᠥᠵᠦ ᠪᠠᠶ᠋‍ᠢᠬᠣ ᠬᠠᠷᠠᠭᠳᠠᠵᠠᠢ᠃ ᠲᠣᠳᠣᠷ᠎ᠠ ᠠᠭᠣᠵᠢᠷᠠᠵᠣ ᠣᠩᠭ᠋ᠣᠶ᠋‍ᠢᠭᠰᠠᠨ ᠬᠡᠵᠦ ᠡ ᠁

ᠪᠢ ᠮᠢᠬᠠᠨ ᠪᠠᠶ᠎ᠠ ᠡᠴᠡ ᠪᠠᠨ ᠰᠠᠯᠵᠣ ᠭᠠᠷᠣᠭᠠᠳ ᠲᠣᠪᠣᠨ ᠤ ᠪᠠᠷᠠᠭᠠᠨ ᠠᠳᠠᠭᠠᠷ ᠤᠨ ᠠᠭᠠᠯᠵᠢ ᠶᠢᠨ ᠦᠬᠡᠰᠢ ᠶᠢᠨ ᠲᠠᠯᠳᠠ ᠲᠦᠳᠡᠪᠡ᠃ ᠬᠦᠰᠡᠷ ᠲᠤ ᠡᠯᠢᠬᠡ ᠲᠥᠷᠣᠬᠥᠯᠡᠨ ᠬᠡᠪᠳᠡᠵᠦ ᠪᠠᠶ᠋‍ᠢᠭ᠎ᠠ ᠬᠠᠠᠴᠣᠢ ᠶᠢᠨ ᠦᠵᠦᠬᠥᠷ ᠨᠢ ᠰᠡᠮᠡᠷᠬᠡᠢ ᠪᠣᠷᠣ ᠰᠣᠳᠠᠯ ᠲᠡᠶ ᠬᠠᠷ᠎ᠠ ᠬᠦᠷᠮ᠎ᠡ ᠡᠮᠣᠰᠣᠨ᠂ ᠬᠦᠯ ᠳᠡᠭᠡᠨ ᠣᠭᠳᠣᠷ ᠲᠥᠷᠡᠢ ᠲᠡᠶ ᠣᠰᠣᠨ ᠭᠣᠳᠣᠯ ᠣᠭᠯᠠᠭᠰᠠᠨ ᠪᠦᠰᠠᠬᠥᠢ ᠪᠣᠯ ᠮᠢᠨᠣ ᠣᠷᠣᠩᠨᠠᠵᠣ ᠪᠠᠶ᠋‍ᠢᠭᠰᠠᠨ ᠬᠠᠯᠢᠰᠤ ᠬᠡᠬᠥᠷ ᠶᠣᠮ᠃ ᠪᠢ ᠪᠣᠳᠠᠰᠯᠢᠭ ᠣᠷᠴᠢᠨ ᠡᠴᠡ ᠨᠢᠬᠡᠮᠥᠰᠥᠨ ᠵᠠᠶ᠋‍ᠢᠯᠠᠬᠣ ᠡᠰᠠᠬᠥ ᠪᠠᠨ ᠲᠣᠭᠳᠠᠭᠠᠵᠣ ᠴᠢᠳᠠᠯ ᠦᠭᠡᠶ᠂ ᠠᠭᠠᠯᠵᠢ ᠶ᠋‍ᠢᠨ ᠦᠬᠡᠰᠢ ᠶᠢᠨ ᠵᠠᠶ᠋‍ᠢᠴᠠ ᠰᠥᠯᠵᠢᠨ ᠡᠶ᠋‍ᠢᠰᠢ ᠲᠠᠶ᠋‍ᠢᠰᠢ ᠲᠡᠪᠬᠡᠷᠴᠦ ᠪᠠᠶ᠋‍ᠢᠬᠣ ᠳᠤ ᠲᠡᠬᠥᠤ ᠪᠠᠷᠢ ᠬᠣᠩᠭ᠋ᠣᠷ ᠭᠠᠳᠠᠨ᠎ᠠ ᠡᠴᠡ ᠣᠷᠣᠵᠣ ᠢᠷᠡᠬᠡᠥᠨ ᠬᠡᠬᠥᠷ ᠪᠠᠶ᠎ᠠ ᠶᠢ ᠬᠠᠠᠵᠣᠨ ᠲᠡᠬᠡᠷ᠎ᠡ ᠭᠠᠷᠭᠠᠨ ᠬᠡᠪᠳᠡᠬᠥᠯᠵᠡᠢ ᠁ ᠪᠣᠳᠠᠰᠯᠢᠭ ᠣᠷᠴᠢᠨ ᠤ ᠦᠯᠤ ᠮᠡᠳᠡᠭ ᠤᠨ ᠲᠠᠳᠠᠬᠣ ᠬᠦᠴᠦ ᠨᠠᠮᠢ᠋ᠢ ᠲᠠᠬᠢᠠᠳᠠ ᠡᠷᠬᠡᠰᠢᠶᠡᠭ᠍ᠰᠡᠨ ᠤ ᠲᠠᠷᠠᠭ᠎ᠠ ᠪᠢ ᠦᠪᠡᠷ ᠤᠨ ᠡᠷᠬᠡ ᠦᠭᠡᠶ ᠪᠠᠷ ᠬᠡᠬᠥᠷ ᠪᠠᠶ᠎ᠠ ᠶᠢᠨ ᠢᠶᠡᠨ ᠲᠣᠳᠣᠷ᠎ᠠ ᠰᠢᠷᠭᠣᠭᠠᠳ ᠣᠷᠣᠴᠢᠬᠠᠭᠰᠠᠨ ᠪᠠᠶ᠋‍ᠢᠪᠠ᠃

ᠨᠠᠮᠢ᠋ᠢ ᠰᠣᠮᠣᠨ ᠤ ᠬᠦᠷᠢᠶ᠎ᠡ ᠶᠢᠨ ᠡᠬᠥᠳᠡᠨ ᠬᠡᠷ ᠲᠤ ᠰᠠᠭᠣᠭᠠᠳ ᠴᠣᠩᠬᠤ ᠪᠠᠷ ᠨᠢ ᠭᠠᠳᠠᠭᠰᠢ ᠪᠠᠨ ᠬᠠᠷᠠᠵᠣ ᠪᠠᠶ᠋‍ᠢᠬᠣ ᠳᠤ ᠪᠦᠬᠥ ᠪᠠᠶ᠎ᠠ ᠣᠯᠠᠭᠠᠨ ᠲᠣᠭᠣᠰᠣ ᠪᠣᠯᠣᠭᠰᠠᠨ ᠬᠣᠶᠠᠷ ᠡᠷᠡᠭ᠍ᠳᠡᠢ᠂ ᠨᠢᠬᠡ ᠪᠦᠰᠠᠬᠥᠢ ᠠᠯᠪᠠᠨ ᠬᠡᠷ ᠵᠦᠭ᠌ ᠶᠠᠪᠣᠬᠣ ᠨᠢ ᠬᠠᠷᠠᠭᠳᠠᠵᠠᠢ᠃ ᠰᠠᠶ᠋‍ᠢᠬᠠᠨ ᠯᠠᠪᠯᠠᠪᠠᠯ ᠲᠠᠳᠠ ᠭᠣᠷᠪᠠᠭᠣᠯᠠ ᠪᠠᠨ ᠬᠣᠰᠣᠳᠣ ᠶᠢᠨ ᠠᠶ᠋‍ᠢᠯ ᠤᠨ ᠬᠣᠶᠠᠷ ᠭᠣᠵᠦᠡᠭ ᠤᠨ ᠬᠣᠭᠣᠷᠣᠠᠳᠣ ᠰᠠᠭᠣᠳᠠᠭ ᠣᠯᠣᠰ ᠮᠦᠨ᠃ ᠲᠠᠳᠠᠨ ᠢ ᠦᠵᠡᠮᠡᠭ᠍ᠴᠡ ᠪᠢ ᠶᠠᠭᠣᠨ ᠳᠤ ᠶᠠᠮᠠᠷ ᠣᠴᠢᠷ ᠢᠶᠡᠷ ᠶᠠᠪᠣᠵᠣ ᠪᠠᠶ᠋‍ᠢᠬᠣ ᠶᠢ ᠨᠢ ᠲᠤᠷ ᠬᠡᠳᠡᠯ᠎ᠡ ᠮᠡᠳᠡᠴᠢᠬᠡᠪᠡ᠃ ᠬᠠᠭᠠᠯᠭᠠᠴᠢ ᠡᠪᠥᠬᠡᠨ ᠬᠦᠸᠧᠯᠤ ᠳᠡᠭᠡᠨ ᠣᠰᠣ ᠨᠡᠮᠠᠬᠡᠥᠨ ᠰᠣᠨᠢᠨ ᠤ ᠴᠠᠭᠠᠰᠣᠨ ᠳᠤ ᠣᠷᠢᠶᠠᠭᠰᠠᠨ ᠫᠠᠭ ᠦᠮᠠᠬᠡᠢ ᠨᠠᠪᠴᠢᠨ ᠲᠠᠮᠠᠬᠢ ᠪᠠᠨ ᠣᠳᠣᠭ᠎ᠠ ᠮᠠᠠᠳᠣᠭᠣᠯᠵᠣ ᠵᠠᠭᠣᠭᠰᠠᠭᠠᠷ ᠮᠢᠨᠣ ᠲᠡᠷᠬᠡᠳᠡ ᠢᠷᠠᠵᠣ ᠲᠠᠳᠠᠨ ᠤ ᠠᠯᠢ ᠬᠠᠭᠠᠯᠭ᠎ᠠ ᠪᠠᠷ ᠰᠢᠷᠭᠣᠬᠣ ᠶᠢ ᠰᠣᠨᠢᠭᠣᠴᠢᠯᠠᠨ᠎ᠠ᠃

《 ᠲᠠᠳᠠ ᠡ᠊ᠠᠳᠠ ᠢᠷᠠᠵᠣ ᠰᠣᠮᠣᠨ ᠳ᠋‍ᠠ ᠶᠣᠮ ᠦᠦ᠂ ᠱᠦᠵᠢ ᠶᠢᠨ ᠠᠯᠢ ᠶᠢ ᠨᠢ ᠡᠷᠢᠯ᠎ᠠ ᠴᠤ ᠬᠡᠥᠨ ᠣᠴᠢᠷ ᠶᠠᠪᠣᠳᠠᠯ ᠢᠶᠡᠨ ᠠᠮᠠᠷᠬᠠᠨ ᠪᠦᠲᠦᠬᠡᠵᠦ ᠲᠡᠢᠯᠬᠥ ᠡᠴᠡ ᠬᠣᠯᠠᠳᠠᠵᠠᠢ 》 ᠬᠡᠵᠦ ᠪᠢ ᠬᠠᠠᠴᠣᠢ ᠲᠡᠬᠡᠷ᠎ᠡ ᠨᠠᠭᠠᠯᠳᠣᠭᠰᠠᠭᠠᠷ ᠪᠠᠶ᠋‍ᠢᠭ᠎ᠠ ᠬᠡᠳᠥᠨ ᠰᠢᠷᠬᠡᠭ᠌ ᠬᠣᠨᠢᠨ ᠨᠣᠣᠰᠣ ᠶᠢ ᠲᠡᠬᠥᠵᠦ ᠠᠪᠣᠨ ᠴᠣᠩᠬᠤ ᠪᠠᠷ ᠭᠠᠳᠠᠭᠰᠢ ᠬᠡᠶ᠋‍ᠢᠰᠬᠡᠬᠥ ᠳᠡᠭᠡᠨ ᠬᠡᠯᠡᠪᠡᠯ ᠬᠠᠭᠠᠯᠭᠠᠴᠢ ᠡᠪᠥᠬᠡᠨ ᠨᠠᠮᠢ᠋ᠢ ᠨᠢᠳᠣᠨ ᠪᠤᠯᠤᠩ ᠢᠶᠡᠷ ᠶ᠋‍ᠢᠠᠨ ᠰᠢᠷᠪᠢᠬᠡᠥᠨ ᠬᠠᠷᠢᠭᠣ ᠲᠣᠣᠭᠠᠷᠣᠭᠰᠠᠨ ᠦᠭᠡᠶ᠃

ᠬᠣᠶᠠᠷ ᠭᠣᠵᠦᠡᠭ ᠤᠨ ᠬᠣᠭᠣᠷᠣᠠᠳᠣ ᠡᠴᠡ ᠥᠩᠬᠡᠷᠡᠭ᠍ᠰᠡᠨ ᠰᠦᠨᠢ ᠶᠢ ᠬᠠᠭᠠᠰᠯᠠᠬᠣ ᠳᠤ ᠲᠡᠬᠡᠬᠡᠭ᠍ᠰᠡᠨ ᠬᠣᠨᠢᠳ᠂ ᠮᠢᠨᠣ ᠪᠠᠷᠣᠭᠯᠠᠬᠣ ᠪᠠᠷ ᠡᠨᠠ ᠦᠶ᠎ᠡ ᠳᠤ ᠴᠠᠭᠠᠨ ᠲᠠᠪᠠᠭ᠎ᠠ ᠶᠣᠮ ᠦᠦ᠂ ᠡᠰᠠᠬᠥᠯ᠎ᠡ ᠬᠣᠰᠢᠭᠣ ᠪᠠᠯᠭᠠᠰᠣ ᠬᠦᠷᠥᠬᠡᠥᠨ ᠲᠣᠭᠣᠰᠬᠠᠨ ᠬᠦᠷᠢᠶ᠎ᠡ ᠲᠠᠮᠣᠷ ᠬᠠᠭᠠᠯᠭ᠎ᠠ ᠶᠢᠨ ᠲᠣᠳᠣᠷ᠎ᠠ ᠣᠷᠣᠴᠢᠬᠠᠭᠰᠠᠨ ᠪᠠᠶ᠋‍ᠢᠬ᠎ᠠ᠃ ᠨᠠᠳᠠ ᠳᠤ ᠴᠤ ᠪᠣᠯ ᠲᠠᠳᠠᠨ ᠤ ᠶᠠᠪᠣᠳᠠᠯ ᠣᠭᠳᠣ ᠬᠠᠮᠢᠶ᠎ᠠ ᠦᠭᠡᠶ᠃ ᠪᠢ ᠵᠦᠬᠡᠷ ᠯᠨ ᠰᠣᠮᠣ ᠵᠠᠰᠠᠭ ᠤᠨ ᠠᠯᠪᠠᠨ ᠳᠤ ᠲᠦᠷ ᠴᠠᠭ ᠬᠦᠯᠥᠰᠥᠯᠡᠭ᠍ᠳᠡᠵᠦ ᠪᠠᠶ᠋‍ᠢᠬᠣ ᠲᠠᠳᠣᠢ᠃ ᠬᠡᠬᠡᠷ᠎ᠡ ᠶᠢᠨ ᠪᠡᠯᠴᠢᠬᠡᠷ ᠲᠤ ᠲᠣᠬᠢᠶᠠᠯᠳᠣᠭᠰᠠᠨ ᠬᠣᠨᠢ ᠢᠮᠠᠭᠠᠳ ᠢ ᠬᠣᠰᠢᠭᠣᠨ ᠡᠴᠡ ᠢᠷᠡᠭ᠍ᠰᠡᠨ ᠲᠠᠷᠣᠭ᠎ᠠ ᠨᠣᠶᠠᠨ ᠪᠠᠷᠢᠵᠣ ᠲᠡᠬᠡᠬᠡ ᠬᠡᠪᠡᠯ ᠵᠠᠷᠯᠢᠭ ᠢ ᠨᠢ ᠪᠡᠶᠡᠯᠠᠬᠥᠯᠬᠥ ᠡᠴᠡ ᠦᠬᠡᠷ᠎ᠡ ᠮᠠᠭᠣ ᠬᠡᠷᠡᠭ ᠨᠢᠬᠡ ᠴᠤ ᠬᠢᠭ᠍ᠰᠡᠨ ᠦᠭᠡᠶ᠃ ᠠᠷᠢᠬᠢᠨ ᠰᠢᠷᠡᠬᠡᠨ ᠲᠡᠬᠡᠷ᠎ᠡ ᠬᠦᠮᠥᠨ ᠢ ᠪᠠᠷᠢᠵᠣ ᠵᠤᠳᠣᠭᠰᠠᠨ ᠣᠴᠢᠷ ᠦᠭᠡᠶ᠃ ᠬᠠᠷᠮᠠᠨ ᠣᠳᠠᠰᠣ ᠪᠠᠷ ᠲᠠᠨᠢᠯ ᠠᠶ᠋‍ᠢᠯ ᠳᠠᠭᠠᠨ ᠴᠢᠮᠡᠬᠡ ᠦᠭᠴᠦ ᠲᠠᠯ᠎ᠠ ᠨᠣᠳᠣᠭ ᠬᠠᠮᠢᠶᠠᠷᠬᠣ ᠲᠣᠭᠳᠠᠭᠠᠯ ᠢ ᠡᠪᠳᠡᠭ᠍ᠰᠡᠨ ᠦᠭᠡᠶ᠃ ᠲᠣᠷᠭᠠᠭᠣᠯᠢ ᠶ᠋‍ᠢᠨ ᠵᠤᠭᠣᠰ ᠡᠴᠡ ᠨᠢ ᠱᠠᠮᠰᠢᠭᠰᠠᠨ ᠶᠠᠪᠣᠳᠠᠯ ᠦᠭᠡᠶ᠃ ᠦᠨᠡᠨ ᠢ ᠬᠡᠯᠡᠪᠡᠯ ᠪᠢ ᠱᠠᠮᠰᠢᠬᠤ ᠶᠢ ᠲᠣᠷᠠᠯᠠᠯ᠎ᠠ ᠴᠤ ᠮᠢᠨᠣ ᠭᠠᠷ ᠲᠤ ᠣᠷᠣᠵᠣ ᠢᠷᠡᠬᠥ ᠵᠤᠭᠣᠰ ᠪᠢᠰᠢ᠃ ᠠᠯᠢ ᠨᠢᠬᠡ ᠡᠳᠣᠷ ᠣᠴᠢᠷ ᠶᠠᠪᠣᠳᠠᠯ ᠪᠣᠷᠣᠭᠣ ᠪᠠᠷ ᠡᠷᠬᠢᠬᠡᠥᠨ ᠨᠠᠳᠠ ᠡᠴᠡ ᠡᠨᠠ ᠲᠠᠷᠠ ᠶᠢ ᠠᠰᠠᠭᠣᠬᠣ ᠳᠤ ᠬᠦᠷᠪᠡᠯ ᠪᠢ ᠶᠠᠭᠣ ᠴᠤ ᠮᠡᠳᠡᠬᠥ ᠦᠭᠡᠶ᠃ ᠮᠢᠨᠣ ᠲᠡᠬᠡᠳᠡᠢ ᠰᠣᠮᠣ ᠶᠢᠨ ᠠᠯᠪᠠᠳᠠᠨ ᠪᠠᠶ᠋‍ᠢᠨ᠎ᠠ᠂ ᠰᠣᠮᠣᠨ ᠤ ᠠᠯᠪᠠᠳᠠᠨ ᠤ ᠲᠡᠬᠡᠷ᠎ᠡ ᠬᠣᠰᠢᠭᠣᠨ ᠤ ᠠᠯᠪᠠᠳᠠᠨ ᠪᠠᠶ᠋‍ᠢᠨ᠎ᠠ᠃ ᠲᠡᠭ᠍ᠷᠢ ᠨᠣᠷᠠᠪᠠᠯ ᠦᠨᠳᠥᠷ ᠲᠡᠬᠡᠷ᠎ᠡ ᠁

ᠮᠢᠨᠣ ᠦᠵᠡᠬᠥ ᠪᠠᠷ ᠬᠣᠰᠣᠳᠣ ᠶᠢᠨ ᠠᠶ᠋‍ᠢᠯ ᠤᠨ ᠬᠣᠶᠠᠷ ᠭᠣᠵᠦᠡᠭ ᠤᠨ ᠬᠣᠭᠣᠷᠣᠠᠳᠣ ᠰᠠᠭᠣᠳᠠᠭ ᠲᠠᠷᠠ ᠨᠢᠬᠡ ᠡᠷᠣᠬᠡ ᠶᠢ ᠰᠢᠳᠬᠡᠭ᠍ᠰᠡᠨ ᠨᠢ ᠪᠠᠬᠠᠨ ᠬᠡᠳᠥᠷᠠᠬᠥᠯᠵᠡᠢ᠃ ᠪᠠᠶᠠᠷ ᠬᠡᠳᠡᠭ ᠬᠦᠮᠥᠨ ᠠᠷᠢᠬᠢᠨ ᠰᠢᠷᠡᠬᠡᠨ ᠲᠡᠬᠡᠷ᠎ᠡ ᠪᠢᠳᠠᠨ ᠢ ᠬᠣᠷᠣᠭᠣ ᠭᠣᠵᠣᠩᠨᠠᠭᠣᠯᠵᠣ ᠬᠠᠷᠢᠶᠠᠭᠰᠠᠨ ᠬᠡᠳᠡᠭ ᠪᠣᠯᠪᠠᠴᠣ ᠬᠠᠷᠢᠭᠣ ᠶᠢ ᠨᠢ ᠰᠣᠮᠣᠨ ᠤ ᠵᠠᠯᠠᠭᠣ ᠺᠠᠳ᠋ᠷ ᠲᠠᠷᠠ ᠲᠣᠣᠷ᠎ᠠ ᠨᠢ ᠬᠦᠢᠴᠡᠬᠡᠴᠢᠬᠡᠭ᠍ᠰᠡᠨ ᠶᠣᠮ᠃ ᠬᠣᠨᠢᠳ ᠢ ᠨᠢ ᠪᠦᠬᠥᠳᠡ ᠶᠢ ᠪᠠᠷᠢᠵᠣ ᠲᠡᠬᠡᠬᠡᠬᠥ ᠪᠠᠷ ᠪᠣᠳᠣᠬᠣ ᠳᠤ ᠰᠣᠮᠣᠨ ᠲᠡᠬᠡᠷ᠎ᠡ ᠠᠪᠣᠭᠠᠳ ᠢᠷᠠᠪᠠᠯ ᠪᠣᠯᠣᠯ᠎ᠠ ᠪᠢᠵᠠ᠃ ᠶᠠᠭᠣᠨ ᠤ ᠦᠬᠡᠷ᠎ᠡ ᠵᠦᠭ᠌ ᠲ᠋ᠤ ᠠᠪᠣᠭᠠᠳ ᠶᠠᠪᠣᠴᠢᠬᠠᠭᠰᠠᠨ ᠪᠣᠢ︖ ᠣᠳᠣ ᠲᠠᠳᠠ ᠬᠡᠳᠥᠨ ᠵᠠᠭᠣᠨ ᠭᠠᠵᠠᠷ ᠤᠨ ᠴᠠᠭᠠᠨᠠᠬᠢ ᠬᠣᠰᠢᠭᠣ ᠪᠠᠯᠭᠠᠰᠣ ᠬᠦᠷᠴᠦ ᠲᠣᠷᠭᠠᠭᠣᠯᠢ ᠮᠦᠩᠬᠥ ᠪᠠᠨ ᠲᠣᠰᠢᠶᠠᠵᠣ᠂ ᠲᠡᠬᠡᠬᠡᠬᠥ ᠲᠡᠷᠬᠡ ᠬᠦᠯᠥᠰᠥᠯᠠᠬᠡᠥᠨ ᠨᠠᠭᠠᠰᠢ ᠠᠪᠣᠭᠠᠳ ᠢᠷᠡᠬᠥ ᠳᠤ ᠴᠢᠮᠦᠬᠡ ᠲᠣᠮᠳᠠᠭᠣᠷ ᠬᠣᠨᠢᠳ ᠨᠢ ᠨᠢᠬᠡ ᠨᠢᠬᠡ ᠪᠠᠷ ᠢᠶᠡᠨ ᠡᠷᠬᠥᠳᠡᠭ ᠲᠤ ᠣᠷᠣᠴᠢᠬᠠᠬᠣ ᠪᠡᠶ᠋‍ᠢᠯᠬᠥᠢ᠃ ᠪᠣᠳᠣᠭᠠᠳ ᠦᠵᠡᠬᠥ ᠳᠤ ᠮᠠᠯᠴᠢᠨ ᠬᠦᠮᠥᠨ ᠬᠡᠳᠡᠭ ᠴᠢᠨᠢ ᠣᠷᠣᠭᠣ ᠨᠢ ᠣᠷᠣᠪᠠᠯ ᠲᠦᠷ ᠴᠠᠭ ᠤᠨ ᠬᠦᠯᠥᠰᠥᠨ ᠠᠵᠢᠯ ᠡᠷᠢᠬᠡᠥᠨ ᠲᠠᠩᠰᠢᠳᠡᠭ ᠨᠠᠳᠠ ᠡᠴᠡ ᠴᠤ ᠲᠣᠯᠣᠭᠠᠨ ᠲᠣᠣᠷ᠎ᠠ ᠪᠣᠯᠴᠢᠬᠠᠳᠠᠭ ᠶᠣᠮ ᠪᠠᠶ᠋‍ᠢᠨ᠎ᠠ ᠁

ᠵᠠᠮ ᠢᠶᠡᠷ ᠥᠩᠬᠡᠷᠡᠬᠥ ᠠᠷᠤ ᠬᠠᠰᠢᠯᠭᠠᠨ ᠳᠠᠭᠠᠨ ᠴᠠᠭᠠᠨ ᠪᠦᠷᠬᠥᠬᠥᠯ ᠲᠡᠶ ᠮᠠᠰᠢᠨ ᠢ ᠲᠠᠯᠠᠯᠵᠣ ᠲᠠᠭᠣᠳᠠᠭᠰᠠᠭᠠᠷ ᠪᠠᠶ᠋‍ᠢᠵᠣ ᠭᠣᠣᠯ ᠤᠨ ᠲᠣᠬᠣᠢ ᠳᠤ ᠠᠪᠴᠢᠷᠠᠭᠠᠳ ᠪᠠᠶᠠᠷ ᠤᠨ ᠦᠬᠥᠭ᠍ᠰᠡᠨ ᠦᠨᠢᠶ᠎ᠡ ᠶᠢ ᠦᠵᠡᠬᠥᠯᠪᠡᠯ ᠵᠢᠯᠣᠭᠣᠴᠢ ᠬᠢᠳᠠᠳ ᠴᠠᠭᠠᠨ ᠪᠡᠬᠡᠯᠡᠢ ᠲ᠋ᠠᠢ ᠭᠠᠷ ᠢᠶᠡᠨ ᠰᠠᠵᠢᠭᠰᠠᠨ ᠲᠡᠬᠡᠷ᠎ᠡ ᠨᠢ ᠰᠠᠵᠢᠭᠠᠳ ᠠᠮᠨ ᠪᠠᠨ ᠢᠷᠪᠠᠶ᠋‍ᠢᠭᠰᠠᠨ ᠲᠡᠬᠡᠷ᠎ᠡ ᠢᠷᠪᠠᠶ᠋‍ᠢᠵᠠᠢ᠃ ᠵᠤᠭᠣᠰ ᠠᠪᠬᠣ ᠦᠭᠡᠶ ᠵᠦᠬᠡᠷ ᠦᠭ᠍ᠬᠥᠢ᠎ᠡ ᠬᠡᠰᠡᠨ ᠴᠤ ᠪᠣᠯᠣᠭᠰᠠᠨ ᠦᠭᠡᠶ᠃ ᠪᠣᠳᠣᠵᠣ ᠦᠵᠡᠪᠡᠯ ᠣᠳᠣ ᠶᠢᠨ ᠬᠢᠳᠠᠳ ᠬᠦᠮᠥᠨ ᠤ ᠨᠢᠳᠣ ᠨᠢ ᠲᠠᠷᠭᠣᠯᠠᠵᠠᠢ᠃ ᠬᠠᠭᠣᠴᠢᠨ ᠳᠤ ᠪᠣᠯᠣᠭᠰᠠᠨ ᠪᠣᠯ ᠬᠡᠷ ᠤᠨ ᠨᠣᠬᠠᠢ ᠶᠢᠨ ᠬᠡᠮᠡᠯᠢᠵᠦ ᠦᠯᠠᠳᠡᠬᠡᠭ᠍ᠰᠡᠨ ᠬᠦᠯᠳᠡᠬᠥᠤ ᠰᠡᠭ ᠡᠴᠡ ᠴᠤ ᠰᠢᠬᠢᠷ᠎ᠠ ᠲᠣᠯᠣᠭᠠᠢ ᠶᠢ ᠨᠢ ᠣᠭᠳᠣᠯᠵᠣ ᠠᠪᠳᠠᠭ ᠪᠠᠶ᠋‍ᠢᠭᠰᠠᠨ ᠶᠣᠮ᠃ ᠪᠠᠶᠠᠷ ᠤᠨ ᠡᠨᠠ ᠮᠠᠭᠣ ᠦᠨᠢᠶ᠎ᠡ ᠶᠣᠰᠣᠳᠠᠢ ᠦᠬᠥᠬᠥ ᠭᠠᠵᠠᠷ ᠢᠶᠡᠨ ᠣᠯᠵᠠᠢ᠃ ᠣᠷᠣᠰᠬᠠᠯ ᠣᠰᠣᠨ ᠳᠤ ᠨᠢᠬᠡ ᠰᠦᠨᠢ ᠬᠡᠪᠳᠡᠬᠥᠯᠥᠭᠰᠡᠨ ᠴᠢᠨᠢ ᠬᠣᠮᠠᠭ ᠲᠤ ᠲᠠᠯ᠎ᠠ ᠪᠠᠶ᠎ᠠ ᠨᠢ ᠰᠢᠬᠢᠳᠥᠭᠰᠡᠨ ᠢ ᠬᠡᠯᠡᠬᠥ ᠦᠭᠡᠶ᠂ ᠭᠣᠣᠷ ᠤᠨ ᠰᠦᠪᠡ ᠪᠠᠷ ᠨᠢ ᠣᠰᠣ ᠰᠢᠮᠡᠲᠦᠬᠡᠥᠨ ᠦᠰᠤ ᠵᠢᠰᠣ ᠡᠴᠡ ᠨᠢ ᠲᠠᠳᠠᠵᠣ ᠴᠢᠩᠭ᠋ᠠᠭᠠᠬᠣ ᠶᠢᠨ ᠴᠤ ᠠᠷᠭ᠎ᠠ ᠦᠭᠡᠶ ᠪᠣᠯᠵᠠᠢ᠃ ᠬᠣᠩᠭ᠋ᠣᠷ ᠲᠤ ᠠᠮᠨ ᠠᠯᠳᠠᠵᠣ ᠨᠢᠳᠣᠨ ᠲᠠᠯᠳᠠ ᠣᠷᠣᠭᠣᠯᠵᠣ ᠲᠠᠯᠪᠢᠶ᠎ᠠ ᠬᠡᠰᠡᠨ ᠦᠭᠡᠶ ᠪᠣᠯ ᠪᠢ ᠰᠠᠶ‍ᠢ ᠡᠨᠠ ᠠᠵᠢᠯ ᠢ ᠬᠢᠬᠥ ᠬᠦᠮᠥᠨ ᠪᠢᠰᠢ᠃ ᠪᠠᠶᠠᠷ ᠲᠤ ᠣᠴᠢᠷ ᠰᠢᠯᠳᠠᠭ ᠦᠭᠡᠶ ᠵᠦᠬᠡᠷ ᠵᠠᠷᠣᠭᠳᠠᠭᠠᠳ ᠲᠠᠷᠠ ᠶᠠᠮᠠᠷ ᠲᠠᠭᠠᠨ ᠮᠢᠨᠣ ᠶᠢᠰᠣᠨ ᠲᠥᠷᠥᠯ ᠤᠨ ᠡᠪᠥᠬᠡ ᠡᠴᠢᠬᠡ ᠦᠦ︕ ᠬᠡᠷ ᠡᠴᠠ ᠠᠪᠴᠢᠷᠠᠭᠰᠠᠨ ᠲᠠᠮᠣᠷ ᠬᠦᠰᠢᠬᠥᠷᠬᠡ ᠪᠠᠨ ᠮᠣᠷᠣᠶ᠋‍ᠢᠳᠠᠯ᠎ᠠ ᠬᠦᠰᠢᠵᠦ ᠪᠠᠶ᠋‍ᠢᠮᠠᠨ ᠡᠨᠠ ᠪᠦᠬᠥ ᠪᠠᠶ᠎ᠠ ᠣᠯᠠᠭᠠᠨ ᠦᠰᠤ ᠣᠷᠭᠣᠭᠰᠠᠨ ᠭᠠᠪᠢᠶᠠᠳᠠᠨ ᠢ ᠶᠠᠭᠣ ᠴᠤ ᠬᠡᠰᠡᠨ ᠭᠣᠣᠯ ᠤᠨ ᠬᠦᠪᠡᠬᠡ ᠳᠤ ᠭᠠᠷᠭᠠᠵᠠᠢ᠃ ᠣᠳᠣ ᠬᠡᠲᠦ ᠣᠳᠠᠭ᠎ᠠ ᠬᠦᠷᠪᠡᠬᠥᠯᠵᠦ ᠣᠷᠪᠠᠭᠣᠯᠣᠭᠠᠳ ᠡᠷᠬᠢ ᠡᠴᠠ ᠵᠢᠭᠠᠬᠠᠨ ᠵᠠᠶ᠋‍ᠢᠳᠠᠭᠣᠯᠵᠣ ᠲᠠᠯᠪᠢᠪᠠᠯ ᠪᠣᠯᠴᠢᠬᠠᠬᠣ ᠪᠡᠶ᠋‍ᠢᠯᠬᠥᠢ᠃ ᠡᠬᠥᠳᠡᠨ ᠳᠡᠭᠡᠨ ᠨᠣᠬᠠᠢ ᠲᠡᠶ᠂ ᠦᠨᠳᠥᠷ ᠢᠶᠡᠷ ᠡᠷᠬᠢᠴᠡᠬᠥ ᠡᠯᠢᠶ᠎ᠠ ᠰᠢᠪᠠᠭᠣ ᠲᠡᠶ ᠦᠶ᠎ᠡ ᠳᠤ ᠪᠣᠯᠣᠭᠰᠠᠨ ᠪᠣᠯ ᠢᠩᠬᠢᠵᠣ ᠮᠠᠯ ᠤᠨ ᠰᠡᠭ ᠪᠣᠯᠠᠰᠢᠯᠠᠬᠣ ᠬᠡᠵᠦ ᠣᠶ᠋‍ᠢᠯᠠ ᠲᠠᠮᠣ ᠪᠠᠨ ᠦᠵᠡᠬᠥ ᠦᠦ︖

ᠬᠡᠷ ᠤᠨ ᠡᠵᠠᠨ ᠪᠠᠶᠠᠷ ᠶᠠᠭᠣ ᠴᠤ ᠬᠡᠯᠡᠬᠥ ᠦᠭᠡᠶ᠂ ᠮᠣᠷᠢᠨ ᠰᠢᠷ᠎ᠠ ᠰᠢᠳᠣ ᠪᠠᠨ ᠲᠣᠷᠰᠣᠶ᠋‍ᠢᠯᠭᠠᠵᠣ ᠡᠬᠥᠳᠡᠨ ᠡᠴᠡ ᠪᠠᠨ ᠬᠣᠶᠠᠷ ᠠᠯᠳᠠ ᠵᠠᠶ᠋‍ᠢᠳᠠᠢ ᠡᠷᠳᠠᠨᠢ ᠰᠢᠰᠢ ᠶᠢᠨ ᠬᠣᠮᠬᠣᠷᠠᠣᠰ ᠨᠠᠭᠠᠯᠳᠣᠭᠰᠠᠨ ᠬᠠᠪᠳᠠᠭᠠᠢ ᠬᠦᠬᠡ ᠴᠢᠯᠠᠭᠣᠨ ᠲᠡᠬᠡᠷ᠎ᠡ ᠰᠠᠭᠣᠭᠠᠳ ᠰᠢᠪᠠᠷ ᠤᠨ ᠲᠣᠪᠣᠨ ᠤ ᠪᠠᠨ ᠰᠠᠷᠠᠪᠴᠢ ᠶᠢ ᠬᠠᠷᠠᠨ᠎ᠠ᠃ ᠶᠠᠭ ᠯᠠ ᠲᠠᠯ᠎ᠠ ᠨᠣᠳᠣᠭ ᠬᠠᠮᠢᠶᠠᠷᠬᠣ ᠲᠣᠭᠳᠠᠭᠠᠯ ᠢ ᠡᠪᠳᠡᠭ᠍ᠰᠡᠨ ᠬᠣᠨᠢᠳ ᠨᠢ ᠠᠶᠠᠠᠳᠠᠭᠠᠨ ᠰᠠᠷᠠᠪᠴᠢ ᠶᠢᠨ ᠣᠭ ᠡᠴᠡ ᠨᠢ ᠪᠣᠯᠳᠠᠭᠠᠳ ᠴᠣᠪᠣᠵᠣ ᠪᠠᠭᠣᠬᠣ ᠰᠢᠭ᠃ ᠬᠣᠩᠭ᠋ᠣᠷ ᠲᠣᠪᠣᠨ ᠤ ᠬᠢᠨᠢ ᠡᠬᠥᠳᠡ ᠪᠠᠷ ᠣᠷᠣᠨ ᠭᠠᠷᠣᠨ ᠣᠯᠠᠨ ᠳᠤ ᠴᠠᠢ ᠴᠢᠨᠠᠵᠣ ᠣᠣᠭᠣᠯᠭᠠᠬᠣ ᠬᠡᠥᠨ ᠶᠠᠪ ᠶᠠᠭᠠᠷᠠᠤ᠃ ᠲᠡᠬᠡᠯ᠎ᠡ ᠴᠤ ᠡᠨᠠ ᠦᠶ᠎ᠡ ᠳᠤ ᠴᠣᠭᠯᠠᠭᠰᠠᠨ ᠣᠯᠠᠨ ᠤ ᠬᠡᠨ ᠳ᠋ᠣᠨᠢ ᠴᠠᠢ ᠣᠣᠭᠣᠬᠣ ᠰᠠᠳᠬᠢᠯ ᠪᠠᠶ᠋‍ᠢᠬᠣ ᠪᠣᠢ︕ ᠨᠢᠬᠡ ᠦᠬᠡᠷ ᠤᠨ ᠡᠪᠠᠷ ᠢ ᠴᠣᠬᠢᠪᠠᠯ ᠮᠢᠩᠭ᠋ᠠᠨ ᠦᠬᠡᠷ ᠤᠨ ᠡᠪᠠᠷ ᠱᠠᠷᠬᠢᠷᠠᠨ᠎ᠠ᠃ ᠪᠢᠳᠠ ᠴᠢᠨᠢ ᠪᠦᠷ ᠯᠨ ᠡᠨᠠ ᠬᠡᠳᠥᠨ ᠠᠳᠠᠰᠬ᠎ᠠ ᠪᠠᠨ ᠬᠠᠷᠠᠵᠣ ᠠᠮᠢᠳᠣᠷᠠᠳᠠᠭ ᠣᠯᠣᠰ᠂ ᠬᠣᠳᠠ ᠪᠠᠨ ᠬᠣᠭᠣᠰᠣᠯᠠᠭᠣᠯᠴᠢᠬᠠᠭᠠᠳ ᠲᠠᠯ᠎ᠠ ᠬᠢᠷ᠎ᠠ ᠪᠠᠷ ᠣᠷᠭᠣᠭᠰᠠᠨ ᠡᠪᠠᠰᠣ ᠶᠢ ᠦᠪᠡᠰᠦᠪᠡᠨ ᠢᠳᠡᠬᠥ ᠪᠢᠰᠢ ᠪᠠ ᠳ᠋‍ᠠ᠃

《 ᠬᠡᠨ ᠳ᠋ᠣᠨᠢ ᠶᠠᠮᠠᠷ ᠰᠠᠶ᠋‍ᠢᠨ ᠠᠷᠭ᠎ᠠ ᠪᠠᠶ᠋‍ᠢᠪᠠᠯ ᠬᠣᠷᠳᠣᠨ ᠭᠠᠷᠭᠠᠵᠣ ᠬᠡᠯᠡ 》 ᠬᠡᠵᠦ ᠪᠢ ᠱᠠᠯᠠᠪᠠ᠃ ᠲᠣᠪᠣᠨ ᠤ ᠡᠬᠥᠳᠡ ᠪᠠᠷ ᠡᠷᠬᠢᠴᠡᠬᠥ ᠬᠡᠳᠥᠨ ᠬᠦᠮᠥᠨ ᠤ ᠬᠠᠷᠠᠴᠠ ᠮᠢᠨᠣ ᠪᠠᠶ᠎ᠠ ᠲᠡᠬᠡᠷ᠎ᠡ ᠲᠦᠪᠯᠡᠷᠠᠵᠡᠢ᠃ ᠬᠡᠪᠡᠴᠦ ᠮᠢᠨᠣ ᠨᠢᠳᠣᠨ ᠳᠤ ᠪᠣᠯ ᠵᠢᠷᠥᠬᠡ ᠶᠢ ᠭᠠᠷᠭᠠᠪᠠᠯ ᠣᠠᠳᠣᠤ ᠨᠢ ᠪᠦᠷ ᠦᠬᠥᠭ᠍ᠰᠡᠨ ᠬᠦᠮᠥᠨ ᠲᠡᠶ ᠶᠠᠮᠠᠷ ᠴᠤ ᠢᠯᠭᠠᠭ᠎ᠠ ᠦᠭᠡᠶ ᠶᠣᠮ᠃

《 ᠬᠦᠷᠬᠡᠨ ᠡᠠᠬ᠎ᠠ ᠦᠪᠡᠷ ᠲᠡᠭᠡᠨ ᠣᠴᠢᠬᠤ ᠦᠭᠡᠶ ᠪᠠᠷ ᠪᠣᠯᠬᠣ ᠦᠭᠡᠶ᠂ ᠪᠢ ᠬᠠᠨᠢ ᠪᠣᠯᠵᠣ ᠰᠣᠮᠣ ᠬᠦᠷᠥᠢ᠎ᠡ》 ᠬᠡᠵᠦ ᠵᠢᠷᠥᠬᠡ ᠬᠡᠯᠡᠪᠡ᠃ ᠬᠣᠩᠭ᠋ᠣᠷ ᠡᠨᠠ ᠦᠶ᠎ᠡ ᠳᠤ ᠬᠡᠷᠡᠯ ᠤᠨ ᠦᠨᠢᠶ᠎ᠡ ᠲᠣᠭᠣᠯ ᠢ ᠰᠠᠯᠭᠠᠵᠣ ᠢᠷᠡᠬᠡᠥᠨ ᠲᠣᠪᠣᠨ ᠤ ᠪᠠᠠᠰᠠᠨ ᠬᠠᠭᠠᠯᠭ᠎ᠠ ᠶᠢ ᠲᠥᠰᠢᠨ ᠡᠷ᠎ᠠ ᠶᠢᠨ ᠢᠶᠡᠨ ᠴᠢᠷᠠᠢ ᠶᠢ ᠬᠠᠷᠠᠵᠣ ᠪᠠᠶ᠋‍ᠢᠪᠠ᠃

《 ᠬᠣᠨᠢᠳ ᠢ ᠨᠢ ᠬᠣᠰᠢᠭᠣ ᠪᠠᠯᠭᠠᠰᠣ ᠣᠷᠣᠭᠣ ᠲᠡᠬᠡᠬᠡᠬᠡᠥᠨ ᠶᠠᠪᠣᠴᠢᠬᠠᠭᠰᠠᠨ ᠪᠣᠯ ᠶᠠᠭᠠᠬᠢᠨ᠎ᠠ︖》 ᠬᠡᠵᠦ ᠪᠢ ᠠᠰᠠᠭᠣᠪᠠ᠃ ᠪᠦᠬᠥᠳᠡ ᠶ᠋‍ᠢᠨ ᠨᠢᠳᠣ ᠵᠦᠭ᠌ ᠵᠦᠭ᠌ ᠡᠴᠡ ᠨᠠᠭᠠᠰᠢ ᠪᠠᠨ ᠪᠦᠯᠳᠡᠯᠵᠡᠬᠡᠥᠨ ᠮᠢᠨᠣ ᠦᠬᠡ ᠶᠢ ᠢᠳᠡᠬᠡᠬᠥ ᠮᠠᠶ‍ᠢᠭ ᠦᠭᠡᠶ᠃

《 ᠶᠠᠭᠣ ᠪᠣᠯᠵᠣ ᠬᠠᠮᠢᠭ᠎ᠠ ᠠᠪᠠᠴᠢᠯ᠎ᠠ ᠴᠤ ᠬᠡᠰᠡᠨ ᠬᠣᠶ᠋‍ᠢᠨ᠎ᠠ ᠡᠴᠡ ᠨᠢ ᠡᠷᠢᠵᠣ ᠣᠴᠢᠬᠤ ᠦᠭᠡᠶ ᠪᠠᠷ ᠯᠠ ᠪᠣᠯᠬᠣ ᠦᠭᠡᠶ 》 ᠬᠡᠵᠦ ᠵᠢᠷᠥᠬᠡ ᠬᠡᠯᠡᠪᠡ᠃

《 ᠨᠠᠮᠢ᠋ᠢ ᠡᠮ᠎ᠠ ᠬᠦᠮᠥᠨ ᠬᠡᠵᠦ ᠭᠣᠯᠣᠬᠣ ᠦᠭᠡᠶ ᠪᠣᠯ ᠪᠢ ᠪᠠᠰᠠ ᠲᠠ ᠬᠣᠶᠠᠷ ᠲᠡᠶ ᠴᠣᠭ ᠶᠠᠪᠣᠶ᠎ᠠ᠂ ᠲᠣᠰᠠ ᠪᠣᠯᠵᠣ ᠮᠠᠳᠠᠨ᠎ᠠ 》 ᠬᠡᠵᠦ ᠪᠢ ᠬᠡᠯᠡᠪᠡᠯ ᠬᠣᠩᠭ᠋ᠣᠷ ᠤᠨ ᠬᠠᠷᠠᠴᠠ ᠲᠣᠣᠷᠠᠬᠠᠨ ᠢᠶᠡᠨ ᠡᠷ᠎ᠠ ᠶᠢᠨ ᠢᠶᠡᠨ ᠴᠢᠷᠠᠢ ᠡᠴᠡ ᠰᠠᠯᠵᠣ ᠮᠢᠨᠣ ᠪᠠᠶ᠎ᠠ ᠲᠡᠬᠡᠷ᠎ᠡ ᠲᠣᠰᠴᠠᠢ᠃

᠁    ᠁    ᠁

ᠶᠠᠪᠣᠳᠠᠯ ᠣᠴᠢᠷ ᠮᠢᠨᠣ ᠬᠡᠯᠡᠭ᠍ᠰᠡᠨ ᠡᠴᠡ ᠢᠮᠠᠬᠣ ᠲᠠᠳᠣᠢ ᠵᠦᠷᠢᠭᠰᠡᠨ ᠦᠭᠡᠶ᠃ ᠰᠣᠮᠣ ᠬᠦᠷᠥᠬᠡᠥᠨ ᠲᠠᠷᠠ ᠬᠡᠳᠥᠨ ᠰᠡᠬᠥᠯ ᠦᠬᠡᠢ ᠴᠢᠨ᠋ᠸ᠎ᠠ ᠶᠢᠨ ᠰᠡᠬᠥᠳᠡᠷ ᠢ ᠴᠤ ᠣᠯᠵᠣ ᠬᠠᠷᠠᠭᠰᠠᠨ ᠦᠭᠡᠶ᠃ ᠰᠣᠮᠣᠨ ᠤ ᠠᠶ᠋‍ᠢᠯ ᠲᠣᠮᠳᠠᠭᠣᠷ ᠬᠣᠰᠢᠭᠣ ᠪᠠᠯᠭᠠᠰᠣ ᠬᠦᠷᠬᠥ ᠲᠡᠷᠬᠡ ᠡᠷᠢᠬᠡᠥᠨ ᠲᠠᠩᠰᠢᠵᠣ ᠪᠠᠶ᠋‍ᠢᠬᠣ ᠳᠤ ᠬᠣᠩᠭ᠋ᠣᠷ ᠣᠳᠠᠰᠣ ᠢᠷᠡᠬᠥᠯᠵᠦ ᠲᠠᠭᠣᠯᠠ ᠶᠢᠨ ᠮᠠᠨᠠᠷᠠᠵᠣ ᠲᠦᠨᠡᠷᠠᠵᠦ ᠥᠩᠬᠡᠷᠡᠭ᠍ᠰᠡᠨ ᠢ ᠬᠡᠯᠡᠵᠡᠢ᠃ ᠢᠩᠬᠢᠬᠡᠥᠨ ᠵᠢᠷᠥᠬᠡ ᠪᠢᠳᠠ ᠬᠣᠶᠠᠷ ᠣᠷᠢᠳ ᠢᠶᠡᠷ ᠬᠣᠰᠣᠳᠣ ᠬᠦᠷᠬᠥ ᠨᠣᠭᠣᠭᠠᠨ ᠬᠣᠳᠠᠯᠳᠣᠭᠠᠴᠢᠨ ᠤ ᠲᠡᠷᠬᠡ ᠶᠢ ᠲᠣᠰᠴᠣ ᠪᠠᠶᠠᠷ ᠢ ᠰᠠᠭᠣᠯᠭᠠᠨ ᠬᠡᠷ ᠣᠷᠣᠭᠣ ᠨᠢ ᠶᠠᠪᠣᠭᠣᠯᠣᠭᠠᠳ ᠰᠠᠶ‍ᠢ ᠴᠠᠭᠠᠨ ᠲᠠᠪᠠᠭ᠎ᠠ ᠪᠠᠯᠭᠠᠰᠣ ᠣᠷᠣᠬᠣ ᠵᠠᠮ ᠢ ᠡᠯᠬᠥᠵᠡᠢ᠃

ᠪᠢ ᠦᠨᠢᠶᠡᠨ ᠦᠬᠥᠳᠡᠯ ᠢ ᠨᠢ ᠭᠠᠵᠠᠷ ᠲᠤ ᠰᠢᠩᠬᠡᠬᠡᠥᠨ ᠬᠦᠷᠵᠡ ᠬᠦᠰᠢᠬᠥᠷᠬᠡ ᠬᠣᠶᠠᠷ ᠢᠶᠡᠨ ᠮᠥᠷᠥᠯᠡᠨ ᠬᠡᠷ ᠵᠦᠭ᠌ ᠢᠶᠡᠨ ᠪᠣᠴᠠᠬᠣ ᠬᠡᠳᠡᠯ᠎ᠡ ᠪᠠᠶᠠᠷ ᠤᠨ ᠲᠣᠪᠣᠨ ᠤ ᠲᠠᠠᠳᠠ ᠡᠴᠡ ᠡᠷᠢᠶᠠᠨ ᠮᠠᠷᠢᠶᠠᠨ ᠢᠶᠡᠷ ᠣᠷᠢᠯᠠᠬᠣ ᠴᠢᠮᠡᠬᠡ ᠲᠣᠭᠣᠯᠳᠠᠵᠠᠢ᠃ ᠡᠬᠢᠯᠡᠬᠡᠥᠨ ᠪᠢ ᠴᠢᠨᠢ ᠢᠮᠠᠭ᠎ᠠ ᠨᠢ ᠬᠣᠷᠢᠭᠣᠯ ᠤᠨ ᠢᠶᠡᠨ ᠵᠠᠶ᠋‍ᠢᠴᠠᠨ ᠳᠤ ᠬᠦᠵᠦᠬᠥᠤ ᠪᠠᠨ ᠬᠠᠪᠴᠢᠭᠣᠯᠴᠢᠬᠠᠭᠠᠳ ᠪᠠᠶ᠋‍ᠢᠬᠣ ᠰᠢᠳᠠ ᠬᠡᠵᠦ ᠪᠣᠳᠣᠪᠠ᠃ ᠯᠠᠪᠳᠠᠭᠣᠯᠣᠭᠠᠳ ᠴᠢᠩᠨᠠᠪᠠᠯ ᠲᠠᠶ᠋‍ᠢᠮᠣ ᠣᠴᠢᠷ ᠪᠢᠰᠢ︕ ᠪᠢ ᠬᠦᠷᠵᠡ ᠬᠦᠰᠢᠬᠥᠷᠬᠡ ᠪᠠᠨ ᠭᠣᠣᠯ ᠤᠨ ᠬᠦᠪᠡᠬᠡᠨ ᠳᠤ ᠬᠠᠶᠠᠮᠠᠭᠴᠠ ᠬᠣᠳᠣᠭᠣᠷ  ᠤᠨ ᠬᠠᠭᠣᠷᠠᠢ ᠦᠯᠣᠡᠭ ᠲᠣᠮᠳᠠᠭᠣᠷ ᠪᠠᠶᠠᠷ ᠤᠨ ᠬᠡᠷ ᠵᠦᠭ᠌ ᠴᠢᠳᠬᠥᠷ ᠲᠤ ᠬᠦᠳᠥᠯᠣᠬᠥᠯᠥᠭᠰᠡᠨ ᠰᠢᠭ᠌ ᠬᠦᠶᠥᠯ᠎ᠡ᠃ ᠶᠠᠭ ᠦᠨᠡᠨ ᠢ ᠬᠡᠯᠡᠪᠡᠯ ᠲᠠᠪᠢ ᠬᠦᠷᠬᠥ ᠰᠢᠬᠠᠳᠠᠯ᠎ᠠ ᠠᠮᠢᠳᠣᠷᠠᠭᠠᠳ ᠢᠩᠬᠢᠵᠣ ᠶᠠᠭᠠᠷᠠᠵᠣ ᠰᠠᠠᠳᠣᠷᠣᠭᠰᠠᠨ ᠣᠴᠢᠷ ᠨᠠᠳᠠ ᠳᠤ ᠲᠠᠮᠠᠢ ᠬᠡᠲᠦ ᠣᠳᠠᠭ᠎ᠠ ᠬᠠᠷᠭᠣᠭᠰᠠᠨ ᠦᠭᠡᠶ᠃ ᠪᠠᠷᠣᠭ ᠯᠠ ᠣᠷᠢᠳᠣ ᠲᠥᠷᠥᠯ ᠳᠡᠭᠡᠨ ᠪᠢ ᠲᠠᠭᠣᠯᠠ ᠶᠢᠨ ᠲᠥᠯᠣᠬᠡ ᠢᠩᠬᠢᠵᠣ ᠨᠢᠬᠡ ᠣᠳᠠᠭ᠎ᠠ ᠬᠦᠶᠥᠬᠥ ᠦᠷᠢ ᠲ᠋ᠠᠢ ᠪᠠᠶ᠋‍ᠢᠭᠰᠠᠨ ᠮᠠᠭᠠᠳ᠃ ᠪᠠᠶᠠᠷ ᠤᠨ ᠲᠣᠪᠣᠨ ᠡᠴᠡ ᠬᠦᠮᠥᠨ ᠤ ᠵᠢᠰᠣ ᠲᠠᠨᠢᠭᠳᠠᠬᠣ ᠪᠠᠷ ᠣᠶ᠋‍ᠢᠷᠠᠳᠴᠣ ᠬᠦᠷᠪᠡᠯ ᠬᠣᠩᠭ᠋ᠣᠷ ᠡᠬᠥᠳᠡᠨ ᠳᠣᠨᠢ ᠵᠤᠭᠰᠣᠭᠠᠳ ᠨᠠᠮᠢ᠋ᠢ ᠲᠠᠯᠠᠯᠵᠣ ᠪᠠᠶ᠋‍ᠢᠨ᠎ᠠ᠃ ᠲᠣᠪᠣᠨ ᠤ ᠬᠢᠨᠢ ᠡᠬᠥᠳᠡ ᠬᠦᠷᠬᠥ ᠦᠶ᠎ᠡ ᠳᠤ ᠨᠢᠳᠣ ᠬᠠᠷᠠᠯᠠᠵᠣ ᠴᠢᠬᠢ ᠱᠣᠣᠬᠢᠭᠠᠳ ᠷᠢᠳᠢ ᠰᠢᠳᠢ ᠶᠢᠨ ᠬᠡᠢ ᠬᠦᠷᠲᠦ ᠶᠢ ᠬᠢᠰᠬᠢᠵᠣ ᠪᠠᠶ᠋‍ᠢᠬᠣ ᠰᠢᠭ ᠰᠡᠷᠡᠭ᠍ᠳᠡᠯ ᠲᠡᠶ ᠪᠣᠯᠵᠠᠢ᠃ ᠲᠣᠪᠣᠨ ᠤ ᠨᠡᠬᠡᠬᠡᠯᠳᠡᠳᠡᠢ ᠬᠠᠭᠠᠯᠭ᠎ᠠ ᠶᠢ ᠨᠢ ᠲ᠋ᠥᠰᠢᠬᠡᠥᠨ ᠬᠣᠭᠣᠯᠠᠢ ᠪᠦᠭ᠍ᠯᠠᠬᠥ ᠰᠢᠬᠠᠭᠰᠠᠨ ᠴᠠᠷ ᠢ ᠬᠠᠨᠢᠶᠠᠵᠣ ᠬᠣᠪᠬᠣᠯᠠᠵᠣ ᠪᠠᠶ᠋‍ᠢᠬᠣ ᠳᠤ ᠲᠣᠳᠣᠷ᠎ᠠ ᠲᠠᠰᠣᠯᠭ᠎ᠠ ᠣᠷᠣᠭᠣ ᠨᠠᠳᠠ ᠡᠴᠠ ᠲᠥᠷᠣᠬᠥᠯᠡᠵᠦ ᠣᠷᠣᠭᠰᠠᠨ ᠬᠣᠩᠭ᠋ᠣᠷ ᠣᠬᠣᠷᠢᠭᠠᠳ ᠭᠠᠷᠣᠭᠠᠳ ᠢᠷᠠᠪᠠ᠃

《 ᠮᠠᠨᠠᠷᠠᠭᠠᠳ ᠪᠠᠶ᠋‍ᠢᠭᠰᠠᠨ ᠬᠦᠮᠥᠨ ᠦᠪᠡᠷ ᠲᠡᠭᠡᠨ ᠰᠡᠷᠬᠥᠬᠡᠥᠨ ᠪᠣᠰᠣᠭᠠᠳ ᠰᠠᠭᠣᠴᠢᠬᠠᠵᠠᠢ 》 ᠬᠡᠵᠦ ᠬᠣᠩᠭ᠋ᠣᠷ ᠮᠥᠷᠤ ᠲᠡᠬᠡᠷ᠎ᠡ ᠨᠢ ᠲᠠᠪᠳᠠᠷᠢᠵᠣ ᠰᠠᠭᠣᠭᠰᠠᠨ ᠥᠩᠬᠡᠲᠦ ᠡᠷᠪᠡᠬᠡᠢ ᠶᠢ ᠦᠷᠬᠥᠬᠡᠬᠥ ᠡᠴᠡ ᠪᠠᠨ ᠬᠡᠷᠰᠠᠥᠯᠠᠵᠦ ᠪᠠᠶ᠋‍ᠢᠬᠣ ᠰᠢᠭ ᠰᠢᠪᠡᠨᠡᠬᠡᠥᠨ ᠬᠣᠶᠠᠷ ᠠᠯᠠᠭ᠎ᠠ ᠪᠠᠨ ᠠᠷᠪᠠᠶ᠋‍ᠢᠯᠭᠠᠵᠣ ᠬᠦᠰᠢᠴᠢᠬᠡᠭ᠍ᠰᠡᠨ ᠪᠠᠶ᠋‍ᠢᠳᠠᠯ ᠲᠡᠶ ᠵᠤᠭᠰᠣᠨ᠎ᠠ᠃ ᠰᠠᠶ‍ᠢᠬᠠᠨ ᠮᠠᠨᠠᠷᠠᠭᠠᠳ ᠪᠠᠶ᠋‍ᠢᠭᠰᠠᠨ ᠲᠠᠭᠣᠯᠠ ᠨᠠᠮᠢ᠋ᠢ ᠲᠣᠪᠣᠨ ᠤ ᠬᠢᠨᠢ ᠭᠠᠳᠠᠭ᠎ᠠ ᠢᠷᠡᠬᠡᠥᠨ ᠬᠡᠲᠦᠠᠳᠡ ᠬᠠᠭᠰᠢᠵᠣ ᠬᠠᠨᠢᠶᠠᠬᠣ ᠶᠢᠨ ᠴᠢᠯᠦᠬᠡᠨ ᠳᠤ ᠦᠨᠳᠡᠢᠬᠡᠥᠨ ᠰᠠᠭᠣᠴᠢᠬᠠᠭᠰᠠᠨ ᠬᠡᠨ᠎ᠡ᠃ ᠬᠣᠩᠭ᠋ᠣᠷ ᠣᠣᠯ ᠡᠴᠡ ᠪᠠᠨ ᠨᠠᠳᠠ ᠪᠠᠷ ᠲᠣᠭᠯᠠᠳᠠᠭ ᠦᠭᠡᠶ ᠶᠣᠮ᠃ ᠪᠢ ᠲᠣᠳᠣᠷ᠎ᠠ ᠦᠷᠣᠬᠡᠨ ᠳ᠋ᠣᠨᠢ ᠣᠷᠣᠵᠣ ᠮᠣᠣᠰ ᠡᠮ᠎ᠠ ᠶᠢᠨ ᠰᠢᠨᠵᠢ ᠣᠷᠣᠭᠰᠠᠨ ᠲᠠᠭᠣᠯᠠ ᠶᠢ ᠦᠵᠡᠬᠡᠥᠨ ᠰᠠᠶ‍ᠢ ᠮᠠᠨᠠᠷᠠᠭᠰᠠᠨ ᠡᠴᠡ ᠰᠡᠷᠬᠥᠪᠡ ᠬᠡᠳᠡᠭ ᠦᠬᠡ ᠶᠢ ᠢᠳᠡᠬᠡᠬᠥ ᠦᠭᠡᠶ ᠪᠠᠶ᠋‍ᠢᠬᠣ ᠶᠢᠨ ᠠᠷᠭ᠎ᠠ ᠦᠭᠡᠶ ᠪᠣᠯᠵᠠᠢ᠃

ᠪᠠᠶᠠᠷ ᠭᠣᠷᠪᠠᠨ ᠬᠦᠷᠲᠦᠲᠦ ᠶᠢᠨ ᠠᠷᠤ ᠬᠠᠰᠢᠯᠭᠠᠨ ᠤ ᠰᠠᠭᠰᠣ ᠲᠡᠶ ᠨᠣᠭᠣᠭ᠎ᠠ ᠶᠢᠨ ᠲᠣᠮᠳᠠ ᠪᠥᠭ᠍ᠰᠡ ᠴᠢᠬᠢᠵᠣ ᠰᠠᠭᠣᠬᠣ ᠦᠶ᠎ᠡ ᠳ᠋ᠡᠬᠡᠨ ᠵᠢᠷᠥᠬᠡ ᠬᠡᠷᠡᠯ ᠬᠣᠶᠠᠷ ᠲᠡᠶ ᠭᠠᠷ ᠰᠠᠵᠢᠵᠣ ᠠᠶᠠᠷᠯᠠᠬᠣ ᠲᠦᠬᠥᠬᠡ ᠲᠡᠶ ᠪᠠᠶ᠋‍ᠢᠵᠠᠢ᠃ ᠰᠣᠮᠣᠨ ᠤ ᠠᠶ᠋‍ᠢᠯ ᠡᠴᠡ ᠭᠠᠷᠬᠣ ᠰᠢᠬᠠᠭᠠᠳ ᠶ᠋‍ᠢᠯᠣᠭᠣᠴᠢ ᠬᠣᠪᠢ ᠬᠦᠮᠥᠨ ᠤ ᠲᠡᠯᠬᠡᠬᠥᠷ ᠲᠤ ᠣᠷᠣᠵᠣ ᠬᠠᠶ᠋‍ᠢᠷᠴᠠᠭ ᠲᠠᠮᠠᠬᠢ ᠠᠪᠬᠣ ᠴᠢᠯᠦᠬᠡᠨ ᠳᠤ ᠲᠠᠷᠠ ᠪᠠᠰᠠ ᠲᠠᠭᠠᠵᠣ ᠣᠷᠣᠭᠠᠳ 《 ᠪᠣᠭᠣᠮᠳᠠ ᠶᠢᠨ ᠭᠠᠳᠠᠨᠠᠬᠢ ᠴᠢᠨ᠋ᠸ᠎ᠠ 》 ( ᠬᠠᠷ᠎ᠠ ᠠᠷᠢᠬᠢᠨ ᠤ ᠨᠡᠷ᠎ᠠ ) ᠬᠣᠶᠠᠷ ᠰᠢᠯ ᠡᠪᠥᠷᠳᠥᠯᠡᠭ᠍ᠰᠡᠨ ᠪᠠᠶ᠋‍ᠢᠪᠠ᠃ ᠭᠣᠷᠪᠠᠨ ᠬᠦᠷᠲᠦᠲᠦ ᠮᠠᠰᠢᠨ ᠬᠣᠰᠣᠳᠣ ᠶᠢᠨ ᠡᠪᠣᠯᠵᠢᠶ᠎ᠠ ᠬᠦᠷᠴᠦ ᠨᠣᠭᠣᠭ᠎ᠠ ᠠᠪᠬᠣ ᠪᠠᠷ ᠲᠠᠯᠠᠯᠣᠭᠰᠠᠨ ᠵᠠᠬ᠎ᠠ ᠡᠷᠣᠬᠡ ᠶᠢᠨ ᠡᠬᠥᠳᠡᠨ ᠳᠤ ᠵᠤᠭᠰᠣᠬᠣ ᠦᠶ᠎ᠡ ᠳᠤ ᠲᠠᠷᠠ ᠨᠢᠳᠣ ᠪᠠᠨ ᠤᠨᠢᠢᠯᠭᠠᠨ ᠮᠥᠷᠤ ᠲᠠᠯᠣ ᠪᠠᠨ ᠬᠢᠯᠵᠶ᠋‍ᠢᠯᠬᠡᠬᠡᠥᠨ ᠲᠡᠷᠬᠡᠨ ᠬᠠᠰᠢᠯᠭᠠᠨ ᠡᠴᠡ ᠨᠢ ᠪᠠᠭᠣᠬᠣ ᠲᠦᠬᠥᠬᠡ ᠦᠭᠡᠶ ᠪᠣᠯᠵᠠᠢ᠃

《 ᠠᠶ᠋‍ᠢᠯ ᠲᠣᠮᠳᠠ ᠴᠢᠨᠢ ᠢᠷᠡᠴᠢᠬᠡᠭ᠍ᠰᠡᠨ ᠪᠠᠶ᠋‍ᠢᠬᠣ ᠳᠤ ᠲᠡᠷᠬᠡᠨ ᠡᠴᠡ ᠪᠠᠭᠣᠬᠣ ᠦᠭᠡᠶ ᠶᠠᠭᠣ ᠬᠦᠯᠢᠶᠡᠵᠦ ᠪᠠᠶ᠋‍ᠢᠬᠣ ᠪᠣᠢ》 ᠬᠡᠵᠦ ᠨᠣᠭᠣᠭ᠎ᠠ ᠬᠣᠳᠠᠯᠳᠣᠭᠴᠢ ᠲᠠᠪᠠᠭᠳᠣ ᠵᠢᠩᠯᠡᠬᠥᠷ ᠤᠨ ᠡᠰᠢ ᠮᠣᠳᠣ ᠪᠠᠷ ᠢᠶᠡᠨ ᠲᠣᠬᠣᠢ ᠶᠢ ᠨᠢ ᠶᠣᠪᠣᠷᠣᠭᠰᠠᠭᠠᠷ ᠬᠡᠯᠡᠪᠡ᠃

《 ᠮᠢᠨᠣ ᠬᠣᠨᠢᠳ ᠬᠠᠮᠢᠭ᠎ᠠ ᠪᠠᠶ᠋‍ᠢᠨ᠎ᠠ︖ ᠪᠦᠬᠥᠳᠡ ᠵᠠᠭᠣ ᠬᠣᠷᠢᠨ ᠭᠣᠷᠪᠠ ᠰᠢᠤ︕》 ᠬᠡᠵᠦ ᠪᠠᠶᠠᠷ ᠬᠡᠯᠡᠪᠡ᠃

《 ᠴᠢᠨᠣ ᠬᠣᠨᠢ ᠬᠠᠮᠢᠭ᠎ᠠ ᠪᠠᠶ᠋‍ᠢᠬᠣ ᠶᠢ ᠪᠢ ᠶᠠᠭᠠᠬᠢᠵᠣ ᠮᠡᠳᠡᠬᠥ 》 ᠬᠡᠵᠦ ᠨᠣᠭᠣᠭ᠎ᠠ ᠬᠣᠳᠠᠯᠳᠣᠭᠴᠢ ᠬᠡᠯᠡᠪᠡ᠃

《 ᠴᠢ ᠮᠠᠳᠠᠨ᠎ᠠ ᠡ》 ᠬᠡᠵᠦ ᠪᠠᠶᠠᠷ ᠬᠡᠯᠡᠪᠡ᠃

ᠨᠣᠭᠣᠭ᠎ᠠ ᠬᠣᠳᠠᠯᠳᠣᠭᠴᠢ ᠲᠡᠬᠥᠨ ᠲᠡᠶ ᠬᠡᠯᠡ ᠠᠮᠨ ᠪᠠᠷᠠᠬᠣ ᠪᠠᠨ ᠪᠠᠶ᠋‍ᠢᠵᠣ᠂ ᠲᠡᠷᠬᠡᠨ ᠬᠠᠰᠢᠯᠭᠠᠨ ᠡᠴᠡ ᠬᠣᠳᠠᠯᠳᠣᠵᠣ ᠠᠪᠬᠣ ᠨᠣᠭᠣᠭ᠎ᠠ ᠪᠠᠨ ᠰᠣᠩᠭ᠋ᠣᠵᠣ ᠪᠠᠶ᠋‍ᠢᠭ᠎ᠠ ᠢᠳᠠᠷ ᠨᠠᠰᠣᠨ ᠤ ᠪᠦᠰᠠᠬᠥᠢ ᠳᠤ ᠣᠶ᠋‍ᠢᠷᠠᠳᠣᠭᠠᠳ᠄ 《 ᠡᠨᠠ ᠬᠦᠮᠥᠨ ᠲᠠᠨ ᠤ ᠠᠶ᠋‍ᠢᠯ ᠤᠨ ᠬᠢ ᠮᠦᠨ ᠪᠠ 》 ᠬᠡᠪᠡᠯ ᠨᠦᠬᠥᠬᠡ ᠪᠦᠰᠠᠬᠥᠢ ᠡᠢᠨᠢᠶᠠᠪᠬᠢᠯᠠᠨ ᠲᠣᠯᠣᠭᠠᠢ ᠰᠠᠵᠢᠨ᠎ᠠ᠃

《 ᠴᠤᠬᠤᠮ ᠬᠠᠮᠢᠭᠠᠬᠢ ᠠᠷᠢᠬᠢᠨ ᠴᠢᠳᠬᠥᠷ ᠪᠣᠯᠴᠢᠬᠠᠪᠠ︖ ᠲᠡᠷᠬᠡᠨ ᠳᠤ ᠭᠠᠷᠬᠣ ᠦᠶ᠎ᠡ ᠳᠡᠭᠡᠨ ᠡᠷᠠᠬᠥᠯ ᠬᠦᠮᠥᠨ ᠤ ᠮᠠᠶ‍ᠢᠭᠳᠠᠢ ᠪᠠᠶ᠋‍ᠢᠭᠰᠠᠨ ᠰᠢᠤ 》 ᠬᠡᠵᠦ ᠨᠣᠭᠣᠭ᠎ᠠ ᠬᠣᠳᠠᠯᠳᠣᠭᠴᠢ ᠬᠡᠯᠡᠨ᠎ᠡ᠃ ᠪᠦᠰᠠᠬᠥᠢ ᠬᠣᠳᠠᠯᠳᠣᠵᠣ ᠠᠪᠣᠭᠰᠠᠨ ᠨᠣᠭᠣᠭ᠎ᠠ ᠪᠠᠨ ᠬᠡᠷ ᠲᠡᠭᠡᠨ ᠠᠪᠠᠴᠢᠭᠰᠠᠨ ᠤ ᠲᠠᠷᠠᠭ᠎ᠠ᠂ ᠬᠡᠷ ᠡᠴᠡ ᠪᠠᠨ ᠭᠣᠰᠢᠯᠵᠠᠭᠰᠠᠨ ᠦᠨᠳᠥᠷ ᠪᠠᠶ᠎ᠠ ᠲᠡᠶ ᠵᠠᠯᠠᠭᠣ ᠭᠠᠷᠴᠣ ᠢᠷᠡᠬᠡᠥᠨ ᠨᠣᠭᠣᠭ᠎ᠠ ᠬᠣᠳᠠᠯᠳᠣᠭᠴᠢ ᠲᠡᠶ ᠦᠬᠡ ᠬᠡᠯᠡᠯᠴᠡᠭ᠍ᠰᠡᠨ ᠦᠭᠡᠶ ᠪᠠᠷ ᠰᠢᠭᠣᠳ ᠭᠠᠷ ᠬᠦᠳᠡᠯᠵᠦ ᠪᠠᠶᠠᠷ ᠢ ᠲᠡᠷᠬᠡᠨ ᠬᠠᠰᠢᠯᠭᠠᠨ ᠡᠴᠡ ᠲᠠᠳᠠᠵᠣ ᠪᠠᠭᠣᠯᠭᠠᠨ ᠪᠦᠰᠡᠯᠠᠬᠡ ᠪᠠᠷ ᠨᠢ ᠰᠣᠭᠣᠨ ᠳᠠᠭᠠᠨ ᠬᠠᠪᠴᠢᠨ ᠬᠦᠠᠳᠡᠯᠢᠰᠦᠬᠥᠯᠵᠦ ᠠᠷᠪᠠᠯᠵᠠᠭᠣᠯᠣᠭᠰᠠᠭᠠᠷ ᠬᠡᠷ ᠲᠡᠭᠡᠨ ᠠᠪᠣᠭᠠᠳ ᠣᠷᠣᠵᠠᠢ᠃

《 ᠲ᠋ᠡᠷᠬᠡᠨ ᠳᠤ ᠰᠠᠭᠣᠭᠰᠠᠨ ᠵᠤᠭᠣᠰ ᠢ ᠨᠢ ᠦᠭ᠍ᠬᠥ ᠦᠭᠡᠶ ᠶᠢᠨ ᠲᠥᠯᠣᠬᠡ ᠬᠡᠷ ᠤᠨ ᠬᠦᠮᠥᠨ ᠢᠶᠡᠨ ᠲᠠᠨᠢᠬᠤ ᠦᠭᠡᠶ ᠪᠠᠷ ᠣᠪᠯᠠᠬᠣ ᠬᠡᠳᠡᠭ ᠴᠢᠨᠢ ᠁》 ᠬᠡᠵᠦ ᠨᠣᠭᠣᠭ᠎ᠠ ᠬᠣᠳᠠᠯᠳᠣᠭᠴᠢ ᠲᠦᠲᠦᠨᠡᠭ᠍ᠰᠠᠬᠡᠷ ᠬᠡᠷ ᠵᠦᠭ᠌ ᠨᠢ ᠬᠠᠷᠠᠨ᠎ᠠ᠃ ᠭᠣᠰᠢᠯᠵᠠᠭᠰᠠᠨ ᠦᠨᠳᠥᠷ ᠵᠠᠯᠠᠭᠤ ᠠᠷᠢᠬᠢᠨ ᠰᠣᠭᠳᠣᠭᠣ ᠶᠢ ᠬᠠᠠᠵᠣᠨ ᠲᠡᠬᠡᠷ᠎ᠡ ᠪᠠᠨ ᠬᠡᠪᠳᠡᠬᠥᠯᠵᠦ ᠪᠠᠶ᠋‍ᠢᠭ᠎ᠠ ᠨᠢ ᠨᠡᠬᠡᠬᠡᠯᠳᠡᠳᠡᠢ ᠴᠣᠩᠬᠤ ᠪᠠᠷ ᠬᠠᠷᠠᠭᠳᠠᠨ᠎ᠠ᠃

《 ᠲᠡᠬᠡᠷ᠎ᠡ ᠲᠠᠯᠪᠢᠭᠠᠳ ᠦᠭ᠌》 ᠬᠡᠵᠦ ᠪᠦᠰᠠᠬᠥᠢ ᠲᠣᠯᠣᠭᠠᠢ ᠨᠢ ᠬᠠᠠᠵᠣᠨ ᠬᠦᠯ ᠣᠷᠣᠭᠣ ᠬᠠᠠᠳᠣᠨ ᠬᠡᠪᠳᠡᠬᠥ ᠪᠠᠶᠠᠷ ᠢ ᠬᠠᠷᠠᠭᠰᠠᠭᠠᠷ ᠬᠡᠯᠡᠪᠡᠯ ᠨᠦᠬᠥᠬᠡ ᠵᠠᠯᠠᠭᠣ ᠣᠷᠣ ᠶᠢᠨ ᠬᠣᠷᠢᠶᠠᠯᠭ᠎ᠠ ᠡᠴᠡ ᠰᠣᠭᠣᠴᠢᠵᠣ ᠠᠪᠣᠭᠰᠠᠨ ᠲᠠᠷ᠎ᠠ ᠪᠠᠨ ᠪᠠᠶᠠᠷ ᠤᠨ ᠲᠣᠯᠣᠭᠠᠢ ᠶᠢ ᠦᠰᠤ ᠡᠴᠠ ᠨᠢ ᠪᠠᠵᠠᠭᠳᠠᠨ ᠪᠠᠶ᠋‍ᠢᠵᠣ ᠦᠨᠳᠡᠢᠯᠬᠡᠬᠡᠥᠨ ᠬᠦᠵᠦᠬᠥᠤ ᠲᠣᠣᠭᠣᠷ ᠨᠢ ᠴᠢᠬᠢᠵᠣ ᠣᠷᠣᠭᠣᠯᠵᠠᠢ᠃

《 ᠡᠨᠠ ᠬᠦᠤ ᠴᠢᠨᠢ ᠡᠶ᠋‍ᠢᠵᠣ ᠡᠶ᠋‍ᠢᠵᠣ ᠴᠤ ᠵᠠᠩᠨᠠᠳᠠᠭ ᠶᠣᠮ᠃ ᠠᠵᠢᠶ᠎ᠠ ᠡᠴᠡ ᠴᠢᠨᠢ ᠪᠠᠰᠠ ᠨᠠᠰᠣ ᠪᠠᠷ ᠡᠠᠬ᠎ᠠ ᠬᠦᠮᠥᠨ ᠰᠢᠤ︕》 ᠬᠡᠵᠦ ᠪᠦᠰᠠᠬᠥᠢ ᠬᠡᠯᠡᠪᠡ᠃ ᠡᠨᠠ ᠦᠶ᠎ᠡ ᠳᠤ ᠬᠦᠷᠢᠶᠡᠨ ᠭᠠᠳᠠᠨ᠎ᠠ ᠨᠢ ᠵᠤᠭᠰᠣᠵᠣ ᠪᠠᠶ᠋‍ᠢᠭ᠎ᠠ ᠭᠣᠷᠪᠠᠨ ᠬᠦᠷᠲᠦᠲᠦ ᠮᠠᠰᠢᠨ ᠤ ᠪᠦᠷᠢᠶ᠎ᠡ ᠳ᠋ᠢᠷ ᠳ᠋ᠢᠷ ᠲᠣᠣᠭᠠᠷᠣᠭᠠᠳ ᠨᠠᠮᠳᠠᠬᠣ ᠪᠠᠨ ᠪᠣᠯᠢᠵᠠᠢ᠃

《 ᠮᠢᠨᠣ ᠬᠣᠨᠢ ᠬᠠᠮᠢᠭ᠎ᠠ ᠪᠠᠶ᠋‍ᠢᠨ᠎ᠠ︖ ᠪᠦᠬᠥᠳᠡ ᠵᠠᠭᠣ ᠬᠣᠷᠢᠨ ᠭᠣᠷᠪᠠ ᠰᠢᠤ᠃ ᠨᠢᠬᠡ ᠬᠣᠷᠠᠭ᠎ᠠ ᠲᠣᠳᠠᠪᠠᠯ ᠲᠠᠨᠣᠰ ᠢ ᠦᠨᠳᠡᠬᠡ ᠵᠤᠯᠵᠠᠭ᠎ᠠ ᠲᠡᠶ ᠴᠢᠨᠢ ᠬᠦᠢᠰᠦ ᠲᠠᠮᠳᠠᠷᠢᠶ᠎ᠠ》 ᠬᠡᠵᠦ ᠪᠠᠶᠠᠷ ᠬᠠᠠᠵᠣ ᠬᠦᠠᠳᠡᠯᠢᠰᠴᠦ ᠬᠦᠯ ᠭᠠᠷ ᠢᠶᠡᠨ ᠰᠠᠪᠠᠭᠰᠠᠭᠠᠷ ᠣᠷᠢᠯᠠᠨ᠎ᠠ᠃

ᠨᠠᠳᠠ ᠳᠤ ᠬᠣᠶᠠᠷ ᠬᠦᠤ ᠲᠡᠶ᠃ ᠦᠬᠡᠯᠡᠢ ᠨᠢ ᠡᠷᠳᠠᠨᠢᠵᠠᠪ ᠲᠡᠶ ᠬᠣᠷᠢᠮᠯᠠᠵᠣ ᠰᠠᠭᠣᠭᠠᠳ ᠲᠣᠯᠣᠭᠠᠬᠠᠨ ᠰᠠᠷ᠎ᠠ ᠪᠣᠯᠣᠮᠠᠭᠴᠠ ᠦᠵᠡᠭ᠍ᠳᠡᠭ᠍ᠰᠡᠨ ᠶᠣᠮ᠃ ᠰᠠᠷ᠎ᠠ ᠬᠣᠨᠣᠭ ᠨᠢ ᠲᠣᠳᠠᠭᠣ ᠬᠡᠣᠬᠡᠥᠨ ᠤᠨ ᠲᠣᠯᠣᠭᠠᠨ ᠰᠠᠷ᠎ᠠ ᠲᠡᠶ ᠨᠢ ᠬᠦᠮᠥᠨ ᠪᠣᠯᠵᠣ᠂ ᠨᠢ᠋ᠮᠠᠨ ᠰᠠᠷ᠎ᠠ ᠲᠡᠶ ᠨᠢ ᠬᠠᠷᠢᠨ ᠬᠦᠮᠥᠨ ᠪᠣᠯᠬᠣ ᠴᠦᠬᠡᠨ ᠪᠠᠶ᠋‍ᠢᠳᠠᠭ ᠬᠡᠵᠦ ᠰᠥ᠋ ᠪᠠᠭᠣᠯᠭᠠᠬᠣ ᠪᠠᠷ ᠢᠷᠡᠬᠡᠥᠨ ᠬᠦᠤ ᠶᠢ ᠮᠢᠨᠢ ᠰᠣᠨᠢᠭᠣᠴᠢᠯᠠᠵᠣ ᠬᠠᠷᠠᠭᠰᠠᠭᠠᠷ ᠮᠡᠷᠬᠡᠯᠡᠭ᠍ᠰᠡᠨ ᠪᠦᠰᠠᠬᠥᠢ ᠪᠣᠢ᠃ ᠦᠨᠡᠨ ᠳᠡᠭᠡᠨ ᠦᠯᠣᠬᠡᠢ ᠪᠠᠨ ᠲᠦᠬᠥᠷᠬᠡᠬᠡᠥᠨ ᠬᠡᠪᠳᠡᠵᠦ ᠪᠠᠶ᠋‍ᠢᠭ᠎ᠠ ᠦᠬᠡᠷ ᠪᠦᠷᠢᠶ᠎ᠡ ᠰᠢᠭ᠌ ᠲᠠᠭᠣᠨ ᠲᠡᠶ ᠮᠠᠠᠳᠠᠭᠠᠷ ᠴᠠᠭᠠᠨ ᠨᠢᠯᠬ᠎ᠠ ᠶᠢ ᠡᠬᠡ ᠶᠢᠨ ᠢᠶᠡᠨ ᠬᠡᠪᠡᠯᠢ ᠡᠴᠡ ᠲᠣᠷᠭᠣᠨ ᠭᠠᠷᠣᠯ᠎ᠠ ᠬᠡᠳᠡᠭ ᠢ ᠬᠡᠨ ᠢᠳᠡᠬᠡᠬᠥ︕ ᠬᠦᠤ ᠬᠦᠯ ᠳᠤ ᠣᠷᠣᠵᠣ ᠠᠪᠣ ᠡᠵᠢ ᠬᠡᠵᠦ ᠲᠠᠭᠣᠳᠠᠭᠠᠳ ᠡᠬᠢᠯᠡᠬᠥ ᠪᠠᠷ ᠨᠢ ᠪᠢ ᠰᠠᠶ‍ᠢ ᠡᠷᠳᠠᠨᠢᠵᠠᠪ ᠲᠤ ᠣᠰᠣᠯᠳᠠᠵᠣ ᠪᠠᠶ᠋‍ᠢᠬᠣ ᠪᠠᠨ ᠰᠡᠷᠠᠬᠡᠥᠨ ᠪᠠᠭ᠎ᠠ ᠬᠦᠤ ᠪᠠᠨ ᠶ᠋‍ᠢᠷᠮᠥᠰᠥᠯᠡᠭ᠍ᠰᠡᠨ ᠶᠣᠮ᠃ ᠬᠡᠣᠬᠡᠥᠨ ᠣᠳᠣ ᠦᠬᠡᠯᠡᠢ ᠦᠨᠳᠥᠷ ᠪᠣᠯᠵᠠᠢ᠃ ᠲᠠᠳᠠᠨ ᠢ ᠦᠰᠬᠡᠵᠦ ᠲᠣᠷᠨᠢᠭᠣᠯᠣᠨ᠎ᠠ ᠬᠡᠵᠦ ᠵᠢᠣᠠᠬᠥᠭ᠍ᠰᠠᠬᠡᠷ ᠪᠠᠶ᠋‍ᠢᠭᠠᠳ ᠨᠢᠬᠡ ᠮᠡᠳᠡᠬᠥ ᠳᠤ ᠪᠢ ᠴᠤ ᠪᠠᠰᠠ ᠬᠥᠭ᠍ᠰᠢᠷᠡᠬᠥ ᠰᠢᠨᠵᠢ ᠣᠷᠣᠴᠢᠬᠠᠯ᠎ᠠ᠃ ᠡᠬᠡ ᠶᠢᠨ ᠰᠠᠳᠬᠢᠯ ᠦᠷ᠎ᠡ ᠳᠤ᠂ ᠦᠷ᠎ᠡ ᠶᠢᠨ ᠰᠠᠨᠠᠭ᠎ᠠ ᠠᠭᠣᠯᠠᠨ ᠳᠤ ᠬᠡᠳᠡᠭ ᠢᠶᠡᠷ ᠠᠷᠪᠠᠨ ᠨᠢ᠋ᠮᠠᠨ ᠵᠢᠯ ᠤᠨ ᠲᠡᠷᠳᠡᠬᠡ ᠦᠷᠯᠦᠬᠡ ᠶᠢᠨ ᠨᠠᠷᠠ ᠮᠠᠠᠳᠣᠬᠣ ᠦᠶ᠎ᠡ ᠪᠠᠷ ᠡᠮᠨᠡᠯᠬᠡ ᠶ᠋‍ᠢᠨ ᠬᠦᠩᠬᠡᠵᠢᠬᠥ ᠣᠷᠣ ᠲᠡᠬᠡᠷ᠎ᠡ ᠬᠡᠪᠳᠡᠬᠡᠥᠨ ᠮᠠᠩᠨᠠᠢ ᠲᠦᠬᠥᠷᠡᠨᠭ᠌ ᠬᠦᠯᠥᠰᠤ ᠪᠠᠳᠭᠣᠨ ᠣᠮᠠᠢ ᠪᠠᠨ ᠰᠠᠳᠠᠷᠠᠳᠠᠯ᠎ᠠ ᠲᠥᠯᠢᠵᠦ ᠪᠠᠶ᠋‍ᠢᠭᠰᠠᠨ ᠡᠴᠠ ᠡᠬᠢᠯᠡᠬᠡᠥᠨ ᠦᠨᠦ ᠪᠣᠯᠳᠠᠯ᠎ᠠ ᠦᠪᠡᠷ ᠤᠨ ᠪᠠᠶ᠎ᠠ ᠪᠠᠨ ᠡᠠᠰ ᠲᠦᠰ ᠢᠶᠡᠷ ᠢᠶᠡᠨ ᠪᠣᠳᠣᠯ ᠲᠡᠶ ᠬᠦᠮᠥᠨ ᠬᠡᠵᠦ ᠰᠣᠪᠢᠵᠣ ᠲᠣᠩᠭ᠋ᠠᠬᠣ ᠰᠡᠬᠡᠬᠡ ᠦᠭᠡᠶ ᠶᠠᠪᠣᠵᠠᠢ᠃ ᠬᠦᠮᠥᠨ ᠲᠥᠷᠥᠯ ᠢ ᠣᠯᠣᠭᠠᠳ ᠵᠠᠶᠠᠭᠠᠴᠢᠬᠠᠭᠰᠠᠨ ᠶᠣᠮ ᠴᠢᠨᠢ ᠶᠠᠭᠠᠬᠢᠯ᠎ᠠ ᠴᠤ ᠬᠡᠰᠡᠨ ᠪᠠᠭ᠎ᠠ ᠰᠠᠭ᠎ᠠ ᠦᠪᠡᠷ ᠤᠨ ᠪᠣᠳᠣᠯ ᠲᠡᠶ ᠠᠮᠢᠳᠣ ᠶᠠᠪᠣᠬᠣ ᠦᠭᠡᠶ ᠭᠣᠷᠢ ᠦᠭᠡᠶ᠃ ᠠᠷᠪᠠᠨ ᠲᠣᠯᠣᠭ᠎ᠠ ᠨᠢ᠋ᠮᠠᠨ ᠵᠢᠯ ᠢᠶᠡᠷ ᠠᠯᠬᠣᠵᠣ ᠬᠢᠰᠬᠢᠳᠡᠭ ᠮᠠᠶ‍ᠢᠭ ᠢᠶᠡᠷ 《 ᠣᠨᠳᠠᠭᠠᠳ 》 ᠪᠠᠶ᠋‍ᠢᠭᠰᠠᠨ ᠢᠶᠡᠷ ᠪᠣᠳᠣᠬᠣ ᠳᠤ ᠦᠬᠥᠬᠡᠥᠨ ᠠᠪᠰᠠᠨ ᠳᠤ ᠬᠡᠪᠳᠡᠭ᠍ᠰᠡᠨ ᠲᠡᠶ ᠯᠠ ᠠᠳᠠᠯᠢ ᠦᠭᠡᠶ᠃ ᠨᠠᠰᠣᠨ ᠲᠣᠭ᠎ᠠ ᠪᠠᠨ ᠬᠦᠢᠴᠡᠬᠡᠵᠦ ᠡᠷᠯᠢᠭ᠌᠌ ᠲᠤ ᠣᠴᠢᠭᠰᠠᠨ ᠬᠣᠶ᠋‍ᠢᠨ᠎ᠠ ᠨᠠᠮᠢ᠋ᠢ ᠬᠣᠶᠠᠷ ᠡᠷ᠎ᠠ ᠬᠦᠮᠥᠨ ᠳᠤ ᠬᠣᠪᠢᠶᠠᠵᠣ ᠦᠭ᠍ᠬᠥ ᠳᠤ ᠬᠦᠷᠪᠡᠯ ᠲᠡᠬᠡᠲᠦ ᠬᠠᠭᠠᠰ ᠪᠠᠶ᠎ᠠ ᠶᠢ ᠵᠢᠷᠥᠬᠡ ᠳᠤ ᠦᠭ᠍ᠬᠥ ᠪᠣᠯᠳᠣᠭᠠᠢ ᠁

ᠰᠣᠮᠣᠨ ᠤ ᠠᠶ᠋‍ᠢᠯ ᠤᠨ ᠪᠠᠷᠠᠭᠣᠠᠳᠠᠬᠢ ᠰᠢᠷ᠎ᠠ ᠵᠠᠮ ᠲᠡᠬᠡᠷ᠎ᠡ ᠡᠴᠡ ᠲᠣᠮᠣ ᠬᠡᠯᠪᠡᠷᠢ ᠶᠢᠨ ᠠᠴᠢᠶᠠᠨ ᠤ ᠮᠠᠰᠢᠨ ᠤ ᠠᠷᠤ ᠶᠢᠨ ᠬᠠᠰᠢᠯᠭᠠᠨ ᠳᠤ ᠬᠡᠷᠡᠯ ᠪᠢᠳᠠ ᠬᠣᠶᠠᠷ ᠭᠠᠷᠴᠣ ᠰᠠᠭᠣᠭᠰᠠᠨ ᠤ ᠲᠠᠷᠠᠭ᠎ᠠ ᠪᠢ᠄ 《 ᠶ᠋‍ᠢᠯᠣᠭᠣᠴᠢ ᠶᠢᠨ ᠮᠣᠬᠣᠯᠠᠭ ᠲᠤ ᠪᠠᠰᠠ ᠨᠢᠬᠡ ᠬᠦᠮᠥᠨ ᠰᠠᠭᠣᠵᠣ ᠪᠠᠭᠳᠠᠬᠣ ᠪᠠᠶ᠋‍ᠢᠬᠣ ᠳᠤ ᠵᠠᠪᠠᠯ ᠡᠨᠠ ᠬᠦᠯᠢᠬᠡᠷ ᠲᠠᠮᠣᠷ ᠬᠠᠪᠳᠠᠰᠣᠨ ᠲᠡᠬᠡᠷ᠎ᠡ ᠰᠠᠭᠣᠵᠣ ᠰᠠᠪᠠᠭᠳᠠᠵᠣ ᠰᠢᠭ᠍ᠰᠢᠭ᠍ᠳᠡᠬᠥ ᠬᠡᠳᠡᠭ ᠴᠢᠨᠢ ᠡ》 ᠬᠡᠪᠡᠯ ᠬᠡᠷᠡᠯ᠄ 《 ᠪᠢ ᠲᠣᠷᠠᠳᠠᠢ︕》 ᠬᠡᠨ᠎ᠡ᠃ ᠠᠷᠪᠠᠨ ᠨᠢ᠋ᠮᠠᠨ ᠵᠢᠯ ᠤᠨ ᠲᠡᠷᠳᠡᠬᠡ ᠴᠠᠭᠠᠨ ᠰᠠᠷ᠎ᠠ ᠶᠢᠨ ᠰᠢᠨᠠᠳ ᠢᠶᠡᠷ ᠲᠠᠷᠠ ᠶᠠᠭ ᠡᠶ᠋‍ᠢᠮᠣ ᠦᠬᠡ ᠶᠢ ᠬᠡᠯᠡᠬᠡᠥᠨ ᠨᠠᠮᠢ᠋ᠢ ᠬᠣᠶᠠᠷ ᠪᠦᠰᠠᠬᠥᠢ ᠬᠦᠮᠥᠨ ᠤ ᠬᠣᠭᠣᠷᠣᠠᠳᠣ ᠲᠡᠯᠡᠭ᠍ᠳᠡᠨ ᠪᠣᠳᠣᠯᠢᠵᠣ ᠠᠮᠢᠳᠣᠷᠠᠬᠣ ᠵᠦᠳᠡᠬᠥᠷᠢᠳᠡᠢ ᠮᠥᠷᠳᠡᠬᠡᠨ ᠵᠢᠷᠭᠠᠯᠳᠠᠢ ᠵᠠᠮ ᠣᠷᠣᠭᠣ ᠬᠦᠳᠥᠯᠵᠦ ᠣᠷᠣᠭᠣᠯᠣᠭᠰᠠᠨ ᠶᠣᠮ᠃ ᠰᠣᠮᠣᠨ ᠤ ᠬᠠᠭᠠᠯᠭᠠᠨ ᠬᠡᠷ ᠲᠤ ᠰᠠᠭᠣᠵᠣ ᠪᠠᠶ᠋‍ᠢᠭᠰᠠᠨ ᠲᠡᠷᠡ ᠬᠦᠮᠦᠨ (ᠳᠡᠷᠡ ᠪᠡᠯᠴᠢᠭᠡᠷ ᠴᠠᠭᠳᠠᠭᠴᠢ ᠶᠢᠨ ᠨᠢᠭᠡ ᠨᠢ ᠪᠤᠯᠬᠤᠷ ᠳᠡᠬᠦᠨ ᠤ ᠦᠭᠡ ᠵᠢ ᠦᠨᠡᠮᠰᠢᠵᠤ ᠪᠤᠯᠤᠨ᠎ᠠ) ᠤ ᠬᠡᠯᠡᠬᠥ ᠪᠠᠷ ᠪᠣᠯ ᠪᠢᠳᠠ ᠬᠣᠷᠳᠣᠯᠠᠪᠠᠯ ᠬᠣᠨᠢ ᠲᠡᠬᠡᠬᠡᠭ᠍ᠰᠡᠨ ᠲᠡᠷᠬᠡ ᠶᠢ ᠴᠠᠭᠠᠨ ᠲᠠᠪᠠᠭ᠎ᠠ ᠪᠠᠯᠭᠠᠰᠣᠨ ᠳᠤ ᠨᠡᠬᠡᠵᠦ ᠬᠦᠢᠴᠡᠬᠥ ᠪᠣᠯᠣᠯᠴᠠᠭ᠎ᠠ ᠪᠠᠶ᠋‍ᠢᠨ᠎ᠠ᠃ ᠬᠡᠷᠪᠡ ᠴᠠᠭᠠᠨ ᠲᠠᠪᠠᠭᠠᠨ ᠡᠴᠡ ᠡᠷᠢᠬᠡᠥᠨ ᠣᠯᠬᠣ ᠦᠭᠡᠶ ᠪᠣᠯ ᠬᠣᠰᠢᠭᠣ ᠪᠠᠯᠭᠠᠰᠣ ᠣᠷᠣᠭᠣ ᠠᠶᠠᠠᠴᠢᠨ ᠤ ᠮᠠᠰᠢᠨ ᠳᠤ ᠰᠠᠭᠣᠵᠣ ᠶᠠᠪᠣᠬᠣ ᠬᠡᠷᠡᠭ ᠪᠣᠯᠵᠠᠢ᠃ ᠠᠴᠢᠶᠠᠨ ᠤ ᠮᠠᠰᠢᠨ ᠤ ᠵᠠᠳᠠᠭᠠᠢ ᠬᠠᠰᠢᠯᠭᠠᠨ ᠳᠤ ᠰᠢᠷᠣᠢ ᠲᠣᠭᠣᠰᠣ ᠪᠠ ᠴᠢᠶ‍ᠢᠤ ᠲᠣᠰᠣᠨ ᠤ ᠦᠨᠥᠷ ᠬᠣᠯᠢᠯᠳᠣᠨ ᠬᠣᠶ᠋‍ᠢᠯᠠᠷᠠᠭᠠᠳ ᠵᠠᠮ ᠤᠨ ᠬᠠᠵᠠᠭᠣ ᠡᠴᠡ ᠠᠯᠳᠠ ᠲᠠᠯᠢᠮ ᠤᠨ ᠵᠠᠢ ᠳ᠋ᠠᠬᠢ ᠮᠣᠳᠣ ᠴᠢᠯᠠᠭᠣ ᠴᠤ ᠲᠣᠳᠣ ᠬᠠᠷᠠᠭᠳᠠᠬᠣ ᠦᠬᠡᠢ ᠪᠠᠷ ᠣᠳᠠᠳᠠᠯ᠎ᠠ ᠶᠠᠪᠣᠭᠠᠳ ᠰᠠᠶ᠋‍ᠢᠷ ᠲᠡᠪᠢᠰᠥᠭᠰᠡᠨ ᠵᠠᠮ ᠲᠡᠬᠡᠷ᠎ᠡ ᠭᠠᠷᠪᠠ᠃ ᠲᠡᠭ᠍ᠷᠢ ᠶᠢᠨ ᠥᠩᠬᠡ ᠲᠣᠳᠣ ᠬᠠᠷᠠᠭᠳᠠᠬᠣ ᠪᠣᠯᠣᠭᠰᠠᠨ  ᠤ ᠲᠠᠷᠠᠭ᠎ᠠ ᠬᠡᠷᠡᠯ ᠪᠠᠶ᠎ᠠ ᠲᠡᠬᠡᠷᠡᠬᠢ ᠲᠣᠭᠣᠰᠣ ᠪᠠᠨ ᠬᠦᠪᠢᠬᠡᠥᠨ᠄ 《 ᠪᠢ ᠴᠤᠬᠤᠮ ᠶᠠᠭᠣᠨ ᠳᠤ ᠴᠢᠮᠢ᠋ᠢ ᠲᠠᠭᠠᠭᠠᠳ ᠢᠩᠬᠢᠵᠣ ᠲᠠᠪᠳᠣᠷ ᠦᠬᠡᠢ ᠲᠠᠷᠪᠠᠵᠣ ᠪᠠᠶ᠋‍ᠢᠬᠣ ᠶᠢ ᠪᠣᠤ ᠮᠠᠳᠠ᠂ ᠬᠦᠮᠥᠨ ᠭᠠᠶ᠋‍ᠢᠬᠠᠮᠠᠷ ᠡ 》 ᠬᠡᠨ᠎ᠡ᠃

《 ᠭᠠᠶ᠋‍ᠢᠬᠠᠭᠠᠳ ᠯᠠ ᠪᠠᠶ᠋‍ᠢᠬᠣ ᠶᠠᠭᠣ ᠪᠣᠢ᠂ ᠬᠠᠭᠣᠴᠢᠨ ᠳᠠᠭᠠᠨ ᠬᠠᠨᠢᠯᠠᠵᠣ ᠥᠩᠬᠡᠷᠡᠭ᠍ᠰᠡᠨ ᠬᠣᠶᠠᠷ ᠰᠢᠳᠠ 》 ᠬᠡᠵᠦ ᠪᠢ ᠬᠡᠯᠡᠪᠡ᠃

《 ᠪᠢᠳᠠ ᠬᠣᠶᠠᠷ ᠤᠨ ᠬᠠᠨᠢᠯᠠᠵᠣ ᠥᠩᠬᠡᠷᠡᠭ᠍ᠰᠡᠨ ᠣᠴᠢᠷ ᠢᠶᠡᠨ ᠴᠢ ᠡᠳᠣᠢ ᠪᠣᠯᠳᠠᠯ᠎ᠠ ᠮᠠᠷᠳᠠᠭ᠎ᠠ ᠦᠭᠡᠶ ᠶᠣᠮ ᠦᠦ︖》

《 ᠲᠠᠷᠠ ᠴᠢᠨᠢ ᠮᠠᠷᠳᠠᠨ᠎ᠠ ᠬᠡᠪᠡᠯ ᠮᠠᠷᠳᠠᠴᠢᠬᠠᠳᠠᠭ ᠬᠡᠷᠡᠭ ᠦᠦ ᠁》

《 ᠪᠠᠰᠠ ᠴᠤ ᠠᠮᠠᠷ ᠦᠭᠡᠶ ᠁》

ᠮᠠᠰᠢᠨ ᠰᠠᠶ᠋‍ᠢᠷ ᠲᠡᠪᠢᠰᠥᠭᠰᠡᠨ ᠵᠠᠮ ᠡᠴᠡ ᠰᠠᠯᠣᠭᠠᠳ ᠴᠠᠷᠳᠠᠮᠠᠯ ᠵᠠᠮ ᠲᠡᠬᠡᠷ᠎ᠡ ᠭᠠᠷᠪᠠ᠃ ᠰᠠᠵᠢᠯᠠᠵᠣ ᠲᠣᠩᠰᠣᠯᠬᠣ ᠨᠠᠮᠳᠠᠭᠰᠠᠨ ᠲᠣᠯᠠ ᠬᠡᠷᠡᠯ ᠲᠡᠷᠬᠡᠨ ᠬᠠᠰᠢᠯᠭ᠎ᠠ ᠶᠢᠨ ᠣᠭ ᠲᠤ ᠲᠡᠭ᠍ᠰᠢᠬᠡᠨ ᠵᠠᠪᠢᠯᠠᠵᠣ ᠰᠠᠭᠣᠭᠠᠳ᠄ 《 ᠬᠣᠰᠢᠭᠣᠨ ᠡᠴᠡ ᠢᠷᠡᠭ᠍ᠰᠡᠨ ᠲᠠᠷᠠ ᠪᠡᠯᠴᠢᠬᠡᠷ ᠴᠠᠭᠳᠠᠭᠴᠢ ᠨᠠᠳᠠ ᠳᠤ ᠭᠣᠷᠢᠯᠠᠭᠠᠳ ᠰᠢᠯᠣᠰᠣ ᠪᠠᠨ ᠰᠠᠪᠢᠷᠠᠭᠣᠯᠵᠣ ᠪᠠᠶ᠋‍ᠢᠭᠰᠠᠨ ᠰᠢᠤ᠂ ᠡᠨᠠ ᠣᠳᠠᠭᠠᠨ ᠤ ᠣᠴᠢᠷ ᠲᠤ ᠲᠣᠰᠠ ᠨᠢ ᠭᠠᠷᠬᠣ ᠮᠠᠭᠠᠳ ᠦᠭᠡᠶ 》 ᠬᠡᠨ᠎ᠡ᠃ ᠪᠢ ᠬᠠᠷᠢᠭᠣ ᠶᠢ ᠨᠢ ᠬᠡᠯᠡᠯ ᠦᠭᠡᠶ ᠪᠠᠷ ᠴᠠᠭᠠᠨ ᠲᠠᠪᠠᠭ᠎ᠠ ᠪᠠᠯᠭᠠᠰᠣ ᠶᠢᠨ ᠠᠷᠤ ᠠᠭᠣᠯᠠᠨ ᠲᠡᠬᠡᠷᠡᠬᠢ ᠱᠣᠷᠣᠶ᠋‍ᠢᠵᠣ ᠪᠠᠶ᠋‍ᠢᠭ᠎ᠠ ᠲᠣᠯᠬᠢᠶ᠎ᠠ ᠲᠠᠮᠵᠢᠭᠣᠯᠬᠣ ᠰᠣᠪᠣᠷᠭ᠎ᠠ ᠶᠢ ᠬᠠᠷᠠᠪᠠ᠃

《 ᠪᠢ ᠲᠠᠷᠠ ᠬᠦᠮᠥᠨ ᠲᠡᠶ ᠨᠢᠬᠡ ᠣᠳᠠᠭ᠎ᠠ ᠣᠠᠳᠠᠪᠠᠯ ᠣᠠᠳᠠᠴᠢᠬᠠᠨ᠎ᠠ᠂ ᠠᠬᠠᠳᠠᠬᠣ ᠳᠠᠭᠠᠨ ᠡᠷᠯᠢᠭ᠌᠌ ᠌ᠲᠤ ᠣᠴᠢᠭᠰᠠᠨ ᠬᠣᠶ᠋‍ᠢᠨ᠎ᠠ ᠪᠠᠨ ᠭᠣᠷᠪᠠᠨ ᠡᠷ᠎ᠠ ᠬᠦᠮᠥᠨ ᠳᠤ ᠪᠠᠶ᠎ᠠ ᠪᠠᠨ ᠬᠣᠪᠢᠶᠠᠭᠳᠠᠬᠣ ᠬᠡᠷᠡᠭ ᠰᠢᠳᠠ》 ᠬᠡᠵᠦ ᠬᠡᠷᠡᠯ ᠬᠡᠯᠡᠬᠡᠥᠨ ᠲᠣᠯᠣᠭᠠᠢ ᠪᠠᠨ ᠦᠯᠤ ᠮᠡᠳᠡᠭ ᠬᠢᠯᠵᠶ᠋‍ᠢᠯᠬᠡᠵᠦ ᠲᠡᠨᠡᠭ ᠬᠦᠮᠥᠨ ᠰᠢᠭ᠌ ᠢᠨᠢᠶᠠᠨ᠎ᠠ᠃

《 ᠪᠣᠯᠵᠠᠢ᠂ ᠵᠠᠯᠭᠠᠭᠠᠳ ᠣᠳᠣ ᠶᠠᠭᠣ ᠴᠤ ᠬᠡᠯᠡᠯᠬᠡᠨ ᠦᠭᠡᠶ᠃ ᠴᠢ ᠲᠠᠬᠢᠭᠠᠳ ᠲᠣᠣᠭᠠᠷᠪᠠᠯ ᠪᠢ ᠡᠨᠠ ᠲᠠᠪᠬᠢᠵᠣ ᠪᠠᠶ᠋‍ᠢᠬᠣ ᠮᠠᠰᠢᠨ ᠡᠴᠡ ᠬᠠᠷᠠᠶ᠋‍ᠢᠬᠣ ᠮᠠᠭᠠᠳ ᠦᠭᠡᠶ ᠰᠢᠤ》 ᠬᠡᠵᠦ ᠪᠢ ᠬᠡᠯᠡᠪᠡ᠃

ᠬᠣᠰᠢᠭᠣᠨ ᠡᠴᠡ ᠢᠷᠡᠭ᠍ᠰᠡᠨ ᠬᠦᠮᠥᠨ ᠲᠡᠶ ᠡᠠᠬ᠎ᠠ ᠲᠡᠬᠥᠤ ᠪᠣᠯᠣᠯᠴᠠᠵᠣ᠂ ᠬᠠᠶᠠ ᠵᠠᠷᠢᠮ ᠳᠠᠭᠠᠨ ᠮᠥᠷᠤ ᠲᠠᠯᠣ ᠪᠠᠨ ᠲᠠᠪᠰᠢᠯᠴᠠᠵᠣ ᠶᠠᠪᠣᠬᠣ ᠰᠠᠶ᠋‍ᠢᠬᠠᠨ ᠶᠣᠮ᠃ ᠬᠡᠨ ᠨᠠᠮᠢ᠋ᠢ ᠬᠦᠮᠥᠨ ᠢᠶᠡᠷ ᠦᠵᠡᠪᠡᠯ ᠪᠢ ᠲᠡᠬᠥᠨ ᠢ ᠪᠣᠷᠬᠠᠨ ᠢᠶᠡᠷ ᠲᠠᠬᠢᠨ᠎ᠠ᠃ ᠴᠤᠬᠤᠮ ᠣᠴᠢᠷ ᠢ ᠬᠡᠯᠡᠬᠥ ᠶᠣᠮ ᠪᠣᠯ ᠰᠠᠯᠠᠭᠠᠨ ᠲᠠᠰ ᠤᠨ ᠺᠠᠳ᠋ᠷ ᠴᠢᠨᠢ ᠶᠠᠭᠣ ᠯᠠ ᠪᠠᠶ᠋‍ᠢᠬᠣ ᠪᠣᠢ᠃ ᠲᠡᠬᠡᠬᠥᠯᠡᠷ ᠴᠢᠨᠢ ᠲᠠᠷᠠ ᠬᠦᠮᠥᠨ ᠤ ᠰᠠᠨᠠᠭ᠎ᠠ ᠨᠢ ᠰᠠᠶ᠋‍ᠢᠨ᠂ ᠣᠯᠵᠠ ᠠᠰᠢᠭ ᠲᠤ ᠬᠠᠷᠠᠭᠣ ᠦᠭᠡᠶ᠂ ᠪᠠᠰᠠ ᠴᠤ ᠨᠠᠳᠠ ᠰᠢᠭ ᠭᠠᠷ ᠶᠡᠬᠡᠳᠡᠢ ᠭᠠᠶ᠋‍ᠢᠬᠠᠯ᠃ ᠬᠣᠰᠣᠳᠣ ᠶᠢᠨ ᠠᠶ᠋‍ᠢᠯ ᠤᠨ ᠵᠠᠬᠥᠨ ᠵᠠᠬ᠎ᠠ ᠡᠷᠣᠬᠡ ᠶ᠋‍ᠢᠨ ᠨᠠᠰᠣᠨ ᠪᠠᠶᠠᠷ ᠬᠢᠭ᠍ᠰᠡᠨ ᠨᠠᠶ᠋‍ᠢᠷ ᠲᠤ ᠵᠠᠯᠠᠭᠳᠠᠵᠣ ᠣᠴᠢᠳᠠᠭ ᠣᠳᠠᠭ᠎ᠠ᠂ ᠮᠠᠨ ᠤ ᠬᠦᠮᠥᠨ ᠢ ᠬᠣᠰᠢᠭᠣᠨ ᠡᠴᠡ ᠢᠷᠡᠭ᠍ᠰᠡᠨ ᠪᠡᠯᠴᠢᠬᠡᠷ ᠴᠠᠭᠳᠠᠭᠴᠢ ᠲᠠᠷᠣᠭ᠎ᠠ ᠬᠡᠵᠦ ᠨᠠᠶ᠋‍ᠢᠷ ᠤᠨ ᠲᠠᠭᠠᠭᠠᠮᠠᠯ ᠲᠠᠨᠢᠯᠴᠠᠭᠣᠯᠣᠮᠠᠭᠴᠠ ᠲᠠᠷᠠ ᠰᠢᠭᠣᠳ ᠲᠠᠳᠠᠭ ᠶᠠᠳᠠᠭ ᠬᠡᠰᠡᠨ ᠴᠤ ᠦᠭᠡᠶ ᠪᠠᠷ ᠵᠠᠭᠣᠳᠣ ᠶᠢᠨ ᠲᠡᠪᠢᠰᠬᠡᠷ ᠲᠥᠷᠪᠡ ᠶᠢ ᠰᠣᠭᠣᠯᠵᠣ ᠭᠠᠷᠭᠠᠨ ᠪᠢᠳᠠ ᠲᠥᠷᠪᠡ ᠪᠠᠨ ᠲᠥᠯᠣᠬᠡᠯᠡᠨ ᠬᠣᠪᠢᠨ ᠤ ᠵᠤᠭᠣᠰ ᠢᠶᠡᠷ ᠢᠶᠡᠨ ᠪᠡᠯᠡᠭ ᠪᠠᠷᠢᠴᠢᠬᠠᠭᠰᠠᠨ ᠰᠢᠤ᠃ ᠣᠶ᠋‍ᠢᠷ᠎ᠠ ᠲᠥᠷᠥᠯ ᠪᠣᠯᠬᠣ ᠴᠤ ᠦᠭᠡᠶ᠂ ᠵᠦᠬᠡᠷ ᠶᠠᠷᠣ ᠶᠢᠨ ᠲᠠᠨᠢᠯ ᠳᠤ ᠬᠦᠷᠳᠡᠯ᠎ᠡ ᠢᠩᠬᠢᠵᠣ ᠪᠡᠯᠡᠭ ᠡᠷᠬᠥᠳᠡᠭ ᠬᠦᠮᠥᠨ ᠢ ᠴᠢᠨᠢ ᠦᠬᠡᠷ᠎ᠡ ᠶᠠᠭᠣ ᠬᠡᠵᠦ ᠬᠡᠯᠡᠬᠥ ᠪᠣᠢ︕ ᠲᠡᠬᠡᠬᠥ ᠳᠤ ᠬᠦᠮᠥᠨ ᠤ ᠰᠠᠶ᠋‍ᠢᠨ ᠮᠠᠭᠣ ᠶᠢ ᠢᠯᠭᠠᠵᠣ ᠮᠡᠳᠡᠬᠥ ᠦᠭᠡᠶ ᠠᠮᠢᠳᠠᠨ ᠭᠣᠣᠯᠳᠠᠨ ᠪᠠᠰᠠ ᠮᠣᠡᠭ ᠦᠭᠡᠶ᠃ ᠬᠣᠶᠠᠷ ᠭᠣᠵᠦᠡᠭ ᠤᠨ ᠬᠣᠭᠣᠷᠣᠠᠳᠣ ᠰᠠᠭᠣᠳᠠᠭ ᠪᠠᠶᠠᠷ ᠬᠡᠳᠡᠭ ᠨᠡᠷ᠎ᠡ ᠲᠡᠶ᠂ ᠠᠭᠵᠠᠭᠠᠷ ᠬᠦᠬᠡ ᠡᠪᠥᠬᠡᠨ ᠬᠠᠷᠢᠨ ᠬᠡᠨᠡᠳᠳᠡ ᠪᠠᠷ ᠠᠷᠢᠬᠢᠨ ᠰᠢᠷᠡᠬᠡᠨ ᠲᠡᠬᠡᠷ᠎ᠡ ᠣᠮ ᠪᠣᠰᠴᠣ ᠬᠡᠷᠳᠡᠭᠯᠡᠭᠡᠳ ᠮᠠᠨ ᠤ ᠲᠠᠷᠣᠭ᠎ᠠ ᠶᠢᠨ ᠪᠡᠯᠡᠭ ᠤᠨ ᠵᠤᠭᠣᠰ ᠢ ᠵᠢᠭᠠᠵᠣ᠄ 《 ᠬᠣᠪᠢᠯᠵᠠᠭᠠᠨ᠎ᠠ ᠶᠢᠨ ᠬᠡᠳᠡᠰᠥᠨ ᠡᠴᠡ ᠭᠠᠷᠣᠭᠰᠠᠨ ᠦᠦ᠂ ᠬᠣᠨᠢᠨ ᠤ ᠪᠠᠶᠠᠨ ᠲᠡᠬᠡᠷ᠎ᠡ ᠡᠴᠡ ᠣᠯᠣᠭᠰᠠᠨ ᠮᠦᠩᠬᠥ ᠦᠦ》 ᠬᠡᠨ᠎ᠡ᠃ ᠬᠣᠪᠢᠯᠵᠠᠭᠠᠨ᠎ᠠ ᠶᠢᠨ ᠬᠡᠳᠡᠰᠥᠨ ᠡᠴᠡ ᠭᠠᠷᠣᠭᠰᠠᠨ ᠦᠦ᠂ ᠬᠣᠨᠢᠨ ᠤ ᠪᠠᠶᠠᠨ ᠲᠡᠬᠡᠷ᠎ᠡ ᠡᠴᠡ ᠣᠯᠣᠭᠰᠠᠨ ᠦᠦ᠂ ᠲᠡᠬᠥᠨ ᠳᠤ ᠶᠠᠮᠠᠷ ᠲᠠᠯᠵᠢ︕ ᠨᠢᠬᠡ ᠮᠠᠭᠣ ᠬᠣᠬᠢᠢᠭᠰᠠᠨ ᠮᠠᠯᠴᠢᠨ ᠡᠪᠥᠬᠡᠨ ᠠᠷᠢᠬᠢ ᠣᠣᠭᠣᠳᠠᠭ ᠪᠣᠯ ᠣᠣᠭᠣᠯ᠎ᠠ᠂ ᠣᠣᠭᠣᠬᠣ ᠲᠤᠷ᠎ᠠ ᠦᠭᠡᠶ ᠪᠣᠯ ᠪᠠᠶ᠋‍ᠢᠯ᠎ᠠ᠂ ᠶᠠᠭᠣᠨ ᠤ ᠪᠠᠰᠠ ᠶᠢᠷᠳᠢᠨᠴᠣ ᠶᠢᠨ ᠶᠠᠪᠣᠳᠠᠯ ᠳᠤ ᠬᠣᠷᠣᠭᠣ ᠲᠥᠷᠣᠴᠢᠬᠡᠭ᠍ᠰᠡᠨ ᠪᠣᠢ︕ ᠪᠢ ᠬᠡᠳᠡᠭ ᠬᠦᠮᠥᠨ ᠣᠣᠯ ᠡᠴᠡ ᠪᠠᠨ ᠡᠶ᠋‍ᠢᠮᠣ ᠵᠦᠷᠢᠬᠥᠤ ᠬᠠᠵᠠᠭᠠᠢ ᠶᠢ ᠦᠵᠡᠵᠦ ᠴᠢᠳᠠᠳᠠᠭ ᠦᠭᠡᠶ ᠲᠣᠯᠠ ᠠᠬᠠᠰ ᠰᠠᠬᠠᠰ ᠪᠣᠰᠣᠭᠰᠠᠨ ᠬᠢᠯᠢᠡᠭ ᠢᠶᠡᠨ ᠲᠠᠷᠣᠨ ᠶᠠᠳᠠᠬᠣ ᠳᠠᠭᠠᠨ ᠠᠭᠵᠠᠭᠠᠷ ᠬᠦᠬᠡ ᠡᠪᠥᠬᠡᠨ ᠢ ᠠᠷᠢᠬᠢᠨ ᠰᠢᠷᠡᠬᠡᠨ ᠡᠴᠡ ᠵᠠᠭᠠᠮᠠᠳᠠᠵᠣ ᠪᠠᠭᠣᠯᠭᠠᠨ ᠭᠠᠷ ᠬᠦᠯ ᠤᠨ ᠠᠳᠬᠣᠷᠠᠭ᠎ᠠ ᠪᠠᠨ ᠪᠠᠬᠠᠨ ᠲᠠᠶ᠋‍ᠢᠯᠣᠭᠰᠠᠨ ᠶᠣᠮ᠃ ᠣᠳᠣ ᠪᠣᠳᠣᠭᠠᠳ ᠦᠵᠡᠬᠥ ᠳᠤ ᠮᠠᠨ ᠤ ᠲᠠᠷᠣᠭ᠎ᠠ ᠶᠢᠨ ᠦᠵᠡᠬᠥᠯᠥᠭᠰᠡᠨ ᠷᠢᠳᠢ ᠰᠢᠳᠢ ᠮᠢᠨᠣᠬᠢ ᠡᠴᠡ ᠵᠠᠭᠣᠨ ᠬᠣᠪᠢ ᠠᠬᠠᠳᠠᠭᠠᠳ ᠣᠬᠠᠭᠠᠨ ᠨᠢ ᠲᠠᠷᠠ ᠪᠣᠯᠵᠣ ᠣᠭᠣᠳᠠ ᠨᠢ ᠪᠢ ᠪᠣᠯᠵᠠᠢ᠃ ᠴᠠᠭᠠᠨ ᠲᠠᠪᠠᠭ᠎ᠠ ᠶᠢᠨ ᠵᠠᠬᠡᠯᠢ ᠶᠢᠨ ᠬᠣᠭᠣᠯᠠᠨ ᠬᠡᠷ ᠤᠨ ᠡᠬᠥᠳᠡᠨ ᠳᠤ ᠲᠡᠷᠬᠡ ᠪᠠᠨ ᠵᠤᠭᠰᠣᠭᠠᠭᠠᠳ ᠲᠡᠬᠡᠬᠡᠵᠦ ᠶᠠᠪᠣᠭ᠎ᠠ ᠬᠣᠨᠢᠳ ᠢᠶᠡᠨ ᠲᠣᠭᠠᠯᠠᠵᠣ ᠦᠵᠡᠬᠥ ᠳᠤ ᠢᠯᠡᠬᠥᠤ ᠴᠤ ᠦᠭᠡᠶ᠂ ᠲᠣᠳᠠᠭᠣ ᠴᠤ ᠦᠭᠡᠶ ᠶᠠᠭ ᠵᠠᠭᠤ ᠬᠣᠷᠢᠨ ᠭᠣᠷᠪᠠ ᠪᠠᠶ᠋‍ᠢᠨ᠎ᠠ᠃ ᠪᠢ ᠪᠣᠳᠣᠵᠣ ᠦᠵᠡᠪᠡᠯ ᠪᠠᠶᠠᠷ ᠬᠡᠳᠡᠭ ᠬᠦᠮᠥᠨ ᠠᠮᠢᠰᠭᠣᠯ ᠲᠡᠶ ᠪᠠᠶ᠋‍ᠢᠭᠰᠠᠭᠠᠷ ᠪᠣᠯ ᠶᠠᠭᠠᠬᠢᠪᠠᠴᠣ ᠬᠣᠨᠢᠳ ᠤᠨ ᠢᠶᠡᠨ ᠠᠷᠤ ᠡᠴᠡ ᠨᠢᠬᠡ ᠣᠳᠠᠭ᠎ᠠ ᠵᠠᠮᠨᠠᠬᠣ ᠶᠣᠰᠣᠳᠠᠢ᠃

ᠲᠣᠭᠣᠯ ᠲᠡᠶ ᠦᠨᠢᠶ᠎ᠡ ᠡᠷᠬᠢᠬᠥ ᠦᠶ᠎ᠡ ᠪᠠᠷ ᠬᠣᠩᠭ᠋ᠣᠷ ᠢᠷᠠᠵᠣ ᠦᠨᠢᠶ᠎ᠡ ᠶᠢ ᠨᠢ ᠰᠠᠭᠠᠵᠣ ᠦᠭ᠍ᠬᠥ ᠬᠡᠪᠡᠯ ᠲᠠᠭᠣᠯᠠ ᠦᠨᠢᠶᠡᠨ ᠰᠠᠭᠣᠯᠠᠭ᠎ᠠ ᠪᠠᠨ ᠲᠡᠬᠥᠨ ᠳᠤ ᠪᠠᠷᠢᠭᠣᠯᠣᠭᠰᠠᠨ ᠦᠭᠡᠶ᠃ ᠣᠷᠣᠢ ᠶᠢᠨ ᠣᠨᠢᠶᠠᠷ ᠬᠦᠰᠢᠬᠡᠯᠡᠵᠦ᠂ ᠦᠨᠢᠶ᠎ᠡ ᠲᠣᠭᠣᠯ ᠮᠦᠬᠡᠷᠡᠬᠥ ᠴᠢᠮᠡᠬᠡ ᠡᠦᠢᠳᠬᠠᠷᠳᠠᠢ ᠨᠠᠮ ᠵᠢᠮ ᠢ ᠬᠠᠶᠠ ᠡᠪᠳᠠᠨ᠎ᠠ᠃ ᠬᠣᠩᠭ᠋ᠣᠷ ᠡᠪ ᠦᠬᠡᠶ᠋‍ᠢᠷᠡᠬᠡᠥᠨ ᠬᠣᠷᠣᠭᠣ ᠭᠠᠷ ᠢᠶᠡᠨ ᠨᠣᠬᠣᠯᠠᠨ ᠵᠤᠭᠰᠣᠵᠣ ᠪᠠᠶ᠋‍ᠢᠬᠣ ᠳᠤ ᠡᠷᠳᠠᠨᠢᠵᠠᠪ ᠮᠣᠷᠢ ᠵᠠᠶ᠋‍ᠢᠳᠠᠯᠠᠭᠰᠠᠭᠠᠷ ᠲᠠᠳᠠ ᠬᠣᠶᠠᠷ ᠤᠨ ᠲᠡᠷᠬᠡᠳᠡ ᠢᠷᠠᠵᠠᠢ᠃

《 ᠮᠠᠨ ᠤ ᠬᠢᠨ ᠴᠠᠭᠠᠨ ᠲᠠᠪᠠᠭᠠᠨ ᠳᠤ ᠬᠣᠨᠢ ᠲᠡᠬᠡᠬᠡᠭ᠍ᠰᠡᠨ ᠲᠡᠷᠬᠡ ᠶᠢ ᠨᠡᠬᠡᠬᠡᠥᠨ ᠬᠦᠢᠴᠡᠴᠢᠬᠡᠯ᠎ᠡ ᠬᠡᠵᠦ ᠪᠠᠶ᠋‍ᠢᠨ᠎ᠠ᠃ ᠪᠠᠶᠠᠷ ᠢ ᠦᠳᠡ ᠶᠢᠨ ᠦᠶ᠎ᠡ ᠪᠠᠷ ᠰᠣᠮᠣ ᠡᠴᠡ ᠨᠠᠭᠠᠰᠢ ᠶᠠᠪᠣᠭᠣᠯᠣᠭᠰᠠᠨ ᠬᠡᠨ᠎ᠡ᠃ ᠡᠳᠣᠢ ᠪᠣᠯᠳᠠᠯ᠎ᠠ ᠪᠠᠷ᠎ᠠ ᠦᠭᠡᠶ ᠪᠠᠷ ᠦᠵᠡᠬᠥ ᠳᠤ ᠪᠠᠰᠠ ᠯᠠ ᠡᠪᠣᠯᠵᠢᠶᠠᠨ ᠳᠤ ᠣᠷᠣᠭᠠᠳ ᠠᠷᠢᠬᠢᠨ ᠰᠢᠯ ᠲᠡᠪᠡᠷᠢᠬᠡᠥᠨ ᠰᠠᠭᠣᠴᠢᠬᠠᠯ᠎ᠠ ᠪᠣᠯᠣᠯᠳᠠᠢ 》 ᠬᠡᠵᠦ ᠡᠷᠳᠠᠨᠢᠵᠠᠪ ᠮᠣᠷᠢᠨ ᠡᠴᠡ ᠪᠠᠨ ᠪᠠᠭᠣᠬᠣ ᠡᠴᠠ ᠣᠷᠢᠳᠠᠢ ᠬᠡᠯᠡᠬᠡᠥᠨ ᠲᠡᠷᠳᠡᠬᠡ ᠲᠠᠯ᠎ᠠ ᠶᠢᠨ ᠰᠢᠷ᠎ᠠ ᠵᠠᠮ ᠢ ᠬᠠᠷᠠᠪᠠ᠃

《 ᠬᠣᠨᠢᠳ ᠢ ᠨᠢ ᠬᠡᠬᠡᠯᠳᠡ ᠦᠭᠡᠶ ᠣᠯᠣᠭᠠᠳ ᠢᠷᠡᠬᠥ ᠳᠤ ᠬᠦᠷᠪᠡᠯ ᠠᠷᠢᠬᠢᠨ ᠯᠣᠩᠬᠤ ᠲᠠᠪᠠᠷᠢᠵᠣ ᠰᠠᠭᠣᠬᠣ ᠴᠤ ᠭᠠᠶ᠋‍ᠢᠭᠣᠢ 》 ᠬᠡᠵᠦ ᠬᠣᠩᠭ᠋ᠣᠷ ᠬᠡᠯᠡᠪᠡ᠃ ᠲᠠᠭᠣᠯᠠ ᠦᠨᠢᠶᠡᠨ ᠲᠡᠯᠡᠨᠭ᠌ ᠲᠣᠣᠷ᠎ᠠ ᠣᠴᠣᠶ᠋‍ᠢᠭᠠᠳ ᠲᠠᠳᠠ ᠬᠣᠶᠠᠷ ᠤᠨ ᠶᠠᠷᠢᠯᠴᠠᠭ᠎ᠠ ᠶᠢ ᠴᠢᠬᠢᠨ ᠨᠠᠮᠠᠭᠠᠨ ᠳ᠋ᠠᠭᠠᠨ ᠠᠪᠣᠭᠰᠠᠨ ᠦᠭᠡᠶ ᠪᠠᠶ᠋‍ᠢᠳᠠᠯ ᠲᠡᠶ᠃

《 ᠲᠠᠷᠠ ᠬᠡᠳᠥᠨ ᠲᠣᠰᠣᠯ ᠰᠥ᠋ ᠶᠢ ᠲᠣᠭᠣᠯ ᠳᠠᠭᠠᠨ ᠦᠯᠠᠳᠡᠬᠡᠬᠡᠥᠨ ᠦᠭᠴᠢᠬᠡ ᠡ︕ ᠬᠠᠪᠣᠷ ᠵᠤᠨ ᠲᠣᠰᠣ ᠪᠠᠨ ᠬᠦᠵᠡᠬᠡᠯᠡᠪᠡᠯ ᠨᠠᠮᠣᠷ ᠡᠪᠣᠯ ᠳᠡᠭᠡᠨ ᠲᠣᠭᠣᠯ ᠢᠶᠡᠨ ᠲᠣᠯᠣᠮᠯᠠᠨ᠎ᠠ (ᠤᠤᠯ ᠦᠭᠡ ᠨᠢ᠄ ᠵᠤᠨ ᠨᠠᠮᠤᠷ ᠳᠤᠰᠤ ᠪᠠᠨ ᠬᠦᠵᠡᠭᠡᠯᠡᠪᠡᠯ ᠡᠪᠤᠯ ᠬᠠᠪᠤᠷ ᠳᠠᠭᠠᠨ ᠳᠤᠭᠤᠯ ᠢᠶᠡᠨ ᠳᠤᠯᠤᠮᠯᠠᠨ᠎ᠠ ) ᠭᠡᠳᠡᠭ ᠰᠢᠤ 》 ᠬᠡᠭ᠍ᠰᠠᠬᠡᠷ ᠡᠷᠳᠠᠨᠢᠵᠠᠪ ᠮᠣᠷᠢ ᠡᠴᠡ ᠪᠠᠨ ᠪᠠᠭᠣᠵᠠᠢ᠃

ᠲᠠᠭᠣᠯᠠ ᠦᠨᠢᠶᠡᠥᠨ ᠢᠶᠡᠨ ᠰᠠᠭᠠᠵᠣ ᠪᠠᠷᠠᠭᠠᠳ ᠰᠠᠭᠣᠯᠠᠭ᠎ᠠ ᠲᠡᠶ ᠰᠥ᠋ ᠪᠠᠨ ᠲᠡᠬᠥᠵᠢᠯᠡᠭ᠍ᠰᠠᠬᠡᠷ ᠬᠡᠷ ᠲᠡᠭᠡᠨ ᠣᠷᠣᠪᠠ᠃ ᠲ᠋ᠡᠷᠬᠡᠳᠡ ᠨᠢ ᠬᠠᠨᠢ ᠪᠣᠯᠵᠣ ᠵᠤᠭᠰᠣᠭᠠᠳ ᠵᠤᠭᠣᠭᠳᠠᠵᠣ ᠪᠠᠶ᠋‍ᠢᠭ᠎ᠠ ᠬᠣᠶᠠᠷ ᠲᠡᠶ ᠦᠬᠡ ᠲᠣᠣᠭᠠᠷᠣᠭᠰᠠᠨ ᠦᠭᠡᠶ᠃

《 ᠮᠠᠨᠠᠷᠠᠵᠣ ᠲᠦᠨᠡᠷᠡᠭ᠍ᠰᠡᠨ ᠡᠴᠡ ᠪᠣᠯᠣᠭᠠᠳ ᠲᠠᠷᠢᠬᠢ ᠨᠢ ᠰᠡᠪᠲᠦᠴᠢᠬᠡᠯ᠎ᠡ ᠬᠡᠵᠦ ᠦᠦ︖》 ᠬᠡᠵᠦ ᠡᠷᠳᠠᠨᠢᠵᠠᠪ ᠲᠦᠲᠦᠨᠡᠬᠡᠥᠨ ᠮᠣᠷᠢ ᠪᠠᠨ ᠡᠪᠳᠡᠷᠬᠡᠢ ᠡᠪᠠᠰᠣ ᠬᠠᠮᠣᠬᠣ ᠮᠠᠰᠢᠨ ᠤ ᠪᠣᠯᠣ ᠲᠡᠬᠡᠷ᠎ᠡ ᠣᠶᠠᠪᠠ᠃

ᠲᠠᠳᠠ ᠬᠣᠶᠠᠷ ᠢ ᠲᠣᠪᠣᠨ ᠤ ᠬᠠᠭᠠᠯᠭ᠎ᠠ ᠪᠠᠷ ᠣᠷᠣᠵᠣ ᠣᠴᠢᠬᠤ ᠳᠤ ᠲᠠᠭᠣᠯᠠ ᠬᠣᠭᠣᠰᠣᠨ ᠦᠨᠢᠶᠡᠨ ᠰᠠᠭᠣᠯᠠᠭ᠎ᠠ ᠪᠠᠨ ᠬᠦᠮᠥᠷᠢᠬᠥ ᠪᠠᠷ ᠭᠠᠳᠠᠭ᠎ᠠ ᠭᠠᠷᠴᠠᠢ᠃

《 ᠪᠢᠳᠠ ᠬᠣᠶᠠᠷ ᠬᠡᠷ ᠬᠡᠷ ᠲᠡᠭᠡᠨ ᠶᠠᠪᠣᠴᠢᠬᠠᠪᠠᠯ ᠲᠡᠬᠡᠷ᠎ᠡ ᠶᠣᠮ ᠪᠠ᠃ ᠲᠣᠰᠠ ᠪᠣᠯᠬᠣ ᠪᠠᠨ ᠪᠠᠶ᠋‍ᠢᠭᠠᠳ ᠲᠣᠱᠠ ᠪᠣᠯᠵᠣ ᠪᠠᠶ᠋‍ᠢᠬᠣ ᠮᠠᠶ‍ᠢᠭᠳᠠᠢ 》 ᠬᠡᠵᠦ ᠬᠣᠩᠭ᠋ᠣᠷ ᠬᠡᠯᠡᠬᠡᠥᠨ ᠰᠠᠨᠠᠭ᠎ᠠ ᠠᠯᠳᠠᠪᠠ᠃

《 ᠣᠷᠣᠢ ᠪᠦᠷᠥᠢ ᠬᠦᠮᠥᠨ ᠬᠠᠷ᠎ᠠ ᠲᠡᠷᠬᠡᠳᠡ ᠨᠢ ᠦᠭᠡᠶ ᠦᠶ᠎ᠡ ᠳᠤ ᠪᠠᠰᠠ ᠮᠠᠨᠠᠷᠠᠴᠢᠬᠠᠪᠠᠯ ᠶᠠᠭᠠᠬᠢᠨ᠎ᠠ᠂ ᠴᠢᠷᠠᠢ ᠲᠡᠶ ᠴᠣ ᠲᠠᠷᠠ᠂ ᠴᠢᠷᠠᠢ ᠦᠭᠡᠶ ᠴᠤ ᠲᠠᠷᠠ ᠪᠠᠶ᠋‍ᠢᠳᠠᠯ ᠢ ᠨᠢ ᠯᠠᠪᠯᠠᠭᠠᠳ ᠰᠠᠭᠣᠵᠣ ᠪᠠᠶ᠋‍ᠢᠶ᠎ᠠ 》 ᠬᠡᠵᠦ ᠡᠷᠳᠠᠨᠢᠵᠠᠪ ᠬᠡᠯᠡᠪᠡ᠃

《 ᠲ᠋ᠠᠶ᠋‍ᠢᠮᠣ ᠪᠣᠯ ᠵᠦᠬᠡᠷ ᠰᠠᠭᠣᠬᠣ ᠪᠠᠷ ᠴᠠᠢ ᠶᠢ ᠨᠢ ᠴᠢᠨᠠᠭᠠᠳ ᠣᠣᠭᠣᠵᠣ ᠰᠠᠭᠣᠶ᠎ᠠ ᠳ᠋‍ᠠ 》ᠬᠡᠵᠦ ᠬᠣᠩᠭ᠋ᠣᠷ ᠬᠡᠯᠡᠪᠡ᠃

ᠬᠣᠩᠭ᠋ᠣᠷ ᠢ ᠴᠠᠢ ᠴᠢᠨᠠᠬᠣ ᠬᠡᠥᠨ ᠲᠣᠭᠣᠭ᠎ᠠ ᠰᠢᠨᠠᠭ᠎ᠠ ᠶᠢ ᠨᠢ ᠣᠷᠣᠯᠳᠣᠵᠣ ᠪᠠᠶ᠋‍ᠢᠬᠣ ᠳᠤ ᠲᠠᠭᠣᠯᠠ ᠭᠠᠳᠠᠨ᠎ᠠ ᠡᠴᠡ ᠣᠷᠣᠵᠣ ᠢᠷᠠᠵᠠᠢ᠃

《 ᠲ᠋ᠨ ᠬᠣᠶᠠᠷ ᠣᠳᠣ ᠬᠡᠷ ᠲᠡᠭᠡᠨ ᠶᠠᠪᠣ ᠡ ᠁》 ᠬᠡᠵᠦ ᠲᠠᠭᠣᠯᠠ ᠨᠠᠮᠣᠭᠣᠬᠠᠨ ᠲᠣᠣᠭᠠᠷᠪᠠᠯ ᠡᠷᠳᠠᠨᠢᠵᠠᠪ ᠦᠬᠡ ᠶᠢ ᠨᠢ ᠣᠶ᠋‍ᠢᠯᠠᠭᠠᠭᠰᠠᠨ ᠦᠬᠡᠢ ᠬᠦᠮᠥᠨ ᠪᠣᠯᠵᠣ ᠦᠬᠡᠳᠡ ᠡᠴᠡ ᠨᠢ ᠱᠣᠭ ᠭᠠᠷᠭᠠᠬᠣ ᠰᠠᠨᠠᠭᠠᠳᠠᠢ ᠠᠮᠨ ᠲᠠᠷᠪᠠᠶ᠋‍ᠢᠯᠭᠠᠨ᠄ 《 ᠬᠣᠩᠭ᠋ᠣᠷ ᠤᠨ ᠴᠢᠨᠠᠭᠰᠠᠨ ᠴᠠᠢ ᠵᠢ ᠬᠦᠯᠥᠰᠤ ᠭᠠᠷᠳᠠᠯ᠎ᠠ ᠲᠠᠳᠠᠶ᠎ᠠ 》 ᠬᠡᠨ᠎ᠡ᠃

《 ᠬᠡᠷ ᠬᠡᠷ ᠲᠡᠭᠡᠨ ᠵᠠᠯᠠᠷᠠᠴᠢᠬ᠎ᠠ︕》 ᠬᠡᠵᠦ ᠲᠠᠭᠣᠯᠠ ᠬᠡᠭ᠍ᠵᠢᠬᠥᠨ ᠲᠣᠣᠭᠠᠷᠪᠠ᠃

ᠲᠠᠪᠢ ᠬᠦᠷᠴᠦ ᠲᠠᠬᠢᠶ᠎ᠠ ᠲᠣᠣᠭᠠᠷᠬᠣ ᠰᠢᠬᠠᠭᠠᠳ ᠬᠦᠮᠥᠨ ᠤ ᠲᠣᠮᠳᠠ ᠰᠢᠪᠰᠢᠭ᠌ ᠢᠶᠡᠨ ᠲᠠᠷᠢᠵᠣ ᠠᠮᠠᠷᠠᠵᠠᠢ᠃ ᠵᠠᠭᠣ ᠢᠯᠡᠬᠥᠤ ᠬᠣᠨᠢ ᠰᠢᠤ︕ ᠨᠣᠣᠰᠣ ᠪᠠᠷ ᠨᠢ ᠢᠰᠠᠬᠡᠢ ᠬᠢᠪᠠᠴᠣ ᠵᠢᠷᠭᠣᠭᠠᠨ ᠬᠠᠨ᠎ᠠ ᠲᠡᠶ ᠬᠡᠷ ᠢ ᠪᠦᠷᠢᠶᠡᠰᠥᠯᠠᠵᠦ ᠬᠦᠢᠴᠡᠨ᠎ᠡ᠃ ᠲᠠᠨᠣᠰ ᠲᠤ ᠡᠶ᠋‍ᠢᠮᠣ ᠵᠤᠪᠠᠭᠤᠷᠢ ᠲᠣᠬᠢᠶᠠᠯᠳᠣᠬᠣ ᠡᠬᠡᠯᠵᠢ ᠪᠣᠯᠣᠭ᠎ᠠ ᠦᠭᠡᠶ ᠲᠣᠯᠠ ᠮᠢᠨᠣ ᠡᠮᠣᠨ᠎ᠠ ᠡᠷᠪᠠᠶ᠋‍ᠢᠵᠣ ᠵᠤᠭᠰᠣᠭᠠᠳ ᠦᠷᠤ ᠡᠪᠠᠳᠣᠯ ᠤᠨ ᠴᠢᠷᠠᠢ ᠭᠠᠷᠭᠠᠵᠣ ᠪᠠᠶ᠋‍ᠢᠨ᠎ᠠ᠃ ᠨᠠᠮᠢ᠋ᠢ ᠬᠣᠨᠢᠳ ᠤᠨ ᠢᠶᠡᠨ ᠠᠷᠤ ᠡᠴᠡ ᠬᠠᠷᠠᠰᠠᠬᠣ ᠳᠠᠭᠠᠨ ᠪᠠᠶ᠎ᠠ ᠪᠠᠨ ᠬᠣᠣᠷᠯᠠᠴᠢᠬᠠᠬᠣ ᠮᠠᠭᠠᠳ ᠦᠭᠡᠶ ᠬᠡᠵᠦ ᠪᠣᠳᠣᠵᠣ ᠪᠠᠶ᠋‍ᠢᠨ᠎ᠠ ᠬᠡᠵᠦ ᠦᠦ︖ ᠲᠦᠢ︕ ᠪᠢ ᠶᠠᠭᠣᠨ ᠳᠤ ᠪᠠᠶ᠎ᠠ ᠪᠠᠨ ᠬᠣᠣᠷᠯᠠᠬᠣ ᠪᠣᠢ᠃ ᠮᠣᠩᠭ᠋ᠣᠯ ᠬᠦᠮᠥᠨ ᠲᠡᠬᠡᠲᠦ ᠶᠢᠨ ᠦᠶ᠎ᠡ ᠡᠴᠡ ᠪᠠᠨ ᠢᠩᠬᠢᠵᠣ ᠬᠣᠨᠢ ᠢᠮᠠᠭ᠎ᠠ ᠠᠳᠣᠭᠣ ᠦᠬᠡᠷ ᠢᠶᠡᠨ ᠡᠪᠠᠰᠣ ᠬᠠᠭᠳᠠ ᠪᠠᠷ ᠲᠡᠵᠢᠬᠡᠵᠦ ᠠᠷᠠᠴᠢᠯᠠᠭᠠᠳ ᠲᠡᠭ᠍ᠷᠢ ᠶᠢᠨ ᠵᠤᠣᠨ᠂ ᠬᠦᠮᠥᠨ ᠤ ᠵᠤᠣᠨ ᠤᠨ ᠠᠯᠢ ᠠᠯᠢᠨ ᠳᠤ ᠴᠤ ᠲᠠᠭᠠᠷᠢᠭᠳᠠᠵᠣ ᠶᠠᠪᠣᠳᠠᠭ ᠢᠶᠡᠨ ᠪᠣᠯᠣᠭᠰᠠᠨ᠃ ᠡᠨᠠ ᠡᠳᠣᠷ ᠮᠢᠨᠣ ᠬᠣᠳᠠ ᠬᠣᠭᠣᠰᠣᠷᠠᠭᠰᠠᠨ ᠪᠣᠯ ᠮᠠᠷᠭᠠᠰᠢ ᠴᠢᠨᠣ ᠬᠣᠳᠠ ᠪᠠᠰᠠ ᠬᠣᠭᠣᠰᠣᠷᠠᠵᠣ ᠮᠠᠳᠠᠨ᠎ᠠ᠃ ᠲᠣᠮᠳᠠ ᠬᠣᠷᠣᠭᠣ ᠰᠢᠬᠡᠵᠡᠢ ᠬᠣᠷᠣᠭᠣ ᠶᠢ ᠣᠭᠳᠣᠷ ᠬᠡᠵᠦ ᠭᠣᠯᠣᠭᠠᠳ ᠬᠠᠮᠢᠭ᠎ᠠ ᠯᠠ ᠬᠦᠷᠬᠥ ᠪᠣᠢ︕ ᠡᠵᠢ ᠶᠢᠨ ᠦᠬᠢᠨ ᠲᠠᠭᠣᠯᠠ ᠣᠭᠣᠳᠠ ᠪᠠᠨ ᠴᠢᠷᠥᠭᠰᠡᠨ ᠭᠣᠶ᠋‍ᠢᠷᠠᠠᠴᠢ ᠪᠣᠯᠴᠢᠬᠠᠬᠣ ᠪᠠᠷ ᠪᠣᠳᠣᠬᠣ ᠳᠤ ᠮᠣᠩᠭ᠋ᠣᠯ ᠠᠶ᠋‍ᠢᠯ ᠤᠨ ᠡᠬᠥᠳᠡᠨ ᠳᠤ ᠣᠴᠢᠵᠣ ᠠᠯᠠᠭ᠎ᠠ ᠰᠠᠷᠪᠠᠶ᠋‍ᠢᠬᠣ ᠪᠠᠷ ᠦᠭᠡᠶ᠃ ᠲᠠᠨᠣᠰ ᠰᠠᠨᠠᠭ᠎ᠠ ᠠᠮᠣᠷ ᠪᠠᠢ︕

ᠰᠣᠮᠣᠨ ᠡᠴᠡ ᠲᠣᠬᠢᠷᠠᠭᠣᠯᠵᠣ ᠦᠭ᠍ᠬᠥᠭ᠍ᠰᠡᠨ ᠬᠣᠶᠠᠷ ᠬᠦᠮᠥᠨ ᠤ ᠰᠡᠬᠥᠯ ᠢᠶᠡᠨ ᠬᠠᠪᠴᠢᠭᠰᠠᠨ ᠨᠣᠬᠠᠢ ᠰᠢᠭ ᠭᠠᠷᠪᠢ ᠵᠠᠡᠭ ᠲ᠋ᠠᠢ ᠲᠠᠷᠠ ᠨᠢᠬᠡ (ᠲᠦᠷ ᠴᠠᠭ ᠤᠨ ᠬᠦᠯᠦᠰᠤᠨ ᠠᠵᠢᠯᠴᠢᠨ ) ᠵᠢ ᠨᠢ  ᠰᠣᠮᠣ ᠲᠡᠬᠡᠷ᠎ᠡ ᠨᠢ ᠦᠯᠠᠳᠡᠬᠡᠵᠦ᠂ ᠣᠶᠠᠭᠠᠨ ᠤ ᠨᠣᠬᠠᠢ ᠰᠢᠭ ᠬᠡᠳᠡᠷ ᠵᠠᠡᠭ ᠲᠡᠶ ᠲᠠᠷᠠ ᠨᠢᠬᠡ (ᠰᠤᠮᠤᠨ ᠤ ᠠᠵᠢᠯᠳᠠᠨ ) ᠵᠢ ᠨᠢ  ᠲᠠᠭᠠᠭᠣᠯᠵᠣ ᠴᠠᠭᠠᠨ ᠲᠠᠪᠠᠭ᠎ᠠ ᠪᠠᠯᠭᠠᠰᠣᠨ ᠳᠤ ᠢᠷᠡᠬᠡᠥᠨ ᠵᠠᠬᠡᠯᠢ ᠶᠢᠨ ᠲᠣᠮᠳᠠᠬᠢ ᠬᠣᠭᠣᠯᠠᠨ ᠬᠡᠷ ᠤᠨ ᠡᠬᠥᠳᠡᠨ ᠤ ᠣᠳᠠ ᠮᠣᠳᠣᠨ ᠤ ᠰᠡᠬᠥᠳᠡᠷ ᠲᠤ ᠲᠡᠷᠬᠡ ᠵᠤᠭᠰᠣᠬᠣ ᠵᠠᠷᠯᠢᠭ ᠪᠠᠭᠣᠯᠭᠠᠭᠰᠠᠨ ᠶᠣᠮ᠃ ᠡᠬᠥᠨ ᠢ ᠪᠣᠯ ᠭᠠᠷ ᠲᠣᠣᠷᠠᠬᠢ ᠬᠦᠮᠥᠨ ᠢᠶᠡᠨ ᠵᠠᠡᠭ ᠣᠠᠴᠠᠯᠢᠭ ᠲᠣᠨᠢ ᠲᠣᠬᠢᠷᠠᠭᠣᠯᠵᠣ ᠠᠰᠢᠭᠯᠠᠬᠣ ᠠᠷᠭ᠎ᠠ ᠬᠡᠳᠡᠭ᠃ ᠵᠠᠭᠣ ᠭᠠᠷᠣᠢ ᠬᠣᠨᠢᠨ ᠤ ᠡᠵᠠᠨ ᠨᠢ ᠯᠠᠪᠳᠠᠢ ᠨᠡᠬᠡᠵᠦ ᠢᠷᠡᠳᠡᠭ ᠪᠢᠵᠠ᠂ ᠬᠣᠰᠣᠳᠣ ᠡᠴᠡ ᠰᠣᠮᠣ ᠲᠡᠬᠡᠷ᠎ᠡ ᠪᠠᠨ ᠬᠦᠷᠪᠡᠯ ᠲᠠᠠᠳᠠ ᠦᠯᠠᠳᠡᠬᠡᠭ᠍ᠰᠡᠨ 《 ᠰᠡᠬᠥᠯ ᠢᠶᠡᠨ ᠬᠠᠪᠴᠢᠭᠰᠠᠨ ᠨᠣᠬᠠᠢ 》 ᠶᠢᠨ ᠠᠮᠨ ᠡᠴᠡ ᠬᠣᠨᠢᠳ ᠢ ᠨᠢ ᠬᠠᠮᠢᠭᠠᠰᠢ ᠪᠠᠨ ᠠᠪᠣᠭᠠᠳ ᠶᠠᠪᠣᠭᠰᠠᠨ ᠰᠣᠷᠠᠭ ᠲᠣᠭᠣᠯᠬᠣ ᠪᠣᠯᠣᠨ᠎ᠠ᠃ ᠪᠢ ᠡᠨᠠ ᠬᠣᠭᠣᠯᠠᠨ ᠬᠡᠷ ᠲᠤ ᠵᠢᠯᠣᠭᠣᠴᠢ ᠪᠠ 《 ᠬᠡᠳᠡᠷ ᠨᠣᠬᠠᠢ 》 ᠲᠡᠶ ᠪᠠᠨ ᠭᠣᠷᠪᠠᠭᠣᠯᠠ ᠠᠭᠣᠵᠢᠭᠣ ᠲᠠᠪᠠᠳᠠᠢ ᠠᠷᠢᠬᠢᠳᠠᠭᠠᠳ ᠰᠠᠭᠣᠵᠣ ᠪᠠᠶ᠋‍ᠢᠪᠠᠯ ᠰᠣᠮᠣ ᠲᠡᠬᠡᠷ᠎ᠡ ᠪᠠᠨ ᠬᠦᠷᠥᠬᠡᠥᠨ ᠬᠣᠭᠣᠰᠣᠳᠠᠵᠣ ᠰᠠᠠᠳᠣᠷᠣᠭᠰᠠᠨ ᠬᠦᠮᠥᠨ ᠬᠦᠯᠥᠰᠤ ᠲᠣᠭᠣᠰᠣ ᠪᠠᠨ ᠠᠷᠴᠢᠵᠣ ᠬᠦᠪᠢᠬᠥ ᠴᠢᠯᠦᠬᠡ ᠦᠭᠡᠶ ᠪᠠᠷ ᠠᠷᠤ ᠡᠴᠡ ᠬᠦᠢᠴᠡᠬᠡᠥᠨ ᠢᠷᠡᠬᠥ ᠪᠣᠯᠣᠨ᠎ᠠ᠃ ᠨᠠᠮᠢ᠋ᠢ ᠲᠠᠨᠣᠰ ᠬᠦᠬᠡᠷᠥᠬᠥᠢ ᠮᠠᠯᠴᠢᠨ ᠤ ᠬᠣᠳᠠ ᠵᠢ ᠨᠢ ᠬᠣᠭᠣᠰᠣᠷᠠᠳᠠᠯ᠎ᠠ ᠲᠣᠨᠣᠴᠢᠬᠠᠯ᠎ᠠ ᠬᠡᠵᠦ ᠪᠣᠤ ᠪᠣᠳᠣ ᠳ᠋‍ᠠ᠃ ᠪᠢ ᠲᠣᠨᠣᠭᠠᠴᠢᠨ ᠪᠢᠰᠢ ᠮᠥᠷᠳᠡᠬᠡᠨ ᠵᠢᠪ ᠵᠢᠩᠬᠢᠨᠢ ᠡᠪ ᠬᠠᠮᠳᠣ ᠨᠠᠮ  ᠤᠨ ᠬᠡᠰᠢᠬᠥᠨ ᠰᠢᠤ︕ ᠠᠯᠢ ᠴᠠᠭ ᠦᠶ᠎ᠡ ᠳᠤ ᠴᠤ ᠬᠡᠰᠡᠨ᠂ ᠶᠠᠮᠠᠷ ᠴᠤ ᠶᠠᠭᠣᠮᠠᠨ ᠳᠤ ᠬᠡᠯ᠎ᠡ ᠲᠠᠮᠣᠷ ᠮᠠᠳᠣ ᠬᠠᠳᠠᠭᠣ ᠴᠢᠩ᠊ᠭ᠎ᠠ ᠲᠥᠷᠢᠮ ᠲᠣᠭᠳᠠᠭᠠᠯ ᠪᠠᠶ᠋‍ᠢᠬᠣ ᠬᠡᠷᠡᠭ᠍ᠳᠡᠢ ᠬᠡᠳᠡᠭ ᠶᠣᠰᠣ ᠶᠢ ᠬᠦᠮᠥᠨ ᠪᠦᠷᠢ ᠶᠢᠨ ᠴᠡᠬᠡᠵᠢᠨ ᠳᠤ ᠬᠠᠳᠠᠩᠰᠢᠭᠣᠯᠬᠣ ᠶᠢᠨ ᠲᠥᠯᠣᠬᠡ ᠡᠶ᠋‍ᠢᠮᠣ ᠨᠢᠬᠡ ᠲᠣᠣᠷᠠᠳᠣ ᠬᠡᠪᠡᠯ ᠲᠣᠣᠷᠠᠳᠣ᠂ ᠪᠣᠯᠬᠢ ᠬᠡᠪᠡᠯ ᠪᠣᠯᠬᠢ ᠠᠷᠭ᠎ᠠ ᠶᠢ ᠵᠠᠷᠣᠵᠣ ᠪᠠᠶ᠋‍ᠢᠭ᠎ᠠ ᠶᠣᠮ᠃ ᠨᠠᠮᠢ᠋ᠢ ᠬᠠᠣᠯᠢ ᠶᠢᠨ ᠭᠠᠵᠠᠷ ᠵᠠᠭᠠᠯᠳᠣᠬᠣ ᠬᠦᠮᠥᠨ ᠪᠠᠶ᠋‍ᠢᠪᠠᠯ ᠵᠠᠭᠠᠯᠳᠣ᠃ ᠪᠢ ᠬᠣᠶᠠᠷ ᠭᠠᠷ ᠢᠶᠡᠨ ᠡᠷᠬᠥᠨ ᠪᠠᠶᠠᠷᠳᠠᠢ ᠬᠦᠯᠢᠶᠡᠵᠦ ᠠᠪᠣᠨ᠎ᠠ᠃ ᠡᠪ ᠬᠠᠮᠳᠣᠴᠣᠳ ᠬᠡᠵᠢᠶ᠎ᠡ ᠬᠠᠮᠢᠭ᠎ᠠ ᠴᠣ ᠬᠡᠰᠡᠨ ᠬᠡᠯᠡᠭ᠍ᠰᠡᠨ ᠢᠶᠡᠨ ᠮᠠᠯᠵᠢᠵᠣ᠂ ᠬᠡᠬᠡᠷᠡᠭ᠍ᠰᠡᠨ ᠢᠶᠡᠨ ᠵᠠᠯᠬᠢᠵᠣ ᠶᠠᠪᠣᠭ᠎ᠠ ᠦᠭᠡᠶ᠃ ᠡᠪ ᠬᠠᠮᠳᠣ ᠨᠠᠮ ᠪᠦᠬᠥ ᠲᠣᠮᠳᠠᠳᠣ ᠶᠢ ᠨᠢᠬᠡ ᠣᠳᠠᠰᠣᠨ ᠲᠡᠬᠡᠷ᠎ᠡ ᠵᠠᠰᠠᠵᠣ ᠴᠢᠳᠠᠭᠠᠳ ᠬᠣᠰᠣᠳᠣ ᠶᠢᠨ ᠠᠶ᠋‍ᠢᠯ ᠤᠨ ᠬᠣᠶᠠᠷ ᠭᠣᠵᠦᠡᠭ ᠤᠨ ᠬᠣᠭᠣᠷᠣᠠᠳᠣᠬᠢ ᠠᠯᠠᠭᠠᠨ ᠴᠢᠨᠡᠬᠡ ᠪᠡᠯᠴᠢᠬᠡᠷ ᠲᠤ ᠭᠠᠷ ᠨᠣᠬᠣᠯᠠᠭᠠᠳ ᠲᠦᠪᠡᠭ᠍ᠳᠡᠴᠢᠬᠡᠨ᠎ᠡ ᠬᠡᠳᠡᠭ ᠢ ᠪᠢ ᠯᠠ ᠢᠳᠡᠬᠡᠬᠥ ᠦᠭᠡᠶ᠃ ᠬᠢᠳᠠᠳ ᠦᠬᠡ ᠪᠠᠷ ᠬᠡᠯᠡᠪᠡᠯ ᠬᠢᠳᠣᠭᠠᠨ ᠢᠷ ᠪᠠᠷᠢᠭᠣᠯ ᠢᠶᠡᠨ ᠬᠡᠵᠢᠶᠡᠳᠡ ᠡᠰᠬᠡᠬᠥ ᠶᠣᠰᠣ ᠦᠭᠡᠶ ᠶᠣᠮ᠃

《 ᠶᠠᠭ ᠵᠠᠭᠣ ᠬᠣᠷᠢᠨ ᠭᠣᠷᠪᠠᠨ ᠬᠣᠨᠢ ᠪᠠᠶ᠋‍ᠢᠨ᠎ᠠ᠃ ᠬᠣᠰᠢᠭᠣ ᠵᠦᠭ᠌ ᠶᠠᠪᠣᠬᠣ ᠦᠭᠡᠶ ᠰᠠᠨᠠᠭ᠎ᠠ ᠲᠡᠶ ᠪᠣᠯᠣᠭᠰᠠᠨ ᠶᠣᠮ ᠴᠢᠨᠢ᠂ ᠡ᠊ᠠᠳᠠᠬᠢ ᠮᠠᠯ ᠤᠨ ᠵᠠᠬ᠎ᠠ ᠲᠡᠬᠡᠷ᠎ᠡ ᠭᠣᠷᠪᠠ ᠶᠢ ᠨᠢ ᠬᠣᠳᠠᠯᠳᠣᠭᠠᠳ ᠠᠷᠤ ᠡᠴᠡ ᠨᠡᠬᠡᠵᠦ ᠢᠷᠡᠬᠥ ᠬᠦᠮᠥᠨ ᠳᠤ ᠦᠴᠥᠬᠡᠳᠥᠷ ᠰᠦᠨᠢ ᠮᠤᠬᠤᠷ ᠲᠣᠭᠠᠨ ᠤ ᠵᠠᠭᠣ ᠬᠣᠷᠢᠨ ᠬᠣᠨᠢ ᠲᠡᠬᠡᠬᠡᠭ᠍ᠰᠡᠨ ᠬᠡᠥᠨ ᠮᠡᠯᠵᠢᠴᠢᠬᠡᠢ᠎ᠡ》 ᠬᠡᠵᠦ 《 ᠬᠡᠳᠡᠷ ᠨᠣᠬᠠᠢ 》 ᠠᠷᠢᠬᠢᠳᠠᠵᠣ ᠪᠠᠶ᠋‍ᠢᠬᠣ ᠦᠶ᠎ᠡ ᠳᠤ ᠣᠬᠠᠭᠠᠨ ᠵᠦᠪᠯᠡᠨ᠎ᠡ᠃ ᠡᠨᠠ ᠪᠣᠯ ᠨᠠᠰᠣᠨ ᠳᠠᠭᠠᠨ ᠦᠬᠡᠳᠡᠯᠠᠬᠥ ᠦᠭᠡᠶ ᠬᠦᠮᠥᠨ ᠤ ᠠᠮᠠᠨ ᠡᠴᠡ ᠯᠠ ᠭᠠᠷᠳᠠᠭ ᠦᠬᠡ ᠶᠣᠮ᠃

《 ᠬᠣᠨᠢᠨ ᠤ ᠡᠵᠠᠨ ᠢ ᠢᠷᠡᠬᠥ ᠪᠣᠯᠳᠠᠯ᠎ᠠ ᠲᠡᠷᠬᠡᠨ ᠲᠡᠬᠡᠷᠡᠬᠢ ᠨᠢᠬᠡ ᠰᠢᠬᠢᠷ᠎ᠠ ᠶᠢ ᠴᠤ ᠲᠣᠳᠠᠭᠣᠯᠵᠣ ᠪᠣᠯᠬᠣ ᠦᠭᠡᠶ᠂ ᠪᠢ ᠪᠠᠭᠣᠳᠠᠯ ᠤᠨ ᠭᠠᠵᠠᠷ ᠣᠴᠢᠭᠠᠳ ᠠᠮᠠᠷᠠᠵᠣ ᠪᠠᠶ᠋‍ᠢᠶ᠎ᠠ᠃ ᠲᠠ ᠬᠣᠶᠠᠷ ᠢᠳᠠᠵᠣ ᠣᠣᠭᠣᠵᠣ ᠪᠠᠷᠠᠭᠠᠳ ᠣᠴᠢᠷ ᠲᠡᠶ ᠪᠣᠯᠪᠠᠯ ᠣᠳᠠᠰᠣ ᠡᠠᠪ》 ᠬᠡᠵᠦ ᠪᠢ ᠵᠢᠯᠣᠭᠣᠴᠢ ᠳᠤ ᠵᠠᠬᠢᠭᠠᠳ ᠬᠣᠭᠣᠯᠠᠨ ᠬᠡᠷ ᠤᠨ ᠭᠠᠳᠠᠭ᠎ᠠ 《 ᠬᠡᠳᠡᠷ ᠨᠣᠬᠠᠢ 》 ᠶᠢ ᠲᠠᠭᠣᠳᠠᠵᠣ ᠭᠠᠷᠭᠠᠨ ᠬᠣᠪᠳᠣᠭ ᠰᠢᠨᠣᠬᠠᠢ ᠪᠣᠳᠣᠯ ᠡᠪᠣᠷᠯᠠᠵᠣ ᠪᠠᠶ᠋‍ᠢᠭᠠᠳ ᠬᠡᠷᠡᠭ ᠲᠠᠳᠠᠬᠣ ᠡᠴᠡ ᠨᠢ ᠪᠣᠯᠭᠣᠮᠵᠢᠯᠠᠵᠣ ᠨᠣᠬᠠᠢ ᠶᠢ ᠨᠢ ᠭᠠᠷᠳᠠᠯ᠎ᠠ ᠬᠡᠲᠦ ᠬᠠᠷᠢᠶᠠᠪᠠ᠃

(ᠦᠷᠬᠦᠯᠵᠢᠯᠡᠯ ᠨᠢ ᠳᠠᠷᠠᠭ᠎ᠠ ᠬᠤᠭᠤᠴᠠᠭᠠᠨ ᠳᠤ ᠪᠤᠢ)

ᠵᠤᠬᠢᠶᠠᠭᠴᠢ᠄ ᠷᠢ᠊·ᠴᠤᠭᠪᠢᠯᠢᠭ᠌
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 9650
ᠴᠠᠭ᠄ 2009 ᠤᠨ ᠤ 04 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ