ᠨᠡᠪᠲᠡᠷᠡᠨ ᠤᠷᠤᠬᠤ
ᠣᠨ ᠤ ᠳᠤᠭᠤᠰᠤᠨ ᠳᠤ ᠴᠡᠩᠭᠡᠷᠯᠡᠬᠦ ᠠᠮᠢᠳᠠᠢ ᠬᠠᠯᠠᠭᠤᠨ ᠦᠯᠦᠭᠡᠢ

( ᠬᠦᠷᠡᠯ ᠤᠳᠤᠨ ᠱᠠᠩᠨᠠᠯᠳᠤ)


ᠪᠦᠳᠥᠷᠢᠵᠦ ᠣᠨᠠᠬᠣ ᠳᠤ ᠴᠢᠯᠠᠭᠣ ᠨᠢ ᠬᠦᠷᠳᠡᠯ᠎ᠡ ᠵᠦᠬᠡᠯᠡᠷᠠᠵᠦ ᠲᠥᠰᠢᠳᠡᠭ

ᠪᠣᠳᠣᠭᠣᠨ ᠨᠢᠯᠪᠣᠰᠣ ᠪᠦᠮᠪᠥᠷᠢᠬᠥ ᠳᠤ ᠴᠢᠭᠳᠠ ᠨᠢ ᠣᠶᠠᠷᠠᠵᠣ ᠠᠯᠳᠠᠷᠠᠳᠠᠭ

ᠪᠦᠬᠥᠷᠬᠡᠨ ᠲᠡᠬᠡᠷ᠎ᠡ ᠠᠰᠠᠬᠣ ᠳᠤ ᠪᠣᠮᠠᠨ ᠣᠳᠣᠳ ᠡᠩᠬᠡᠷ ᠲᠡᠬᠡᠷ᠎ᠡ ᠨᠢᠯᠬᠠᠷᠠᠳᠠᠭ

ᠪᠦᠦᠪᠡᠢ ᠶᠢᠨ ᠲᠠᠭᠣᠤ ᠠᠶᠠᠯᠣᠭᠰᠠᠨ ᠡᠵᠢ ᠶᠢᠨ ᠦᠨᠥᠷ ᠲᠡᠶ ᠡᠬᠡ ᠣᠷᠣᠨ ᠮᠢᠨᠢ

ᠦᠬᠡᠳᠡᠨᠭ᠌ ᠴᠠᠩᠬᠡᠷ ᠡᠥᠷᠴᠢᠯᠡᠨᠭ᠌ ᠤᠨ ᠢᠳᠠᠷ ᠬᠦᠷᠡᠨᠭ᠌ ᠵᠢᠷᠥᠬᠡ

ᠦᠨᠡᠨ ᠬᠣᠳᠠᠯ ᠢ ᠦᠯᠢᠬᠡᠷ ᠶᠢᠡᠷ ᠲᠠᠢ᠌ᠯᠣᠭᠰᠠᠨ ᠶᠢᠷᠳᠢᠨᠴᠣ ᠶᠢᠨ ᠮᠠᠩᠯᠠᠢ

ᠦᠯᠵᠡᠢ ᠬᠡᠢ ᠮᠣᠷᠢ ᠶᠢ ᠠᠭᠣᠯᠠᠰ ᠨᠢ ᠡᠷᠬᠥᠵᠦ ᠰᠥᠨᠳᠡᠷᠯᠡᠬᠥ ᠵᠢᠪᠬᠤᠭ᠎ᠠ

ᠦᠷᠬᠡᠨ ᠬᠠᠩᠭ᠋ᠠᠢ ᠨᠣᠳᠣᠭ ᠤᠨ ᠮᠢᠨᠢ ᠵᠢᠬᠥᠷᠳᠡᠨ ᠴᠣᠴᠠᠬᠣ ᠲᠠᠮᠠᠴᠢ

ᠨᠡᠬᠥᠳᠡᠯ ᠤᠨ ᠴᠠᠩᠬᠡᠷ ᠬᠦᠯᠬᠡ ᠨᠢ ᠲᠥᠷᠪᠡᠨ ᠴᠠᠭ ᠤᠨ ᠪᠠᠭᠣᠴᠠ ᠲᠡᠶ

ᠨᠥᠮᠵᠥᠭ ᠬᠠᠯᠠᠭᠣᠨ ᠵᠠᠶᠠᠭ᠎ᠠ ᠮᠣᠩᠭ᠋ᠣᠯ ᠳᠤ ᠰᠢᠩᠬᠡᠭ᠍ᠰᠡᠨ ᠣᠴᠢᠷ ᠲᠡᠶ

ᠨᠣᠳᠣᠭ ᠬᠡᠳᠡᠭ ᠵᠢᠷᠥᠬᠡᠨ ᠳᠤ ᠠᠮᠢᠳᠠᠢ ᠡᠬᠡ ᠣᠷᠣᠨ ᠮᠢᠨᠢ

ᠨᠣᠴᠣᠨ ᠲᠥᠷᠡᠯᠵᠡᠬᠥ ᠭᠠᠯ ᠤᠨ ᠰᠣᠷ ᠲᠡᠶ ᠭᠣᠯᠣᠮᠳᠠ ᠮᠢᠨᠣ︕


ᠦᠶ᠎ᠡ ᠶᠢᠨ ᠬᠡᠣᠬᠡᠥᠨ ᠤᠳ ᠲᠡᠶ ᠡᠷᠪᠡᠬᠡᠢ ᠬᠦᠬᠡᠬᠡᠵᠦ

ᠡᠳᠣᠷ ᠤᠨ ᠨᠠᠷᠠᠨ ᠢ ᠶᠠᠳᠠᠷᠠᠭᠠᠵᠣ ᠪᠣᠴᠠᠳᠠᠭ

ᠡᠷᠬᠡ ᠨᠠᠰᠣ ᠶᠢ ᠡᠬᠡᠷᠡᠮ᠎ᠡ ᠶᠢᠨ ᠰᠠᠯᠬᠢ ᠪᠠᠷ ᠶᠢᠡᠨ ᠦᠨᠥᠰᠣᠬᠥᠯᠵᠦ

ᠡᠮᠨᠢᠭ᠍ᠬᠡᠨ ᠦᠰᠬᠡᠭ᠍ᠰᠡᠨ ᠡᠬᠡ ᠣᠷᠣᠨ ᠮᠢᠨᠢ ᠡ

ᠰᠣᠯᠣᠩᠭ᠎ᠠ ᠲᠠᠳᠠᠭᠰᠠᠨ ᠴᠠᠩᠬᠡᠷ ᠬᠢᠵᠠᠭᠠᠷ ᠵᠦᠭ᠌

ᠴᠡᠴᠡᠬᠡᠰ ᠰᠠᠠᠳᠠᠭᠠᠨ ᠬᠦᠶᠥᠬᠥᠢ ᠳᠤ

ᠵᠠᠷᠬᠡᠯᠬᠡᠨ ᠲᠣᠭᠯᠠᠭᠰᠠᠨ ᠲᠡᠭ᠍ᠷᠢ ᠶᠢᠨ ᠬᠠᠶᠠᠭᠠᠨ ᠳᠤ

ᠬᠦᠯᠥᠭ ᠤᠨ ᠬᠣᠷᠳᠣ᠂ ᠬᠣᠭᠣᠷ ᠬᠦᠭ᠍ᠯᠡᠨ ᠵᠢᠷᠢᠯᠵᠠᠨ᠎ᠠ ᠁

ᠪᠣᠶᠠᠨ ᠵᠠᠶᠠᠭ᠎ᠠ ᠬᠣᠶᠠᠷ ᠢ ᠨᠣᠳᠣᠭ ᠮᠢᠨᠢ ᠱᠠᠩᠨᠠᠭᠰᠠᠨ ᠪᠣᠯᠬᠣ ᠪᠠᠷ

ᠪᠠᠢ᠌ᠩᠭ᠋ᠤ ᠶᠢᠨ ᠴᠠᠩᠬᠡᠷ ᠲᠡᠭ᠍ᠷᠢ ᠬᠡᠢ ᠮᠣᠷᠢ ᠶᠢᠨ ᠲᠠᠯᠠᠯᠭ᠎ᠠ ᠲᠡᠶ

ᠪᠣᠷᠣᠭᠣ ᠵᠦᠪ ᠬᠣᠶᠠᠷ ᠢ ᠨᠢᠯᠬ᠎ᠠ ᠡᠴᠡ ᠮᠢᠨᠢ ᠲᠠᠨᠢᠭᠣᠯᠣᠭᠰᠠᠨ

ᠪᠠᠢ᠌ᠭᠠᠯᠢ ᠲᠠᠩᠰᠣᠭ ᠨᠣᠳᠣᠭ ᠮᠢᠨᠢ ᠰᠦᠨ ᠤ ᠦᠨᠥᠷ ᠲᠡᠶ ᠁


ᠬᠦᠯᠢᠮ ᠱᠥᠷᠬᠥᠬᠡᠭ᠍ᠰᠡᠨ ᠪᠡᠯᠴᠢᠬᠡᠷ ᠲᠤ ᠰᠥᠷᠥᠭ ᠴᠠᠯᠬᠢᠭᠰᠠᠨ ᠣᠯᠠᠷᠢᠯ

ᠬᠦᠶᠥᠬᠡᠥᠨ ᠬᠦᠷᠬᠥ ᠳᠤ ᠰᠥ᠋ ᠪᠠᠷ ᠡᠶᠡᠷᠰᠢᠭ᠍ᠰᠡᠨ ᠨᠠᠰᠣ

ᠬᠦᠳᠥᠯ ᠲᠠᠪᠠᠭᠰᠠᠨ ᠵᠠᠮ ᠶᠢᠠᠷ ᠰᠢᠬᠢᠷ ᠭᠣᠷᠢᠳᠠᠭᠰᠠᠨ ᠬᠦᠰᠡᠯ

ᠬᠣᠯᠠ ᠡᠴᠡ ᠢᠷᠡᠬᠥ ᠠᠪᠣ ᠶᠢ ᠪᠠᠨ ᠲᠣᠰᠣᠭᠠᠳ ᠬᠦᠷᠬᠥ ᠶᠢᠨ ᠵᠢᠷᠭᠠᠯ ᠁

ᠶᠡᠬᠡ ᠬᠠᠢ᠌ᠷ᠎ᠠ ᠶᠢᠨ ᠠᠯᠠᠭᠠᠨ ᠲᠡᠬᠡᠷ᠎ᠡ ᠪᠠᠨ ᠢᠩᠬᠢᠵᠣ ᠡᠷᠬᠡᠯᠡᠬᠥᠯᠥᠭᠰᠡᠨ ᠨᠣᠳᠣᠭ ᠮᠢᠨᠢ

ᠢᠳᠡᠬᠡᠯ ᠵᠤᠷᠢᠭ ᠢ ᠬᠠᠷᠢᠨ ᠬᠠᠳᠠᠨ ᠤ ᠴᠢᠨᠠᠷ ᠲᠡᠶ ᠠᠮᠠᠯᠠᠭᠣᠯᠣᠭᠰᠠᠨ ᠡ︕

ᠮᠣᠷᠢᠳ ᠦᠥᠷᠰᠡᠭ᠍ᠰᠡᠨ ᠠᠭᠣᠳᠠᠮ ᠬᠡᠬᠡᠷ᠎ᠡ ᠶᠢᠨ ᠲᠣᠬᠠᠢ

ᠮᠠᠨᠠᠨ ᠲᠠᠳᠠᠭᠰᠠᠨ ᠣᠶᠠᠩᠭ᠋ᠠᠳᠣ ᠨᠣᠶᠠᠨ ᠠᠭᠣᠯᠠᠰ ᠤᠨ ᠲᠣᠬᠠᠢ

ᠮᠦᠷ ᠢ ᠨᠢ ᠴᠡᠴᠡᠭ ᠤᠨ ᠲᠠᠯᠪᠢ ᠨᠢᠭᠣᠭᠰᠠᠨ ᠴᠢᠨᠣ᠎ᠠ ᠶᠢᠨ ᠲᠣᠬᠠᠢ

ᠮᠢᠨᠣ ᠮᠣᠩᠭ᠋ᠣᠯ ᠤᠨ ᠲᠣᠢᠭ᠌ ᠲᠥᠮᠡᠨ ᠰᠣᠳᠣᠨ ᠭᠠᠢ᠌ᠬᠠᠮᠰᠢᠭ ᠤᠨ ᠲᠣᠬᠠᠢ ᠁

ᠣᠰᠣᠨ ᠤ ᠰᠢᠪᠠᠭᠣᠳ ᠤᠨ ᠨᠢᠯᠪᠣᠰᠣᠨ ᠳᠤ ᠨᠢᠭᠣᠭᠰᠠᠨ ᠲᠠᠮᠠᠴᠢ ᠮᠢᠨᠢ

ᠣᠶᠠᠬᠠᠨ ᠽᠡᠮᠪᠥᠯᠢᠡᠭ ᠤᠨ ᠡᠮᠵᠡᠭ ᠬᠠᠯᠠᠭᠣᠨ ᠬᠡᠯᠳᠡᠷᠬᠡᠢ

ᠦᠪᠡᠷ ᠶᠢᠡᠨ ᠪᠦᠲᠦᠬᠡᠭ᠍ᠳᠡᠭ᠍ᠰᠡᠨ ᠦᠨᠢ ᠮᠦᠩᠬᠡ ᠶᠢᠨ ᠣᠨᠢᠰᠣᠭ᠎ᠠ

ᠦᠷᠯᠥᠭ ᠮᠣᠩᠭ᠋ᠣᠯ ᠳᠠᠭᠠᠨ ᠯᠠ ᠢᠯᠨ ᠣᠷᠣᠰᠢᠳᠠᠭ ᠲᠣᠪᠴᠢᠶᠠᠨ

ᠣᠨ ᠤ ᠲᠣᠭᠣᠰᠣᠨ ᠳᠤ ᠴᠠᠩᠬᠡᠷᠯᠡᠬᠥ ᠠᠮᠢᠳᠠᠢ ᠬᠠᠯᠠᠭᠣᠨ ᠦᠯᠣᠬᠡᠢ ᠮᠢᠨᠢ

ᠣᠳᠣᠮ ᠤᠨ ᠭᠠᠯ ᠢ ᠴᠠᠬᠢᠭᠰᠠᠭᠠᠷ ᠡᠥᠷᠴᠢᠯᠡᠨᠭ᠌ ᠢ ᠪᠦᠪᠡᠢ᠌ᠯᠡᠭ᠍ᠰᠡᠨ ᠠᠶᠠᠯᠭᠣᠨ ᠡ︕


ᠵᠤᠬᠢᠶᠠᠭᠴᠢ ᠶᠢᠨ ᠬᠠᠶ‍ᠢᠭ᠄ ᠰᠦᠨᠢᠥᠨ ᠪᠠᠷᠠᠭᠣᠨ ᠬᠣᠰᠢᠭᠣᠨ ᠤ ᠵᠢᠷᠥᠬᠡ ᠪᠠᠯᠭᠠᠰᠣ

ᠵᠤᠬᠢᠶᠠᠭᠴᠢ᠄ ᠦᠯᠵᠡᠢ᠌ᠨᠠᠷᠠᠨ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 10574
ᠴᠠᠭ᠄ 2009 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ