ᠨᠡᠪᠲᠡᠷᠡᠨ ᠤᠷᠤᠬᠤ
ᠲᠠᠪᠤ

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠠᠪᠤᠨ ᠬᠤᠰᠢᠭᠤ ᠮᠠᠯ ᠵᠢᠠᠨ

ᠳᠠᠷᠭᠤᠯᠠᠭᠤᠯᠬᠤ ᠦᠭᠡᠶ ᠪᠠᠷ ᠨᠠᠮᠤᠷᠵᠢᠨ᠎ᠠ ᠦᠦ︖

ᠳᠠᠩᠰᠤᠭ ᠭᠦᠭᠡ ᠰᠤᠳᠤᠷ ᠵᠢᠠᠨ

ᠳᠠᠳᠠᠭᠤ ᠳᠤᠷᠭᠤᠨ ᠭᠦᠦᠷᠨᠢᠨ᠎ᠡ ᠦᠦ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠦᠨᠢᠷ ᠪᠠᠶᠠᠨ ᠰᠥᠷᠦᠭ᠌ ᠵᠢᠠᠨ

ᠥᠭᠡᠭᠦ ᠳᠠᠷᠭᠤ ᠲᠡᠶ ᠡᠪᠦᠯᠵᠢᠭᠦᠯᠦᠶ᠎ᠡ᠂

ᠦᠪ ᠪᠣᠯᠤᠭᠰᠠ ᠭᠦᠭᠡ ᠰᠤᠳᠤᠷ ᠵᠢᠠᠨ

ᠥᠭᠦᠯᠡᠵᠤ ᠴᠠᠭᠠᠰᠢ ᠪᠠᠨ ᠰᠢᠯᠦᠭᠯᠡᠶ᠎ᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠥᠷᠦᠭᠡᠰᠤᠨ ᠪᠣᠯᠭᠠᠷᠢᠨ ᠭᠤᠳᠤᠯ ᠢ

ᠡᠵᠡᠨ ᠳᠡᠭᠡᠨ ᠪᠠᠷᠢᠭᠰᠠᠨ ᠭᠡᠨ ᠳᠠᠷᠠ︖

ᠬᠤᠤᠰ ᠪᠣᠯᠭᠠᠨ ᠡᠮᠦᠰᠦᠶ᠎ᠡ ᠭᠡᠤᠨ

ᠬᠤᠷᠢᠶᠠᠭᠠᠤᠨ ᠳᠠᠯᠪᠢᠭᠰᠠᠨ ᠭᠡᠨ ᠳᠠᠷᠠ︖

ᠥᠷᠦᠭᠡᠰᠤᠨ ᠳᠦᠷᠦᠭᠡ ᠲᠡᠶ ᠡᠮᠡᠭᠡᠯ ᠢ

ᠮᠤᠷᠢ ᠲᠡᠶ ᠪᠠᠨ ᠱᠠᠩᠨᠠᠭᠰᠠᠨ ᠭᠡᠨ ᠳᠠᠷᠠ︖

ᠵᠠᠢ᠌ᠳᠠᠩ ᠮᠤᠷᠢ ᠪᠠᠷ ᠳᠤᠪᠳᠤᠯᠭᠠᠵᠤ

ᠡᠮᠡᠭᠡᠯ ᠡᠭᠦᠷᠦᠭ᠍ᠰᠡᠨ ᠭᠡᠨ ᠳᠠᠷᠠ︖

ᠠᠩᠭᠢᠷ ᠰᠢᠪᠠᠭᠤ ᠠᠷᠪᠠᠭᠠᠤᠨ ᠢ

ᠠᠯᠠᠭᠠᠤᠨ ᠠᠪᠴᠢᠷᠠᠭᠰᠠᠨ ᠭᠡᠨ ᠳᠠᠷᠠ︖

ᠣᠴᠢᠷ ᠢ ᠣᠯᠠᠨ ᠶᠢᠡᠷ ᠶᠢᠡᠨ ᠰᠤᠨᠢᠷᠬᠠᠬᠤ ᠳ᠋ᠤ

ᠣᠬᠠᠭᠠᠨ ᠢ ᠨᠢ ᠮᠡᠳᠡᠭ᠍ᠰᠡᠨ ᠭᠡᠨ ᠳᠠᠷᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠥᠷᠦᠭᠡᠰᠤᠨ ᠪᠣᠯᠭᠠᠷᠢᠨ ᠭᠤᠳᠤᠯ ᠢ

ᠡᠵᠡᠨ ᠳᠡᠭᠡᠨ ᠪᠠᠷᠢᠭᠰᠠᠨ ᠮᠤᠬᠤᠯᠠᠢ᠂

ᠬᠤᠤᠰ ᠪᠣᠯᠭᠠᠭᠠᠤᠨ ᠡᠮᠦᠰᠦᠶ᠎ᠡ ᠭᠡᠤᠨ

ᠬᠤᠷᠢᠶᠠᠭᠠᠤᠨ ᠳᠠᠯᠪᠢᠭᠰᠠᠨ ᠳᠠᠮᠤᠵᠢᠨ᠃

ᠥᠷᠦᠭᠡᠰᠤᠨ ᠳᠦᠷᠦᠭᠡ ᠲᠡᠶ ᠡᠮᠡᠭᠡᠯ ᠢ

ᠮᠤᠷᠢ ᠲᠡᠶ ᠪᠠᠨ ᠱᠠᠩᠨᠠᠭᠰᠠᠨ ᠳᠠᠮᠤᠵᠢᠨ᠂

ᠵᠠᠢ᠌ᠳᠠᠩ ᠮᠤᠷᠢ ᠪᠠᠷ ᠳᠤᠪᠳᠤᠯᠭᠠᠵᠤ

ᠡᠮᠡᠭᠡᠯ ᠡᠭᠦᠷᠦᠭ᠍ᠰᠡᠨ ᠮᠤᠬᠤᠯᠠᠢ᠃

ᠠᠩᠭᠢᠷ ᠰᠢᠪᠠᠭᠤ ᠠᠷᠪᠠᠭᠠᠤᠨ ᠢ

ᠠᠯᠠᠭᠠᠤᠨ ᠠᠪᠴᠢᠷᠠᠭᠰᠠᠨ ᠵᠢᠨᠦᠡᠭ᠌᠂

ᠣᠴᠢᠷ ᠢ ᠣᠯᠠᠨ ᠶᠢᠡᠷ ᠶᠢᠡᠨ ᠰᠤᠨᠢᠷᠬᠠᠬᠤ ᠳ᠋ᠤ

ᠣᠬᠠᠭᠠᠨ ᠢ ᠨᠢ ᠮᠡᠳᠡᠭ᠍ᠰᠡᠨ ᠵᠠᠯᠮ᠎ᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠨᠡᠢ᠌ᠭᠡᠮ ᠳᠤ ᠵᠤᠬᠢᠶᠠᠵᠤ ᠵᠠᠷᠯᠠᠭᠰᠠᠨ

ᠶᠠᠮᠠᠷ ᠭᠡᠳᠤᠨ ᠲᠦᠰᠢᠮᠠᠤᠨ ᠪᠣᠢ︖

ᠨᠢᠭᠡ ᠭᠤᠷᠪᠠᠨ ᠥᠷᠯᠦᠭ᠌ ᠨᠢ

ᠭᠡᠨ ᠭᠡᠨ ᠭᠡᠳᠡᠭ᠌ ᠪᠣᠢ︖

ᠨᠥᠭᠦᠭᠡ ᠭᠤᠷᠪᠠᠨ ᠥᠷᠯᠦᠭ᠌ ᠨᠢ

ᠭᠡᠨ ᠭᠡᠨ ᠭᠡᠳᠡᠭ᠌ ᠪᠣᠢ︖

ᠪᠠᠰᠠ ᠭᠤᠷᠪᠠᠨ ᠥᠷᠯᠦᠭ᠌ ᠨᠢ

ᠭᠡᠨ ᠭᠡᠨ ᠭᠡᠳᠡᠭ᠌ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠨᠡᠢ᠌ᠭᠡᠮ ᠳᠤ ᠵᠤᠬᠢᠶᠠᠵᠤ ᠵᠠᠷᠯᠠᠭᠰᠠᠨ

ᠨᠠᠷᠠᠳᠤ ᠶ‍ᠢᠰᠤᠨ ᠡᠡᠭ᠌ ᠤᠨ ᠲᠦᠰᠢᠮᠠᠯ᠂

ᠨᠢᠭᠡ ᠭᠤᠷᠪᠠᠨ ᠥᠷᠯᠦᠭ᠌ ᠨᠢ

ᠮᠤᠬᠤᠯᠠᠢ᠂ ᠪᠣᠭᠤᠷᠴᠢ᠂ ᠴᠢᠯᠠᠭᠤᠨ᠃

ᠨᠥᠭᠦᠭᠡ ᠭᠤᠷᠪᠠᠨ ᠥᠷᠯᠦᠭ᠌ ᠨᠢ

ᠪᠣᠭᠤᠷᠤᠯ᠂ ᠵᠠᠯᠮ᠎ᠠ᠂ ᠵᠠᠪᠠ

ᠪᠠᠰᠠ ᠭᠤᠷᠪᠠᠨ ᠥᠷᠯᠦᠭ᠌ ᠨᠢ

ᠴᠤᠤ ᠮᠡᠷᠭᠡᠨ᠂ ᠰᠢᠷᠢ ᠬᠤᠳᠤᠭ᠂ ᠬᠠᠷ᠎ᠠ ᠭᠢᠷᠤ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠡᠵᠡᠨ ᠤ ᠬᠤᠶᠠᠷ ᠡᠳᠡᠭᠡᠤᠨ ᠊ᠤᠨ

ᠭᠡᠳᠤᠨ ᠶᠠᠮᠠᠷ ᠴᠢᠩ ᠰᠠᠢ᠌ᠳ ᠪᠣᠢ︖

ᠡᠭᠢᠯᠡᠵᠤ ᠭᠤᠷᠪᠠ ᠳᠤᠭᠠᠯᠠᠪᠠᠯ

ᠭᠡᠨ ᠭᠡᠨ ᠭᠡᠳᠡᠭ᠌ ᠪᠣᠢ︖

ᠣᠳᠠᠭᠠᠷᠠᠵᠤ ᠭᠤᠷᠪᠠ ᠳᠤᠭᠠᠯᠠᠪᠠᠯ

ᠭᠡᠨ ᠭᠡᠨ ᠭᠡᠳᠡᠭ᠌ ᠪᠣᠢ︖

ᠠᠭᠢᠭᠠᠤᠨ ᠭᠤᠷᠪᠠ ᠳᠤᠭᠠᠯᠠᠪᠠᠯ

ᠭᠡᠨ ᠭᠡᠨ ᠭᠡᠳᠡᠭ᠌ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠡᠵᠡᠨ ᠤ ᠬᠤᠶᠠᠷ ᠡᠳᠡᠭᠡᠤᠨ ᠊ᠤᠨ

ᠶ‍ᠢᠰᠤᠨ ᠶᠡᠭᠡ ᠴᠢᠩ ᠰᠠᠢ᠌ᠳ᠂

ᠡᠭᠢᠯᠡᠵᠤ ᠭᠤᠷᠪᠠ ᠳᠤᠭᠠᠯᠠᠪᠠᠯ

ᠥᠷᠯᠦᠭᠡ ᠨᠤᠶᠠᠨ᠂ ᠯᠢᠳᠠᠷᠰᠠᠴᠠᠨ᠂ ᠲ᠋ᠠᠢ ᠰᠠᠴᠠᠨ᠃

ᠣᠳᠠᠷᠠᠵᠤ ᠭᠤᠷᠪᠠ ᠳᠤᠭᠠᠯᠠᠪᠠᠯ

ᠦᠯᠵᠡᠢ᠌ᠳᠤ᠂ ᠵᠠᠷᠴᠢᠭᠤᠳᠠᠢ᠂ ᠴᠠᠭᠠᠨ ᠬᠠᠭᠠᠨ᠂

ᠠᠭᠢᠭᠠᠤᠨ ᠭᠤᠷᠪᠠ ᠳᠤᠭᠠᠯᠠᠪᠠᠯ

ᠶᠠᠪᠣᠴᠢᠳᠠᠢ᠂ ᠵᠠᠮᠪᠠᠯ᠂ ᠲ᠋ᠤᠷᠭᠠᠨ ᠰᠢᠷ᠎ᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠠᠮᠤᠵᠢᠨ ᠤ ᠲᠦᠷᠦᠯ ᠤᠨ ᠠᠪᠠᠭ᠎ᠠ ᠵᠢᠨ

ᠳᠠᠭᠤᠳᠠᠬᠤ ᠴᠤᠯᠠ ᠨᠢ ᠭᠡᠨ ᠳᠠᠷᠠ︖

ᠳᠡᠭᠦᠨ ᠤ ᠳᠠᠪᠤᠨ ᠵᠠᠭᠤᠨ ᠠᠳᠤᠭᠤ ᠵᠢ

ᠳᠠᠭᠤᠵᠤ ᠠᠪᠠᠴᠢᠭᠰᠠᠨ ᠨᠢ ᠭᠡᠨ ᠳᠠᠷᠠ︖

ᠰᠠᠢ᠌ᠨ ᠪᠦᠭᠡ ᠬᠠᠭᠠᠨ

ᠬᠠᠮᠢᠭᠠᠭᠢ ᠶᠢ ᠬᠤᠷᠤᠰᠤᠨ ᠵᠠᠨᠤᠪᠠ︖

ᠦᠰᠢᠶ᠎ᠠ ᠶᠢ ᠠᠪᠴᠤ ᠦᠭ‍ᠭᠦᠮᠤ ᠭᠡᠵᠤ

ᠬᠠᠮᠢᠭ᠎ᠠ ᠡᠴᠡ ᠳᠤᠰᠠᠯᠠᠮᠵᠢ ᠭᠤᠶᠤᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠠᠮᠤᠵᠢᠨ ᠤ ᠲᠦᠷᠦᠯ ᠤᠨ ᠠᠪᠠᠭ᠎ᠠ ᠵᠢᠨ

ᠳᠠᠭᠤᠳᠠᠬᠤ ᠴᠤᠯᠠ ᠨᠢ ᠰᠠᠢ᠌ᠨ ᠪᠦᠭᠡ᠂

ᠳᠡᠭᠦᠨ ᠤ ᠳᠠᠪᠤᠨ ᠵᠠᠭᠤᠨ ᠠᠳᠤᠭᠤ ᠵᠢ

ᠳᠠᠭᠤᠵᠤ ᠠᠪᠠᠴᠢᠭᠰᠠᠨ ᠬᠤᠯᠠᠰᠤᠪᠴᠢ᠃

ᠰᠠᠢ᠌ᠨ ᠪᠦᠭᠡ ᠬᠠᠭᠠᠨ

ᠨᠢ᠋ᠮᠠᠨ ᠢ ᠬᠤᠷᠤᠰᠤᠨ ᠵᠠᠨᠤᠪᠠ᠂

ᠦᠰᠢᠶ᠎ᠠ ᠶᠢ ᠠᠪᠴᠤ ᠦᠭ‍ᠭᠦᠮᠤ ᠭᠡᠵᠤ

ᠪᠧᠲ᠋ᠡ᠋ ᠡᠴᠡ ᠳᠤᠰᠠᠯᠠᠮᠵᠢ ᠭᠤᠶᠤᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠨᠢ᠋ᠮᠠᠨ ᠤ ᠬᠤᠯᠠᠰᠤᠪᠴᠢ᠂ ᠴᠢᠤᠢ ᠱᠢ ᠯᠢ

ᠸᠡᠩᠭᠦᠪ ᠠᠢ᠌ᠮᠠᠭ ᠲᠤ ᠶᠠᠭᠠᠭᠢᠪᠠ︖

ᠨᠢᠮᠪᠠᠢ ᠪᠣᠳᠤᠯᠭᠠᠳᠤ ᠳᠠᠴᠢᠩᠬᠤᠷᠯᠤ

ᠢᠩᠭᠢᠵᠤ ᠴᠢᠩᠭᠢᠭᠡᠤᠨ ᠭᠡᠷᠭᠢᠪᠡ︖

ᠦᠨᠡᠳᠤ ᠪᠠᠯᠡᠭ᠌ ᠪᠠᠯᠤᠨᠭᠡᠭᠡᠤᠨ

ᠪᠧᠲ᠋ᠡ᠋ ᠵᠥᠭ᠌ ᠮᠤᠷᠳᠠᠭᠰᠠᠨ ᠭᠡᠨ ᠪᠣᠢ︖

ᠡᠯᠴᠢ ᠪᠠᠷ ᠸᠡᠩᠭᠦᠪ ᠲᠤ ᠢᠷᠡᠭᠡᠤᠨ

ᠣᠶᠠᠭᠠᠰᠤᠨ ᠳᠤ ᠣᠷᠤᠭᠰᠠᠨ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠨᠢ᠋ᠮᠠᠨ ᠤ ᠬᠤᠯᠠᠰᠤᠪᠴᠢ᠂ ᠴᠢᠤᠢ ᠱᠢ ᠯᠢ

ᠸᠡᠩᠭᠦᠪ ᠠᠢ᠌ᠮᠠᠭ ᠲᠤ ᠭᠦᠷᠪᠡ᠂

ᠨᠢᠮᠪᠠᠢ ᠪᠣᠳᠤᠯᠭᠠᠳᠤ ᠳᠠᠴᠢᠩᠬᠤᠷᠯᠤ

ᠢᠩᠭᠢᠵᠤ ᠴᠢᠩᠭᠢᠭᠡᠤᠨ ᠡᠭᠡᠭᠦᠯᠪᠡ᠃

ᠦᠨᠡᠳᠤ ᠪᠠᠯᠡᠭ᠌ ᠪᠠᠯᠤᠨᠭᠡᠭᠡᠤᠨ

ᠪᠧᠲ᠋ᠡ᠋ ᠵᠥᠭ᠌ ᠮᠤᠷᠳᠠᠭᠰᠠᠨ ᠳᠠᠴᠢᠩᠬᠤᠷᠯᠤ᠂

ᠡᠯᠴᠢ ᠪᠠᠷ ᠸᠡᠩᠭᠦᠪ ᠲᠤ ᠢᠷᠡᠭᠡᠤᠨ

ᠣᠶᠠᠭᠠᠰᠤᠨ ᠳᠤ ᠣᠷᠤᠭᠰᠠᠨ ᠬᠤᠸᠠᠷᠠᠭ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠨᠢ᠋ᠮᠠᠨ ᠤ ᠬᠤᠯᠠᠰᠤᠪᠴᠢ ᠣᠴᠢᠬᠤᠯᠠᠷ

ᠪᠦᠳᠤᠨ᠎ᠠ ᠶᠢᠨ ᠢᠯᠭᠤᠭᠰᠠᠨ ᠶᠠᠭᠠᠭᠢᠪᠠ︖

ᠬᠤᠯᠠᠰᠤᠪᠴᠢ ᠶᠢ ᠠᠷᠭᠠᠯᠠᠨ ᠡᠭᠡᠭᠦᠯᠦᠭᠡᠤᠨ

ᠪᠧᠲ᠋ᠡ᠋ ᠵᠥᠭ᠌ ᠢᠯᠭᠤᠭᠰᠠᠨ ᠭᠡᠷᠭᠢᠪᠡ︖

ᠵᠢᠨᠦᠡᠭ᠌ ᠮᠤᠬᠤᠯᠠᠢ ᠪᠠᠶᠠᠷᠯᠠᠵᠤ

ᠵᠣᠢ᠌ᠳᠠᠢ ᠠᠷᠭ᠎ᠠ ᠪᠠᠨ ᠶᠠᠭᠠᠭᠢᠪᠠ︖

ᠳᠠᠢ᠌ᠶᠠᠩ ᠬᠠᠭᠠᠨ ᠤ ᠳᠤᠤᠷ᠎ᠠ ᠣᠴᠢᠵᠤ

ᠳᠤᠬᠠᠢ ᠶᠢ ᠭᠦᠯᠢᠶᠡ ᠭᠡᠵᠤ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠨᠢ᠋ᠮᠠᠨ ᠤ ᠬᠤᠯᠠᠰᠤᠪᠴᠢ ᠣᠴᠢᠬᠤᠯᠠᠷ

ᠪᠦᠳᠦᠨ᠎ᠡ ᠶᠢᠨ ᠢᠯᠭᠤᠭᠰᠠᠨ ᠣᠭᠳᠤᠪᠠ᠂

ᠬᠤᠯᠠᠰᠤᠪᠴᠢ ᠶᠢ ᠠᠷᠭᠠᠯᠠᠨ ᠡᠭᠡᠭᠦᠯᠦᠭᠡᠤᠨ

ᠪᠧᠲ᠋ᠡ᠋ ᠵᠥᠭ᠌ ᠢᠯᠭᠤᠭᠰᠠᠨ ᠣᠴᠢᠪᠠ᠃

ᠵᠢᠨᠦᠡᠭ᠌ ᠮᠤᠬᠤᠯᠠᠢ ᠪᠠᠶᠠᠷᠯᠠᠵᠤ

ᠵᠣᠢ᠌ᠳᠠᠢ ᠠᠷᠭ᠎ᠠ ᠪᠠᠨ ᠵᠦᠪᠳᠠᠪᠠ᠂

ᠳᠠᠢ᠌ᠶᠠᠩ ᠬᠠᠭᠠᠨ ᠤ ᠳᠤᠤᠷ᠎ᠠ ᠣᠴᠢᠵᠤ

ᠳᠤᠬᠠᠢ ᠶᠢ ᠭᠦᠯᠢᠶᠡ ᠭᠡᠵᠤ ᠡᠭᠡᠭᠦᠯᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠪᠦᠳᠦᠨ᠎ᠡ ᠶᠢᠨ ᠡᠯᠴᠢ ᠶᠢ ᠳᠤᠰᠤᠭᠰᠠᠨ ᠨᠢ

ᠱᠠᠯᠵᠢᠳᠠᠢ ᠠᠢ᠌ᠮᠠᠭ ᠤᠨ ᠶᠠᠭᠤ ᠪᠣᠢ︖

ᠪᠠᠭᠠᠳᠤᠷ ᠴᠢᠯᠠᠭᠤᠨ᠂ ᠬᠣᠢ᠌ᠯᠠᠳᠠᠷ ᠨᠠᠢ

ᠳᠦᠴᠢᠭᠡᠤᠨ ᠭᠦᠮᠤᠨ ᠢ ᠨᠢ ᠶᠠᠭᠠᠭᠢᠭᠰᠠᠨ ᠪᠣᠢ︖

ᠬᠤᠵᠢᠮ ᠭᠡᠷᠡᠭᠯᠡᠭᠦ ᠭᠠᠵᠠᠷ ᠪᠣᠢ ᠭᠡᠤᠨ

ᠬᠤᠸᠠᠷᠠᠭ ᠲᠡᠶ ᠴᠤᠭᠭᠠᠷ ᠭᠡᠷᠭᠢᠭ᠍ᠰᠡᠨ ᠪᠣᠢ︖

ᠬᠣᠢ᠌ᠬᠤᠷ ᠵᠠᠮᠤᠬ᠎ᠠ ᠶᠢ ᠳᠠᠭᠠᠭᠰᠠᠨ

ᠱᠠᠯᠵᠢᠳᠠᠢ ᠨᠤᠭᠤᠳ ᠶᠠᠭᠠᠭᠢᠭᠰᠠᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠪᠦᠳᠦᠨ᠎ᠡ ᠶᠢᠨ ᠡᠯᠴᠢ ᠶᠢ ᠳᠤᠰᠤᠭᠰᠠᠨ ᠨᠢ

ᠱᠠᠯᠵᠢᠳᠠᠢ ᠠᠢ᠌ᠮᠠᠭ ᠤᠨ ᠴᠡᠷᠢᠭ᠌ ᠪᠠᠢ᠌ᠵᠠᠢ᠂

ᠪᠠᠭᠠᠳᠤᠷ ᠴᠢᠯᠠᠭᠤᠨ᠂ ᠬᠣᠢ᠌ᠯᠠᠳᠠᠷ ᠨᠠᠷ

ᠳᠦᠴᠢᠭᠡᠤᠨ ᠭᠦᠮᠤᠨ ᠢ ᠨᠢ ᠪᠠᠷᠢᠪᠴᠢᠯᠠᠵᠠᠢ᠃

ᠬᠤᠵᠢᠮ ᠭᠡᠷᠡᠭᠯᠡᠭᠦ ᠭᠠᠵᠠᠷ ᠪᠣᠢ ᠭᠡᠤᠨ

ᠬᠤᠸᠠᠷᠠᠭ ᠲᠡᠶ ᠴᠤᠭ ᠬᠤᠷᠢᠵᠠᠢ᠂

ᠬᠣᠢ᠌ᠬᠤᠷ ᠵᠠᠮᠤᠬ᠎ᠠ ᠶᠢ ᠳᠠᠭᠠᠭᠰᠠᠨ

ᠱᠠᠯᠵᠢᠳᠠᠢ ᠨᠤᠭᠤᠳ ᠰᠠᠷᠨᠢᠵᠠᠢ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠤᠯᠢᠨ ᠳᠡᠭᠡᠷ᠎ᠡ ᠠᠶᠠᠭ᠎ᠠ ᠭᠦᠮᠦᠷᠢᠵᠤ

ᠭᠡᠨ ᠨᠡᠷ ᠠᠷᠭ᠎ᠠ ᠮᠠᠳᠠᠯᠴᠠᠪᠠ︖

ᠱᠠᠩᠨᠠᠭᠰᠠᠨ ᠡᠷᠳᠡᠨᠢ ᠨᠤᠭᠦᠳ ᠢ ᠬᠤᠳᠠᠯᠳᠤᠨ᠎ᠠ ᠭᠡᠵᠤ

ᠰᠠᠮᠪᠠᠭᠠᠳᠤ ᠭᠡᠨ ᠶᠠᠪᠣᠪᠠ︖

ᠪᠧᠲ᠋ᠡ᠋ ᠶᠢᠨ ᠬᠠᠷᠢᠶᠠᠳᠤ ᠠᠢ᠌ᠮᠠᠭ ᠊ᠤᠳ

ᠭᠡᠨ ᠤ ᠵᠠᠷ ᠢ ᠣᠯᠪᠠ︖

ᠬᠠᠭᠠᠰ ᠴᠡᠷᠢᠭ᠌ ᠤᠳ ᠶᠢᠡᠨ ᠳᠠᠢ᠌ᠴᠢᠯᠠᠵᠤ

ᠶᠠᠮᠠᠷ ᠭᠤᠤᠯ ᠳᠤ ᠴᠤᠭᠯᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠤᠯᠢᠨ ᠳᠡᠭᠡᠷ᠎ᠡ ᠠᠶᠠᠭ᠎ᠠ ᠭᠦᠮᠦᠷᠢᠵᠤ

ᠳᠠᠮᠤᠵᠢᠨ ᠨᠡᠷ ᠠᠷᠭ᠎ᠠ ᠮᠠᠳᠠᠯᠴᠠᠪᠠ᠂

ᠱᠠᠩᠨᠠᠭᠰᠠᠨ ᠡᠷᠳᠡᠨᠢ ᠨᠤᠭᠦᠳ ᠢ ᠬᠤᠳᠠᠯᠳᠤᠨ᠎ᠠ ᠭᠡᠵᠤ

ᠰᠠᠮᠪᠠᠭᠠᠳᠤ ᠵᠠᠯᠮ᠎ᠠ ᠶᠠᠪᠣᠪᠠ᠃

ᠪᠧᠲ᠋ᠡ᠋ ᠶᠢᠨ ᠬᠠᠷᠢᠶᠠᠳᠤ ᠠᠢ᠌ᠮᠠᠭ ᠊ᠤᠳ

ᠵᠢᠨᠦᠡᠭ᠌ ᠤᠨ ᠵᠠᠷ ᠢ ᠣᠯᠪᠠ᠂

ᠬᠠᠭᠠᠰ ᠴᠡᠷᠢᠭ᠌ ᠤᠳ ᠶᠢᠡᠨ ᠳᠠᠢ᠌ᠴᠢᠯᠠᠵᠤ

ᠳᠠᠭᠢᠮ ᠤᠨ ᠭᠤᠤᠯ ᠳᠤ ᠴᠤᠭᠯᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠨᠢ᠋ᠮᠠᠨ ᠤ ᠵᠤᠵᠠᠭᠠᠨ ᠴᠡᠷᠢᠭ᠌

ᠠᠯᠢ ᠠᠭᠤᠯᠠᠨ᠎ᠠ ᠪᠠᠭᠤᠪᠠ︖

ᠪᠧᠲ᠋ᠡ᠋ ᠶᠢᠨ ᠶᠡᠭᠡ ᠴᠡᠷᠢᠭ᠌

ᠠᠯᠢ ᠠᠭᠤᠯᠠᠨ᠎ᠠ ᠪᠠᠭᠤᠪᠠ︖

ᠣᠷᠢᠶᠠᠩᠬᠠᠢ ᠶᠢᠨ ᠵᠠᠯᠮ᠎ᠠ ᠣᠷᠭᠤᠪᠠ ᠭᠡᠤᠨ

ᠦᠷ᠎ᠡ ᠶᠢ ᠨᠢ ᠭᠡᠨ ᠢ ᠬᠤᠷᠢᠪᠠ︖

ᠱᠠᠯᠵᠢᠳᠠᠢ ᠶᠢᠨ ᠪᠠᠷᠢᠭᠳᠠᠭᠰᠠᠨ ᠬᠤᠯᠠᠭᠠᠢ ᠨᠡᠷ ᠢ

ᠭᠡᠨ ᠲᠡᠶ ᠴᠤᠭ ᠠᠯᠳᠠᠭᠤᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠨᠢ᠋ᠮᠠᠨ ᠤ ᠵᠤᠵᠠᠭᠠᠨ ᠴᠡᠷᠢᠭ᠌

ᠬᠠᠩᠭ᠋ᠠᠢ ᠠᠭᠤᠯᠠᠨ᠎ᠠ ᠪᠠᠭᠤᠪᠠ᠂

ᠪᠧᠲ᠋ᠡ᠋ ᠶᠢᠨ ᠶᠡᠭᠡ ᠴᠡᠷᠢᠭ᠌

ᠠᠯᠠᠭᠳᠠᠢ ᠠᠭᠤᠯᠠᠨ᠎ᠠ ᠪᠠᠭᠤᠪᠠ᠃

ᠣᠷᠢᠶᠠᠩᠬᠠᠢ ᠶᠢᠨ ᠵᠠᠯᠮ᠎ᠠ ᠣᠷᠭᠤᠪᠠ ᠭᠡᠤᠨ

ᠦᠷ᠎ᠡ ᠶᠢ ᠨᠢ ᠴᠡᠴᠡᠭ᠌ ᠢ ᠬᠤᠷᠢᠪᠠ᠂

ᠱᠠᠯᠵᠢᠳᠠᠢ ᠶᠢᠨ ᠪᠠᠷᠢᠭᠳᠠᠭᠰᠠᠨ ᠬᠤᠯᠠᠭᠠᠢ ᠨᠡᠷ ᠢ

ᠬᠤᠸᠠᠷᠠᠭ ᠲᠡᠶ ᠴᠤᠭ ᠠᠯᠳᠠᠭᠤᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠤᠳᠠᠭᠠᠭᠰᠠᠨ ᠱᠠᠯᠵᠢᠳᠠᠢ ᠶᠢᠨ ᠭᠦᠮᠤᠨ

ᠬᠠᠮᠢᠭᠠᠭᠢ ᠭᠦᠷᠢᠶᠡᠨ ᠳᠤ ᠭᠦᠷᠪᠡ︖

ᠳᠠᠢ᠌ᠶᠠᠩ ᠬᠠᠭᠠᠨ ᠠᠰᠠᠭᠤᠵᠤ

ᠭᠡᠨ ᠤ ᠭᠡᠷᠡᠭ᠌ ᠢ ᠮᠠᠳᠠᠪᠠ︖

ᠳᠠᠢ᠌ᠶᠠᠩ ᠬᠠᠭᠠᠨ ᠳᠠᠳᠠᠭᠠᠯᠵᠠᠬᠤᠶ᠎ᠠ

ᠭᠡᠨ ᠥᠭᠡ ᠪᠠᠷ ᠮᠤᠰᠭᠢᠪᠠ︖

ᠵᠠᠮᠤᠬ᠎ᠠ᠂ ᠴᠢᠤᠢ ᠴᠥ᠊ ᠯᠢᠤᠢ ᠨᠠᠷ

ᠵᠠᠯᠮ᠎ᠠ ᠶᠢᠨ ᠡᠷᠳᠡᠨᠢ ᠨᠤᠭᠦᠳ ᠢ ᠭᠦᠯᠢᠶᠡᠪᠡ᠃

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠤᠳᠠᠭᠠᠭᠰᠠᠨ ᠱᠠᠯᠵᠢᠳᠠᠢ ᠶᠢᠨ ᠭᠦᠮᠦᠰ

ᠨᠢ᠋ᠮᠠᠨ ᠤ ᠭᠦᠷᠢᠶᠡᠨ ᠳᠤ ᠭᠦᠷᠪᠡ᠂

ᠳᠠᠢ᠌ᠶᠠᠩ ᠬᠠᠭᠠᠨ ᠠᠰᠠᠭᠤᠵᠤ

ᠵᠠᠯᠮ᠎ᠠ ᠶᠢᠨ ᠭᠡᠷᠡᠭ᠌ ᠢ ᠮᠠᠳᠠᠪᠠ᠃

ᠳᠠᠢ᠌ᠶᠠᠩ ᠬᠠᠭᠠᠨ ᠳᠠᠳᠠᠭᠠᠯᠵᠠᠬᠤᠶ᠎ᠠ

ᠬᠤᠯᠠᠰᠤᠪᠴᠢ ᠥᠭᠡ ᠪᠠᠷ ᠮᠤᠰᠭᠢᠪᠠ᠂

ᠵᠠᠮᠤᠬ᠎ᠠ᠂ ᠴᠢᠤᠢ ᠴᠥ᠊ ᠯᠢᠤᠢ ᠨᠠᠷ

ᠵᠠᠯᠮ᠎ᠠ ᠶᠢᠨ ᠶᠠᠭᠤᠨ ᠢ ᠭᠦᠯᠢᠶᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠮᠤᠬᠤᠯᠠᠢ ᠶᠢᠨ ᠭᠠᠷᠭᠠᠭᠰᠠᠨ ᠠᠷᠭ᠎ᠠ ᠵᠢ

ᠭᠡᠨ ᠭᠡᠨ ᠭᠦᠯᠢᠶᠡᠵᠤ ᠠᠪᠣᠪᠠ︖

ᠱᠠᠯᠵᠢᠳᠠᠢ ᠨᠡᠷ ᠢ ᠳᠠᠭᠠᠭᠤᠯᠵᠤ ᠶᠠᠪᠣᠭᠠᠤᠨ

ᠭᠡᠨ ᠳᠤ ᠮᠥᠷᠭᠦᠨ ᠳᠠᠭᠠᠪᠠ︖

ᠮᠤᠬᠤᠯᠠᠢ ᠶᠢᠨ ᠨᠢᠭᠤᠴᠠ ᠪᠢᠴᠢᠭ᠌ ᠢ

ᠭᠡᠨ ᠳᠤ ᠭᠤᠤᠷᠭᠢ ᠥᠭ᠍ᠪᠡ︖

ᠮᠠᠷᠭᠠᠰᠢ ᠶᠢᠨ ᠪᠠᠢ᠌ᠯᠳᠤᠬᠤ ᠠᠷᠭ᠎ᠠ ᠵᠢ

ᠭᠡᠨ ᠳᠤ ᠨᠡᠪᠳᠡᠷᠡᠭᠦᠯᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠮᠤᠬᠤᠯᠠᠢ ᠶᠢᠨ ᠭᠠᠷᠭᠠᠭᠰᠠᠨ ᠠᠷᠭ᠎ᠠ ᠵᠢ

ᠣᠯᠤᠩᠬᠤ᠂ ᠭᠤᠤᠷᠭᠢ ᠭᠦᠯᠢᠶᠡᠵᠤ ᠠᠪᠣᠪᠠ᠂

ᠱᠠᠯᠵᠢᠳᠠᠢ ᠨᠡᠷ ᠢ ᠳᠠᠭᠠᠭᠤᠯᠵᠤ ᠶᠠᠪᠣᠭᠠᠤᠨ

ᠵᠠᠮᠤᠬ᠎ᠠ ᠳᠤ ᠮᠥᠷᠭᠦᠨ ᠳᠠᠭᠠᠪᠠ᠃

ᠮᠤᠬᠤᠯᠠᠢ ᠶᠢᠨ ᠨᠢᠭᠤᠴᠠ ᠪᠢᠴᠢᠭ᠌ ᠢ

ᠵᠠᠯᠮ᠎ᠠ ᠳᠤ ᠭᠤᠤᠷᠭᠢ ᠥᠭ᠍ᠪᠡ᠂

ᠮᠠᠷᠭᠠᠰᠢ ᠶᠢᠨ ᠪᠠᠢ᠌ᠯᠳᠤᠬᠤ ᠠᠷᠭ᠎ᠠ ᠵᠢ

ᠢᠯᠭᠤᠭᠰᠠᠨ ᠳᠤ ᠵᠠᠯᠮ᠎ᠠ ᠨᠡᠪᠳᠡᠷᠡᠭᠦᠯᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠤᠰᠢᠵᠤ ᠣᠷᠠᠬᠠᠳᠠᠬᠤ ᠵᠢᠭᠰᠠᠭᠠᠯ ᠵᠢᠠᠷ

ᠭᠡᠨ ᠢ ᠫᠣᠯᠭᠤᠳᠠᠢ ᠪᠠᠷᠢᠪᠴᠢᠯᠠᠪᠠ︖

ᠳᠠᠮᠤᠵᠢᠨ ᠡᠷᠭᠢᠭᠦᠯᠳᠡᠨ ᠪᠣᠷᠤᠭᠤᠯᠠᠵᠤ

ᠭᠡᠨ ᠭᠦᠮᠤᠨ ᠢ ᠡ᠊ᠨᠳᠡᠭᠦᠷᠡᠭᠦᠯᠪᠡ︖

ᠠᠯᠤᠬ᠎ᠠ ᠪᠠᠭᠠᠳᠤᠷ ᠤᠨ ᠰᠠᠷᠠᠨ ᠰᠥᠭᠡ

ᠭᠡᠨ ᠤ ᠳᠡᠷᠢᠭᠦᠨ ᠢ ᠳᠠᠯᠪᠠᠯᠪᠠ︖

ᠰᠥᠭᠡ ᠵᠠᠩᠵᠤᠨ ᠤ ᠱᠠᠯᠠᠮᠠᠭᠠᠢ ᠭᠠᠷ

ᠭᠡᠨ ᠢ ᠪᠠᠵᠠᠭᠳᠠᠨ ᠠᠤᠠᠬᠤᠪᠠ︖

ᠪᠠᠯᠭᠦᠳᠡᠢ᠂ ᠤᠴᠢᠭ ᠬᠤᠶᠠᠭᠤᠯᠠ

ᠭᠡᠨ ᠢ ᠵᠢᠳᠠᠯᠠᠨ ᠠᠯᠠᠪᠠ︖

ᠳᠠᠢ᠌ᠶᠠᠩ ᠬᠠᠭᠠᠨ ᠤ ᠴᠡᠷᠢᠭ᠌

ᠶᠠᠭᠠᠭᠢᠵᠤ ᠭᠡᠷᠭᠢᠵᠤ ᠬᠠᠭᠠᠭᠳᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠤᠰᠢᠵᠤ ᠣᠷᠠᠬᠠᠳᠠᠬᠤ ᠵᠢᠭᠰᠠᠭᠠᠯ ᠵᠢᠠᠷ

ᠢᠳᠠᠷ ᠳᠤᠪᠣ ᠶᠢ ᠫᠣᠯᠭᠤᠳᠠᠢ ᠪᠠᠷᠢᠪᠴᠢᠯᠠᠪᠠ᠂

ᠳᠠᠮᠤᠵᠢᠨ ᠡᠷᠭᠢᠭᠦᠯᠳᠡᠨ ᠪᠣᠷᠤᠭᠤᠯᠠᠵᠤ

ᠳᠠᠢ᠌ᠶᠠᠩ ᠬᠠᠭᠠᠨ ᠢ ᠡ᠊ᠨᠳᠡᠷᠡᠭᠦᠯᠪᠡ᠃

ᠠᠯᠤᠬ᠎ᠠ ᠪᠠᠭᠠᠳᠤᠷ ᠤᠨ ᠰᠠᠷᠠᠨ ᠰᠥᠭᠡ

ᠬᠤᠯᠠᠰᠤᠪᠴᠢ ᠶᠢᠨ ᠳᠡᠷᠢᠭᠦᠨ ᠢ ᠳᠠᠯᠪᠠᠯᠪᠠ᠂

ᠰᠥᠭᠡ ᠵᠠᠩᠵᠤᠨ ᠤ ᠱᠠᠯᠠᠮᠠᠭᠠᠢ ᠭᠠᠷ

ᠴᠢᠤᠢ ᠱᠢ ᠯᠢ ᠶᠢ ᠪᠠᠵᠠᠭᠳᠠᠨ ᠠᠤᠠᠬᠤᠪᠠ᠃

ᠪᠠᠯᠭᠦᠳᠡᠢ᠂ ᠤᠴᠢᠭ ᠬᠤᠶᠠᠭᠤᠯᠠ

ᠰᠥᠷᠦᠯᠭᠡᠭ᠌ ᠢ ᠵᠢᠳᠠᠯᠠᠨ ᠠᠯᠠᠪᠠ᠂

ᠳᠠᠢ᠌ᠶᠠᠩ ᠬᠠᠭᠠᠨ ᠤ ᠴᠡᠷᠢᠭ᠌

ᠳᠠᠪᠬᠤᠷ ᠳᠠᠪᠬᠤᠷ ᠬᠠᠭᠠᠭᠳᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠠᠢ᠌ᠶᠠᠩ ᠬᠠᠭᠠᠨ᠂ ᠪᠣᠯᠤ ᠸᠠᠩ

ᠠᠯᠢ ᠳᠠᠢ᠌ᠰᠢ ᠳᠤᠳᠠᠭᠠᠪᠠ︖

ᠪᠧᠲ᠋ᠡ᠋ ᠶᠢᠨ ᠳᠤᠭ ᠢ ᠪᠣᠰᠬᠠᠭᠠᠤᠨ

ᠭᠡᠨ ᠵᠠᠮ ᠭᠡᠷᠡᠪᠡ︖

ᠨᠠᠷᠠ ᠰᠢᠩᠭᠡᠭᠦ ᠳᠠᠪᠠᠭ᠎ᠠ ᠶᠢᠨ ᠳᠡᠭᠡᠷ᠎ᠡ

ᠭᠡᠨ ᠭᠡᠨ ᠪᠦᠰᠡᠯᠡᠪᠡ︖

ᠨᠢ᠋ᠮᠠᠨ ᠤ ᠬᠠᠭᠠᠠᠨ ᠠᠪᠠᠭ᠎ᠠ ᠪᠠᠨ

ᠶᠠᠮᠠᠷ ᠭᠡᠨ ᠴᠠᠪᠴᠢᠪᠠ︖

ᠪᠧᠲ᠋ᠡ᠋ ᠶᠢᠨ ᠳᠤᠤᠷ᠎ᠠ ᠰᠥᠭᠦᠦᠡᠴᠤ

ᠭᠡᠨ ᠭᠡᠨ ᠮᠥᠷᠭᠦᠪᠡ︖

ᠪᠦᠷᠭᠦᠭ᠌ ᠰᠦᠨᠢ ᠶᠢ ᠵᠠᠪᠰᠢᠵᠤ

ᠶᠠᠭᠠᠭᠢᠵᠤ ᠭᠡᠳᠦᠭᠦᠯᠡ ᠣᠷᠭᠤᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠠᠢ᠌ᠶᠠᠩ ᠬᠠᠭᠠᠨ᠂ ᠪᠣᠯᠤ ᠸᠠᠩ

ᠵᠡᠭᠦᠨ ᠬᠣᠢ᠌ᠰᠢ ᠪᠣᠷᠤᠭᠤᠯᠠᠪᠠ᠂

ᠪᠧᠲ᠋ᠡ᠋ ᠶᠢᠨ ᠳᠤᠭ ᠢ ᠪᠣᠰᠬᠠᠭᠠᠤᠨ

ᠪᠦᠳᠤᠨ᠎ᠠ ᠶᠢᠨ ᠢᠯᠭᠤᠭᠰᠠᠨ ᠵᠠᠮ ᠭᠡᠷᠡᠪᠡ᠃

ᠨᠠᠷᠠ ᠰᠢᠩᠭᠡᠭᠦ ᠳᠠᠪᠠᠭ᠎ᠠ ᠶᠢᠨ ᠳᠡᠭᠡᠷ᠎ᠡ

ᠪᠣᠭᠤᠷᠴᠢ᠂ ᠪᠣᠭᠤᠷᠤᠯ ᠪᠦᠰᠡᠯᠡᠪᠡ᠂

ᠨᠢ᠋ᠮᠠᠨ ᠤ ᠬᠠᠭᠠᠨ ᠠᠪᠠᠭ᠎ᠠ ᠪᠠᠨ

ᠨᠢᠭᠦᠯᠳᠤ ᠴᠢᠤᠢ ᠴᠥ᠊ ᠯᠢᠤᠢ ᠴᠠᠪᠴᠢᠪᠠ᠃

ᠪᠧᠲ᠋ᠡ᠋ ᠶᠢᠨ ᠳᠤᠤᠷ᠎ᠠ ᠰᠥᠭᠦᠦᠡᠴᠤ

ᠪᠣᠯᠤ᠂ ᠴᠢᠤᠢ ᠴᠥ᠊ ᠯᠢᠤᠢ ᠮᠥᠷᠭᠦᠪᠡ᠂

ᠬᠠᠷᠠᠩᠭ᠋ᠤᠢ ᠰᠦᠨᠢ ᠶᠢ ᠵᠠᠪᠰᠢᠵᠤ

ᠬᠤᠶᠠᠭᠤᠯᠠ ᠪᠠᠨ ᠣᠷᠭᠤᠨ ᠳᠤᠳᠠᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠢᠳᠠᠷ ᠳᠤᠪᠣ᠂ ᠮᠢᠩᠭ᠋ᠠᠳᠠᠨ᠂ ᠴᠢᠤᠢ ᠱᠢ ᠯᠢ ᠵᠢ

ᠶᠡᠭᠡ ᠪᠧᠲ᠋ᠡ᠋ ᠶᠠᠭᠠᠭᠢᠪᠠ︖

ᠥᠷᠭᠡᠨ ᠪᠠᠭᠳᠠᠭᠠᠮᠵᠢᠳᠤ ᠳᠠᠮᠤᠵᠢᠨ

ᠳᠠᠢ᠌ᠶᠠᠩ ᠬᠠᠭᠠᠨ ᠢ ᠭᠡᠷᠭᠢᠪᠡ︖

ᠴᠢᠠᠳᠠᠭᠠᠨ᠎ᠠ ᠰᠠᠴᠠᠨ᠂ ᠬᠤᠳᠠᠭᠠᠨ᠎ᠠ ᠪᠠᠭᠢ

ᠨᠢ᠋ᠮᠠᠨ ᠤ ᠨᠤᠳᠤᠭ ᠢ ᠶᠠᠭᠠᠭᠢᠪᠠ︖

ᠴᠢᠩ ᠪᠣᠶᠠᠠᠳᠤ ᠳᠠᠮᠤᠵᠢᠨ ᠡᠵᠡᠨ

ᠰᠢ ᠯᠢᠶᠤᠤ ᠬᠤᠳᠠᠨ ᠳᠤ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠢᠳᠠᠷ ᠳᠤᠪᠣ᠂ ᠮᠢᠩᠭ᠋ᠠᠳᠠᠨ᠂ ᠴᠢᠤᠢ ᠱᠢ ᠯᠢ ᠵᠢ

ᠶᠡᠭᠡ ᠪᠧᠲ᠋ᠡ᠋ ᠦᠷᠦᠰᠢᠶᠠᠪᠠ᠂

ᠥᠷᠭᠡᠨ ᠪᠠᠭᠳᠠᠭᠠᠮᠵᠢᠳᠤ ᠳᠠᠮᠤᠵᠢᠨ

ᠳᠠᠢ᠌ᠶᠠᠩ ᠬᠠᠭᠠᠨ ᠢ ᠳᠠᠢ᠌ᠪᠠ᠃

ᠴᠢᠠᠳᠠᠭᠠᠨ᠎ᠠ ᠰᠠᠴᠠᠨ᠂ ᠬᠤᠳᠠᠭᠠᠨ᠎ᠠ ᠪᠠᠭᠢ

ᠨᠢ᠋ᠮᠠᠨ ᠤ ᠨᠤᠳᠤᠭ ᠢ ᠳᠡᠭ᠍ᠰᠢᠯᠡᠪᠡ ᠂

ᠴᠢᠩ ᠪᠣᠶᠠᠠᠳᠤ ᠳᠠᠮᠤᠵᠢᠨ ᠡᠴᠡ

ᠰᠢ ᠯᠢᠶᠤᠤ ᠬᠤᠳᠠᠨ ᠳᠤ ᠣᠷᠤᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠷᠳᠠ᠂ ᠬᠤᠰᠠᠭᠤᠷ ᠬᠤᠶᠠᠷ

ᠶᠠᠭᠤᠨ ᠳᠤᠳᠤᠷ᠎ᠠ ᠠᠯᠠᠭᠳᠠᠭᠰᠠᠨ ᠪᠣᠢ︖

ᠠᠷᠭ᠎ᠠ ᠮᠡᠭᠡᠳᠤ ᠵᠠᠮᠤᠬ᠎ᠠ

ᠭᠡᠨ ᠤ ᠭᠠᠷ ᠲᠤ ᠪᠠᠷᠢᠭᠳᠠᠭᠰᠠᠨ ᠪᠣᠢ︖

ᠬᠤᠯᠵᠢᠨ ᠴᠢᠦᠡᠭᠦᠷ ᠵᠠᠮᠤᠬ᠎ᠠ ᠵᠢ

ᠶᠠᠮᠠᠷ ᠳᠡᠷᠭᠡᠨ᠎ᠡ ᠬᠤᠷᠢᠭᠰᠠᠨ ᠪᠣᠢ︖

ᠡᡁᠧ ᠸᠠᠩ ᠤᠨ ᠭᠡᠭᠦᠷ ᠳᠡᠭᠡᠷ᠎ᠡ ᠠᠪᠠᠴᠢᠵᠤ

ᠶᠠᠭᠤ ᠶᠠᠭᠠᠭᠢᠬᠤ ᠪᠠᠷ ᠬᠠᠳᠠᠭᠠᠯᠠᠭᠰᠠᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠠᠷᠳᠠ᠂ ᠬᠤᠰᠠᠭᠤᠷ ᠬᠤᠶᠠᠷ

ᠭᠤᠤᠯ ᠳᠤᠳᠤᠷ᠎ᠠ ᠠᠯᠠᠭᠳᠠᠵᠠᠢ᠂

ᠠᠷᠭ᠎ᠠ ᠮᠡᠭᠡᠳᠤ ᠵᠠᠮᠤᠬ᠎ᠠ

ᠵᠠᠯᠮ᠎ᠠ ᠶᠢᠨ ᠭᠠᠷ ᠲᠤ ᠪᠠᠷᠢᠭᠳᠠᠵᠠᠢ᠃

ᠬᠤᠯᠵᠢᠨ ᠴᠢᠦᠡᠭᠦᠷ ᠵᠠᠮᠤᠬ᠎ᠠ ᠵᠢ

ᠪᠢᠳᠡᠭᠦᠤ ᠳᠡᠷᠭᠡᠨ᠎ᠡ ᠬᠤᠷᠢᠵᠠᠢ᠂

ᠡᡁᠧ ᠸᠠᠩ ᠤᠨ ᠭᠡᠭᠦᠷ ᠳᠡᠭᠡᠷ᠎ᠡ ᠠᠪᠠᠴᠢᠵᠤ

ᠳᠠᠭᠢᠯ ᠳᠠᠯᠪᠢᠬᠤ ᠪᠠᠷ ᠬᠠᠳᠠᠭᠠᠯᠠᠵᠠᠢ᠃

ᠠ ᠄ ᠵᠧ ᠭᠦᠶ‍ᠢ ᠥᠨᠡᠭᠡᠷ ᠳᠠᠢ᠌ᠮᠤ ᠊ᠤᠤ

ᠳᠠᠴᠢᠩᠬᠤᠷᠯᠤ ᠳᠠᠷᠠ ᠳᠠᠰᠢᠷᠠᠮ

ᠭᠡᠨ ᠢ ᠲᠦᠯᠬᠢᠯᠠᠨ ᠠᠪᠴᠢᠷᠠᠪᠠ︖

ᠳᠠᠭᠢᠯᠭ᠎ᠠ ᠶᠢᠨ ᠰᠦᠮ᠎ᠡ ᠶᠢᠨ ᠡᠭᠦᠳᠡᠨ ᠳ᠋ᠤ

ᠭᠡᠨ ᠤ ᠥᠭᠦᠭ᠍ᠰᠡᠨ ᠢ ᠮᠡᠳᠡᠭᠦᠯᠪᠡ︖

ᠵᠢᠷᠦᠭᠡ ᠵᠤᠷᠢᠭᠳᠤ ᠳ᠋ᠠᠳᠠᠳᠤᠩᠭ᠋᠎ᠠ ᠵᠢᠨ

ᠶᠠᠭᠤ ᠶᠢ ᠳᠠᠮᠤᠵᠢᠨ ᠰᠠᠢ᠌ᠰᠢᠶᠠᠪᠠ︖

ᠵᠢᠷᠤᠮᠳᠤ ᠰᠠᠢ᠌ᠳ ᠮᠥᠩᠭᠦᠯᠵᠢ ᠵᠢᠨ

ᠶᠠᠭᠤ ᠶᠢ ᠰᠦᠮ᠎ᠡ ᠳᠤ ᠳᠠᠭᠢᠭᠤᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠠᠴᠢᠩᠬᠤᠷᠯᠤ ᠳᠠᠷᠠ ᠳᠠᠰᠢᠷᠠᠮ

ᠳ᠋ᠠᠳᠠᠳᠤᠩᠭ᠋᠎ᠠ ᠶᠢ ᠲᠦᠯᠬᠢᠯᠠᠨ ᠠᠪᠴᠢᠷᠠᠪᠠ᠂

ᠳᠠᠭᠢᠯᠭ᠎ᠠ ᠶᠢᠨ ᠰᠦᠮ᠎ᠡ ᠶᠢᠨ ᠡᠭᠦᠳᠡᠨ ᠳ᠋ᠤ

ᠮᠥᠩᠭᠦᠯᠵᠢ ᠶᠢᠨ ᠥᠭᠦᠭ᠍ᠰᠡᠨ ᠢ ᠮᠡᠳᠡᠭᠦᠯᠪᠡ᠃

ᠵᠢᠷᠦᠭᠡ ᠵᠤᠷᠢᠭᠳᠤ ᠳ᠋ᠠᠳᠠᠳᠤᠩᠭ᠋᠎ᠠ ᠵᠢᠨ

ᠵᠤᠭᠰᠤᠯᠳᠠ ᠶᠢ ᠳᠠᠮᠤᠵᠢᠨ ᠰᠠᠢ᠌ᠰᠢᠶᠠᠪᠠ᠂

ᠵᠢᠷᠤᠮᠳᠤ ᠰᠠᠢ᠌ᠳ ᠮᠥᠩᠭᠦᠯᠵᠢ ᠵᠢᠨ

ᠭᠦᠷᠦᠭ᠌ ᠢ ᠰᠦᠮ᠎ᠡ ᠳᠤ ᠳᠠᠭᠢᠭᠤᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠶ‍ᠢᠰᠤᠨ ᠵᠣᠢ᠌ᠯ ᠤᠨ ᠡᠷᠳᠡᠨᠢ ᠵᠢ

ᠡᠭᠡᠭᠦᠯᠵᠤ ᠮᠤᠬᠤᠯᠠᠢ ᠶᠠᠭᠠᠭᠢᠪᠠ︖

ᠣᠯᠠᠭᠠᠨ ᠪᠣᠯᠭᠠᠷᠢᠨ ᠭᠤᠳᠤᠯ ᠊ᠤᠨ

ᠥᠯᠡᠳᠡᠭ᠍ᠰᠡᠨ ᠥᠷᠦᠭᠡᠰᠤᠨ ᠢ ᠭᠡᠷᠭᠢᠪᠡ︖

ᠣᠷᠢᠳᠤᠭᠢ ᠳᠠᠷᠠ ᠥᠷᠦᠭᠡᠰᠤᠨ ᠢ ᠨᠢ

ᠡᠷᠭᠡᠳᠤ ᠳᠠᠮᠤᠵᠢᠨ ᠶᠠᠭᠠᠭᠢᠪᠠ︖

ᠡᠵᠡᠨ ᠮᠢᠨᠢ ᠣᠳᠤ ᠡᠮᠦᠰᠳᠦᠭᠡᠢ ᠭᠡᠵᠤ

ᠶ‍ᠢᠰᠤᠨ ᠥᠷᠯᠦᠭ᠌ ᠤᠳ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠶ‍ᠢᠰᠤᠨ ᠵᠣᠢ᠌ᠯ ᠤᠨ ᠡᠷᠳᠡᠨᠢ ᠵᠢ

ᠡᠭᠡᠭᠦᠯᠵᠤ ᠮᠤᠬᠤᠯᠠᠢ ᠳᠤᠰᠢᠶᠠᠪᠠ᠂

ᠣᠯᠠᠭᠠᠨ ᠪᠣᠯᠭᠠᠷᠢᠨ ᠭᠤᠳᠤᠯ ᠊ᠤᠨ

ᠥᠯᠡᠳᠡᠭ᠍ᠰᠡᠨ ᠥᠷᠦᠭᠡᠰᠤᠨ ᠢ ᠡᠷᠭᠦᠪᠡ᠃

ᠣᠷᠢᠳᠤᠭᠢ ᠳᠠᠷᠠ ᠥᠷᠦᠭᠡᠰᠤᠨ ᠢ ᠴᠤ

ᠡᠷᠭᠡᠳᠤ ᠳᠠᠮᠤᠵᠢᠨ ᠭᠠᠷᠭᠠᠪᠠ᠂

ᠡᠵᠡᠨ ᠮᠢᠨᠢ ᠣᠳᠤ ᠡᠮᠦᠰᠳᠦᠭᠡᠢ ᠭᠡᠵᠤ

ᠶ‍ᠢᠰᠤᠨ ᠥᠷᠯᠦᠭ᠌ ᠤᠳ ᠪᠠᠯᠡᠭᠯᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠶ‍ᠢᠰᠤᠨ ᠠᠢ᠌ᠮᠠᠭ ᠤᠨ ᠡᠵᠡᠳ ᠨᠠᠷ

ᠡᠡᠭ᠌ ᠨᠠᠢ᠌ᠳᠠ ᠪᠠᠷ ᠶᠠᠭᠠᠭᠢᠪᠠ︖

ᠡᠵᠡᠨ ᠤ ᠭᠦᠪᠠᠭᠦᠨ ᠵᠤᠴᠢ

ᠡᠨᠡ ᠰᠢ ᠯᠢᠶᠤᠤ ᠶᠢ ᠭᠡᠷᠭᠢᠪᠡ︖

ᠪᠣᠶᠠᠠᠳᠤ ᠳᠠᠮᠤᠵᠢᠨ ᠤ ᠶᠡᠭᠡ ᠴᠡᠷᠢᠭ᠌

ᠪᠧᠲ᠋ᠡ᠋ ᠶᠢᠨ ᠨᠤᠳᠤᠭ ᠲᠠᠭᠠᠨ ᠶᠠᠭᠠᠭᠢᠪᠠ︖

ᠪᠠᠷᠠᠭᠤᠨ ᠨᠢ᠋ᠮᠠᠨ ᠤ ᠠᠷᠠᠤᠨ ᠊ᠤᠳ

ᠨᠢᠯᠪᠣᠰᠤ ᠣᠨᠠᠭᠠᠨ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠶ‍ᠢᠰᠤᠨ ᠠᠢ᠌ᠮᠠᠭ ᠤᠨ ᠡᠵᠡᠳ ᠨᠠᠷ

ᠡᠡᠭ᠌ ᠨᠠᠢ᠌ᠳᠠ ᠪᠠᠷ ᠳᠠᠭᠠᠪᠠ᠂

ᠡᠵᠡᠨ ᠤ ᠭᠦᠪᠠᠭᠦᠨ ᠵᠤᠴᠢ

ᠡᠨᠡ ᠰᠢ ᠯᠢᠶᠤᠤ ᠶᠢ ᠰᠠᠭᠢᠪᠠ᠃

ᠪᠣᠶᠠᠠᠳᠤ ᠡᠵᠡᠨ ᠤ ᠶᠡᠭᠡ ᠴᠡᠷᠢᠭ᠌

ᠪᠧᠲ᠋ᠡ᠋ ᠶᠢᠨ ᠨᠤᠳᠤᠭ ᠲᠠᠭᠠᠨ ᠡᠭᠡᠪᠡ᠂

ᠪᠠᠷᠠᠭᠤᠨ ᠨᠢ᠋ᠮᠠᠨ ᠤ ᠠᠷᠠᠤᠨ ᠊ᠤᠳ

ᠨᠢᠯᠪᠣᠰᠤ ᠣᠨᠠᠭᠠᠨ ᠦᠳᠡᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠠᠮᠤᠵᠢᠨ ᠬᠠᠭᠠᠨ ᠡᠴᠡ ᠵᠠᠮᠤᠬ᠎ᠠ ᠵᠢ

ᠭᠡᠨ ᠭᠦᠤ ᠳᠤ ᠳᠤᠰᠢᠶᠠᠪᠠ︖

ᠳᠠᠯᠢ᠌ᠭᠴᠢ ᠡᡁᠧ ᠸᠠᠩ ᠳᠤ ᠳᠠᠭᠢᠯ ᠳᠠᠯᠪᠢᠵᠤ

ᠭᠡᠨ ᠤ ᠵᠢᠷᠦᠭᠡ ᠶᠢ ᠰᠤᠭᠤᠯᠪᠠ︖

ᠡᠪᠦᠭᠡᠨ ᠰᠠᠢ᠌ᠳ ᠳ᠋ᠠᠳᠠᠳᠤᠩᠭ᠋᠎ᠠ ᠵᠢ

ᠶᠠᠭᠤᠨ ᠤ ᠪᠠᠭᠰᠢ ᠡᠷᠭᠦᠮᠵᠢᠯᠡᠪᠡ︖

ᠠᠯᠳᠠᠠᠱᠠᠭ᠎ᠠ ᠶᠢ ᠡᠯᠰᠡᠨ ᠠᠪᠴᠢᠷᠠᠭᠤᠯᠬᠤ ᠪᠠᠷ

ᠭᠡᠨ ᠢ ᠪᠧᠲ᠋ᠡ᠋ ᠵᠠᠷᠤᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠠᠮᠤᠵᠢᠨ ᠬᠠᠭᠠᠨ ᠡᠴᠡ ᠵᠠᠮᠤᠬ᠎ᠠ ᠵᠢ

ᠳᠤᠰᠬᠤ ᠭᠦᠤ ᠳᠤ ᠳᠤᠰᠢᠶᠠᠪᠠ᠂

ᠳᠠᠯᠢ᠌ᠭᠴᠢ ᠡᡁᠧ ᠸᠠᠩ ᠳᠤ ᠳᠠᠭᠢᠯ ᠳᠠᠯᠪᠢᠵᠤ

ᠵᠠᠮᠤᠬ᠎ᠠ ᠶᠢᠨ ᠵᠢᠷᠦᠭᠡ ᠶᠢ ᠰᠤᠭᠤᠯᠪᠠ᠃

ᠡᠪᠦᠭᠡᠨ ᠰᠠᠢ᠌ᠳ ᠳ᠋ᠠᠳᠠᠳᠤᠩᠭ᠋᠎ᠠ ᠵᠢ

ᠪᠢᠴᠢᠭ᠌ ᠤᠨ ᠪᠠᠭᠰᠢ ᠡᠷᠭᠦᠮᠵᠢᠯᠡᠪᠡ᠂

ᠠᠯᠳᠠᠠᠱᠠᠭ᠎ᠠ ᠶᠢ ᠡᠯᠰᠡᠨ ᠠᠪᠴᠢᠷᠠᠭᠤᠯᠬᠤ ᠪᠠᠷ

ᠢᠳᠠᠷ ᠳᠤᠪᠣ ᠶᠢ ᠪᠧᠲ᠋ᠡ᠋ ᠵᠠᠷᠤᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠠᠮᠤᠵᠢᠨ ᠡᠴᠡ ᠠᠶᠤᠭᠰᠠᠨ ᠳᠤᠳᠤ

ᠭᠡᠨ ᠤ ᠳᠡᠷᠭᠡᠳᠡ ᠵᠠᠢ᠌ᠯᠠᠪᠠ︖

ᠳᠡᠷᠢᠰᠦᠨᠦᠰᠦᠭᠴᠢ᠂ ᠭᠡᠦᠭᠡᠨ ᠰᠢᠯᠪᠣᠯᠤᠷ ᠵᠢᠠᠨ

ᠬᠠᠮᠢᠭ᠎ᠠ ᠪᠠᠯᠡᠭ᠌ ᠭᠦᠷᠭᠡᠪᠡ︖

ᠳᠠᠭᠢᠨᠢ ᠭᠡᠮᠡᠷ ᠰᠢᠯᠪᠣᠯᠤᠷ ᠢ

ᠶᠠᠮᠠᠷ ᠪᠠᠯᠭᠦᠳᠡᠢ ᠳᠤ ᠬᠤᠷᠢᠮᠯᠠᠭᠤᠯᠪᠠ︖

ᠳᠠᠷᠢᠰᠤᠨᠤᠰᠤᠭᠴᠢ ᠶᠢ ᠡᠭᠡᠭᠦᠯᠵᠤ

ᠬᠠᠮᠢᠭᠠᠭᠢ ᠶᠢ ᠡᠵᠡᠯᠡᠭᠦᠯᠤᠨ ᠰᠠᠭᠤᠯᠭᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠠᠮᠤᠵᠢᠨ ᠡᠴᠡ ᠠᠶᠤᠭᠰᠠᠨ ᠳᠤᠳᠤ

ᠪᠣᠯᠤ ᠸᠠᠩ ᠤᠨ ᠳᠡᠷᠭᠡᠳᠡ ᠵᠠᠢ᠌ᠯᠠᠪᠠ᠂

ᠳᠡᠷᠢᠰᠦᠨᠦᠰᠦᠭᠴᠢ᠂ ᠭᠡᠦᠭᠡᠨ ᠰᠢᠯᠪᠣᠯᠤᠷ ᠵᠢᠠᠨ

ᠪᠧᠲ᠋ᠡ᠋ ᠳᠤ ᠪᠠᠯᠡᠭ᠌ ᠭᠦᠷᠭᠡᠪᠡ᠃

ᠳᠠᠭᠢᠨᠢ ᠭᠡᠮᠡᠷ ᠰᠢᠯᠪᠣᠯᠤᠷ ᠢ

ᠪᠦᠭᠡ ᠪᠠᠯᠭᠦᠳᠡᠢ ᠳᠤ ᠬᠤᠷᠢᠮᠯᠠᠭᠤᠯᠪᠠ᠂

ᠳᠠᠷᠢᠰᠤᠨᠤᠰᠤᠭᠴᠢ ᠶᠢ ᠡᠭᠡᠭᠦᠯᠵᠤ

ᠮᠠᠢ᠌ᠯᠵᠢ ᠶᠢ ᠡᠵᠡᠯᠡᠭᠦᠯᠡ ᠰᠠᠭᠤᠯᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠤᠳᠤ᠂ ᠢᠯᠠ ᠬᠤᠶᠠᠭᠤᠯᠠ

ᠭᠡᠨ ᠭᠦᠮᠤᠨ ᠢ ᠰᠢᠬᠠᠮᠳᠠᠭᠤᠯᠪᠠ︖

ᠳᠡᠭᠦᠨ ᠢ ᠮᠡᠳᠡᠭᠡᠤᠨ ᠮᠤᠬᠤᠯᠠᠢ

ᠭᠡᠨ ᠭᠡᠨ ᠢ ᠶᠠᠪᠣᠭᠤᠯᠪᠠ︖

ᠵᠠᠪᠠ᠂ ᠫᠣᠯᠭᠤᠳᠠᠢ ᠠᠷᠭ᠎ᠠ ᠭᠡᠷᠡᠭᠯᠡᠵᠤ

ᠠᠯᠢ ᠶᠢ ᠳᠠᠭᠢᠨ ᠳᠤᠭᠳᠠᠭᠠᠪᠠ︖

ᠵᠢᠰᠤᠷ ᠳᠤᠳᠤ ᠪᠠᠰᠠ ᠯᠠ

ᠭᠡᠨ ᠤ ᠳᠤᠤᠷ᠎ᠠ ᠰᠢᠷᠭᠤᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠤᠳᠤ᠂ ᠢᠯᠠ ᠬᠤᠶᠠᠭᠤᠯᠠ

ᠳᠠᠴᠢᠩᠬᠤᠷᠯᠤ ᠶᠢ ᠰᠢᠬᠠᠮᠳᠠᠭᠤᠯᠪᠠ᠂

ᠳᠡᠭᠦᠨ ᠢ ᠮᠡᠳᠡᠭᠡᠤᠨ ᠮᠤᠬᠤᠯᠠᠢ

ᠵᠠᠪᠠ᠂ ᠫᠣᠯᠭᠤᠳᠠᠢ ᠶᠢ ᠶᠠᠪᠣᠭᠤᠯᠪᠠ᠃

ᠵᠠᠪᠠ᠂ ᠫᠣᠯᠭᠤᠳᠠᠢ ᠠᠷᠭ᠎ᠠ ᠭᠡᠷᠡᠭᠯᠡᠵᠤ

ᠮᠠᠢ᠌ᠯᠵᠢ ᠶᠢ ᠳᠠᠭᠢᠨ ᠳᠤᠭᠳᠠᠭᠠᠪᠠ᠂

ᠵᠢᠰᠤᠷ ᠳᠤᠳᠤ ᠪᠠᠰᠠ ᠯᠠ

ᠪᠣᠯᠤ ᠸᠠᠩ ᠤᠨ ᠳᠤᠤᠷ᠎ᠠ ᠰᠢᠷᠭᠤᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠬᠠᠮᠠᠤᠨ ᠳ᠋ᠠᠳᠠᠳᠤᠩᠭ᠋᠎ᠠ᠂ ᠠᠯᠳᠠᠠᠱᠠᠭ᠎ᠠ ᠳ᠋ᠤ

ᠠᠯᠢᠪᠠ ᠣᠴᠢᠷ ᠢ ᠶᠠᠭᠠᠭᠢᠪᠠ︖

ᠠᠯᠳᠠᠠᠱᠠᠭ᠎ᠠ ᠥᠭᠦᠭᠦ ᠭᠡᠳᠡᠯ᠎ᠡ

ᠭᠢᠳᠤᠭ᠎ᠠ ᠶᠢ ᠨᠢ ᠪᠣᠰᠤᠳ ᠭᠡᠷᠭᠢᠪᠡ︖

ᠠᠷᠢᠭᠤᠨ ᠴᠢᠭ᠍ᠴᠢ ᠠᠯᠳᠠᠠᠱᠠᠭ᠎ᠠ

ᠠᠯᠳᠠᠷᠰᠢᠭᠰᠠᠨ ᠪᠧᠲ᠋ᠡ᠋ ᠳᠤ ᠶᠠᠭᠠᠭᠢᠪᠠ︖

ᠠᠭᠤᠳᠠᠮ ᠶᠢᠡᠷ ᠳᠠᠮᠤᠵᠢᠨ ᠦᠷᠦᠰᠢᠶᠠᠵᠤ

ᠨᠢ᠋ᠮᠠᠨ ᠤ ᠬᠠᠭᠠᠰ ᠢ ᠶᠠᠭᠠᠭᠢᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠠᠬᠠᠮᠠᠤᠨ ᠳ᠋ᠠᠳᠠᠳᠤᠩᠭ᠋᠎ᠠ᠂ ᠠᠯᠳᠠᠠᠱᠠᠭ᠎ᠠ ᠳ᠋ᠤ

ᠠᠯᠢᠪᠠ ᠣᠴᠢᠷ ᠢ ᠰᠤᠨᠤᠰᠬᠠᠪᠠ᠂

ᠠᠯᠳᠠᠠᠱᠠᠭ᠎ᠠ ᠥᠭᠦᠭᠦ ᠭᠡᠳᠡᠯ᠎ᠡ

ᠭᠢᠳᠤᠭ᠎ᠠ ᠶᠢ ᠨᠢ ᠪᠣᠰᠤᠳ ᠪᠣᠯᠢᠶᠠᠪᠠ᠃

ᠠᠷᠢᠭᠤᠨ ᠴᠢᠭ᠍ᠴᠢ ᠠᠯᠳᠠᠠᠱᠠᠭ᠎ᠠ

ᠠᠯᠳᠠᠷᠰᠢᠭᠰᠠᠨ ᠪᠧᠲ᠋ᠡ᠋ ᠳᠤ ᠳᠠᠭᠠᠪᠠ᠂

ᠠᠭᠤᠳᠠᠮ ᠶᠢᠡᠷ ᠳᠠᠮᠤᠵᠢᠨ ᠦᠷᠦᠰᠢᠶᠠᠵᠤ

ᠨᠢ᠋ᠮᠠᠨ ᠤ ᠬᠠᠭᠠᠰ ᠢ ᠵᠠᠭᠢᠷᠠᠭᠤᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠠᠭᠠᠨ ᠰᠠᠭᠤᠷᠢᠨ᠎ᠠ ᠰᠠᠭᠤᠳᠤᠭᠠᠢ ᠭᠡᠵᠤ

ᠬᠠᠮᠤᠭ ᠶᠢᠡᠷ ᠶᠢᠡᠨ ᠳᠠᠮᠤᠵᠢᠨ ᠳᠤ ᠶᠠᠭᠠᠭᠢᠪᠠ︖

ᠬᠤᠷᠳᠤᠬᠠᠨ ᠰᠢᠶᠠ ᠣᠯᠤᠰ ᠢ ᠳᠤᠭᠳᠠᠭᠠᠶ᠎ᠠ ᠭᠡᠵᠤ

ᠬᠠᠷᠢᠭᠤ ᠳ᠋ᠤᠨᠢ ᠳᠠᠮᠤᠵᠢᠨ ᠭᠡᠷᠭᠢᠪᠡ︖

ᠯᠢ ᠴᠢᠯᠢ ᠬᠤᠷᠢᠶ᠎ᠠ ᠵᠢ

ᠪᠣᠭᠤᠷᠴᠢ᠂ ᠪᠣᠭᠤᠷᠤᠯ ᠶᠠᠭᠠᠭᠢᠪᠠ︖

ᠯᠥᠸᠧ ᠽᠢ ᠴᠸᠩ ᠬᠤᠳᠠ ᠵᠢ

ᠳᠠᠮᠤᠵᠢᠨ᠂ ᠮᠤᠬᠤᠯᠠᠢ ᠭᠡᠷᠭᠢᠪᠡ︖

ᠰᠠᠢ᠌ᠬᠠᠨ ᠰᠤᠷᠳᠡᠯᠳᠤ᠂ ᠴᠡᠴᠡᠭ᠌ ᠬᠤᠶᠠᠭᠤᠯᠠ

ᠳᠠᠪᠣᠰᠤᠨ ᠠᠶᠠᠠᠴᠢᠨ ᠪᠣᠯᠵᠤ ᠶᠠᠭᠠᠭᠢᠪᠠ︖

ᠯᠥᠸᠧ ᠽᠢ ᠴᠸᠩ ᠬᠤᠳᠠᠨ ᠳᠤ ᠣᠷᠤᠭᠠᠤᠨ

ᠳᠤᠳᠤᠷ᠎ᠠ ᠡᠴᠡ ᠨᠢ ᠬᠤᠳᠠ ᠶᠢ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠠᠭᠠᠨ ᠰᠠᠭᠤᠷᠢᠨ᠎ᠠ ᠰᠠᠭᠤᠳᠤᠭᠠᠢ ᠭᠡᠵᠤ

ᠬᠠᠮᠤᠭ ᠶᠢᠡᠷ ᠶᠢᠡᠨ ᠳᠠᠮᠤᠵᠢᠨ ᠳᠤ ᠠᠢ᠌ᠯᠠᠤᠠᠬᠠᠪᠠ᠂

ᠬᠤᠷᠳᠤᠬᠠᠨ ᠰᠢᠶᠠ ᠣᠯᠤᠰ ᠢ ᠳᠤᠭᠳᠠᠭᠠᠶ᠎ᠠ ᠭᠡᠵᠤ

ᠬᠠᠷᠢᠭᠤ ᠳ᠋ᠤᠨᠢ ᠳᠠᠮᠤᠵᠢᠨ ᠵᠠᠷᠯᠢᠭᠳᠠᠪᠠ᠃

ᠯᠢ ᠴᠢᠯᠢ ᠬᠤᠷᠢᠶ᠎ᠠ ᠵᠢ

ᠪᠣᠭᠤᠷᠴᠢ᠂ ᠪᠣᠭᠤᠷᠤᠯ ᠠᠪᠣᠪᠠ᠂

ᠯᠥᠸᠧ ᠽᠢ ᠴᠸᠩ ᠬᠤᠳᠠ ᠵᠢ

ᠳᠠᠮᠤᠵᠢᠨ᠂ ᠮᠤᠬᠤᠯᠠᠢ ᠪᠠᠢ᠌ᠯᠳᠤᠪᠠ᠃

ᠰᠠᠢ᠌ᠬᠠᠨ ᠰᠤᠷᠳᠡᠯᠳᠤ᠂ ᠴᠡᠴᠡᠭ᠌ ᠬᠤᠶᠠᠭᠤᠯᠠ

ᠳᠠᠪᠣᠰᠤᠨ ᠠᠶᠠᠠᠴᠢᠨ ᠪᠣᠯᠵᠤ ᠶᠠᠪᠣᠪᠠ᠂

ᠯᠥᠸᠧ ᠽᠢ ᠴᠸᠩ ᠬᠤᠳᠠᠨ ᠳᠤ ᠣᠷᠤᠭᠠᠤᠨ

ᠳᠤᠳᠤᠷ᠎ᠠ ᠡᠴᠡ ᠨᠢ ᠡᠪᠳᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠸᠴᠢᠷ᠂ ᠠᠯᠮᠠᠰ ᠬᠤᠶᠠᠷ ᠪᠣᠯ

ᠭᠦᠯᠦᠭ᠌ ᠴᠢᠯᠠᠭᠤᠨ ᠤ ᠶᠠᠭᠤ ᠳᠠᠷᠠ︖

ᠡᠵᠡᠨ ᠤ ᠵᠠᠷᠯᠢᠭ ᠢ ᠭᠦᠯᠢᠶᠡᠵᠤ

ᠯᠢ ᠴᠢᠯᠢ ᠶᠢ ᠰᠠᠭᠢᠭᠰᠠᠨ ᠶᠠᠭᠤ ᠳᠠᠷᠠ︖

ᠰᠠᠢ᠌ᠬᠠᠨ ᠰᠤᠷᠳᠠᠯᠳᠤ ᠳᠤ ᠱᠠᠩᠨᠠᠭᠰᠠᠨ ᠬᠠᠳᠤᠨ

ᠰᠠᠢ᠌ᠬᠠᠨ ᠴᠤᠤᠳᠤ ᠭᠡᠨ ᠳᠠᠷᠠ︖

ᠰᠢᠶᠠ ᠣᠯᠤᠰ ᠢ ᠨᠠᠮᠵᠢᠭᠤᠯᠤᠭᠠᠤᠨ

ᠰᠠᠢ᠌ᠬᠠᠨ ᠰᠢᠨᠡᠯᠡᠭ᠍ᠰᠡᠨ ᠠᠯᠢ ᠳᠠᠷᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠸᠴᠢᠷ ᠠᠯᠮᠠᠰ ᠬᠤᠶᠠᠷ ᠪᠣᠯ

ᠭᠦᠯᠦᠭ᠌ ᠴᠢᠯᠠᠭᠤᠨ ᠤ ᠭᠡᠦᠭᠡᠤᠨ᠂

ᠡᠵᠡᠨ ᠤ ᠵᠠᠷᠯᠢᠭ ᠢ ᠭᠦᠯᠢᠶᠡᠵᠤ

ᠯᠢ ᠴᠢᠯᠢ ᠶᠢ ᠰᠠᠭᠢᠭᠰᠠᠨ ᠲᠦᠰᠢᠮᠠᠤᠨ᠃

ᠰᠠᠢ᠌ᠬᠠᠨ ᠰᠤᠷᠳᠠᠯᠳᠤ ᠳᠤ ᠱᠠᠩᠨᠠᠭᠰᠠᠨ ᠬᠠᠳᠤᠨ

ᠰᠠᠢ᠌ᠬᠠᠨ ᠴᠤᠤᠳᠤ ᠬᠤᠩᠭ᠋ᠤᠷᠵᠤᠯᠠ᠂

ᠰᠢᠶᠠ ᠣᠯᠤᠰ ᠢ ᠨᠠᠮᠵᠢᠭᠤᠯᠤᠭᠠᠤᠨ

ᠰᠠᠢ᠌ᠬᠠᠨ ᠰᠢᠨᠡᠯᠡᠭ᠍ᠰᠡᠨ ᠪᠧᠲ᠋ᠡ᠋ ᠣᠯᠤᠰ᠃

ᠬᠤᠶᠠᠭᠤᠯᠠ ᠄ ᠵᠧ ᠭᠦᠶ‍ᠢ ᠥᠨᠡᠭᠡᠷ ᠳᠠᠢ᠌ᠮᠤ ᠯᠠ ᠳ᠋ᠠ᠂

ᠠᠮᠳᠠᠷᠬᠠᠵᠤ ᠪᠠᠬᠠᠳᠠᠢ ᠭᠡᠯᠡᠯᠴᠡᠭ᠍ᠰᠡᠭᠡᠷ

ᠠᠮᠠ ᠬᠠᠳᠠᠬᠤ ᠳᠤ ᠳᠤᠯᠴᠢᠬᠠᠯ᠎ᠠ᠂

ᠠᠩᠬᠠᠷᠤᠭᠴᠢ ᠣᠯᠠᠨ ᠮᠡᠷᠭᠡᠤᠨ ᠮᠢᠨᠢ

ᠡᠡᠮᠦᠰᠭᠢᠭᠡᠤᠨ ᠣᠷᠤᠬᠤ ᠶᠢ ᠵᠦᠪᠰᠢᠶᠠᠷᠠᠨ᠎ᠠ ᠦᠦ᠃

ᠵᠤᠬᠢᠶᠠᠭᠴᠢ᠄ ᠯᠤᠤᠽᠡᠷ
ᠳᠠᠷᠤᠮ᠄ 8462
ᠴᠠᠭ᠄ 2007 ᠤᠨ ᠤ 07 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ