ᠨᠡᠪᠲᠡᠷᠡᠨ ᠤᠷᠤᠬᠤ
ᠲᠦᠷᠪᠡᠳᠦᠭᠡᠷ ᠪᠦᠯᠦᠭ ᠂ ᠠᠷᠢᠭᠤᠨ ᠮᠦᠰᠦᠨ ᠤ ᠭᠢᠯᠪᠠᠭ᠎ᠠ
ᠬᠤᠶᠠᠳᠤᠭᠠᠷ ᠬᠡᠰᠡᠭ ᠂ ᠨᠡᠷ᠎ᠡ ᠬᠦᠨᠳᠦ

ᠣᠯᠤᠰ ᠣᠷᠤᠨ ᠤ ᠮᠠᠠᠳᠤᠯ ᠭᠦᠭ᠍ᠵᠢᠯ ᠳᠤ ᠭᠦᠮᠤᠨ ᠪᠦᠭᠦᠨ ᠬᠠᠷᠢᠭᠤᠴᠠᠯᠭ᠎ᠠ ᠲᠡᠶ᠃


᠊᠊᠊᠊᠊᠊᠊᠊᠊᠊᠊᠊᠊᠊᠊᠊᠊᠊᠊᠊᠊᠊᠊᠊ ᠭᠦ᠋ ᠶᠠᠨ ᠡᠤ


1912 ᠣᠨ ᠤ 4 ᠰᠠᠷ᠎ᠠ ᠶᠢᠨ 15 ᠤ ᠡᠳᠦᠷ ᠤᠨ ᠥᠷᠯᠦᠭᠡ᠂ ᠡᠡᠯᠳᠡᠨ ᠨᠠᠷᠠᠨ ᠢᠴᠢᠮᠳᠡᠭᠡᠢ ᠦᠬᠢᠨ ᠰᠢᠭ᠌ ᠠᠲ᠋ᠯᠠᠠᠲ᠋ ᠤᠨ ᠳᠠᠯᠠᠢ ᠳᠡᠭᠡᠷᠡᠭᠢ ᠰᠢᠩᠭᠡᠨ ᠮᠠᠨᠠᠨ ᠢ ᠢᠷᠠᠵᠤ ᠪᠣᠯᠪᠠᠷᠠᠢ ᠴᠢᠷᠠᠢ ᠪᠠᠨ ᠬᠠᠭᠠᠰ ᠪᠣᠯᠳᠠᠢ᠌ᠯᠭᠠᠬᠤ ᠳᠤ᠂ ᠥᠩᠭᠡᠳᠤ ᠳᠤᠭ ᠤᠨ ᠮᠢᠷᠠᠯᠵᠠᠭᠠᠨ ᠪᠠ ᠦᠢ᠌ ᠲᠦᠮᠡᠨ ᠤ ᠣᠷᠠᠢ᠌ᠯᠠᠬᠤ ᠳᠠᠭᠤᠨ ᠤ ᠳᠤᠮᠳᠠᠭᠤᠷ ᠶᠤᠰᠤᠯᠠᠯ ᠤᠨ ᠫᠣᠤ ᠨᠦᠷᠭᠢᠷᠠᠵᠤ᠂ 《ᠳᠢᠲ᠋ᠠᠨᠢᠺ》 ᠨᠠᠷᠠᠮᠵᠢᠳᠤ ᠭᠦᠯᠭᠡ ᠣᠩᠭ᠋ᠤᠴᠠ ᠣᠰᠤᠨ ᠳᠤ ᠱᠤᠩᠪᠠᠬᠤ ᠠᠩᠬᠠᠨ ᠤ ᠠᠶᠠᠯᠠᠯ ᠶᠢᠡᠨ ᠡᠭᠢᠯᠡᠭᠦᠯᠦᠯ᠎ᠡ᠃ ᠥᠵᠡᠭ᠍ᠴᠢ ᠣᠯᠠᠨ ᠤ ᠨᠢᠳᠤᠨ ᠬᠤᠷᠤᠬᠠᠢ ᠶᠢ ᠭᠦᠳᠡᠯᠭᠡᠭ᠍ᠰᠡᠨ ᠡᠨᠡ ᠮᠤᠠᠳᠠᠭ ᠳᠤᠮᠤ ᠶᠠᠭᠤᠮ᠎ᠠ ᠨᠢ ᠣᠰᠤᠨ ᠳᠤ ᠣᠷᠤᠬᠤ ᠡᠴᠡ ᠪᠠᠨ ᠡᠮᠦᠨ᠎ᠡ ᠦᠷᠦᠨᠠᠳᠠᠭᠢᠨ ᠤ ᠰᠤᠨᠢᠨ ᠮᠡᠳᠡᠭᠡᠯᠡᠯ ᠤᠨ ᠭᠤᠤᠯ ᠶᠠᠷᠢᠶᠠᠨ ᠰᠠᠳᠤᠪ ᠪᠤᠯᠵᠤ᠂ ᠪᠦᠭᠡᠯᠢᠭ᠌ ᠵᠤᠬᠢᠶᠠᠭᠰᠠᠨ ᠶᠢᠡᠷ ᠶᠢᠡᠨ ᠳᠡᠯᠡᠭᠡᠢ ᠶᠢᠨ ᠳᠡᠮᠳᠡᠭᠯᠡᠯ ᠢ ᠡᠭᠦᠳᠦᠭᠡᠤᠨ 《ᠡᠭᠦᠷᠢᠳᠡ ᠵᠢᠪᠪᠣᠰᠢ ᠦᠭᠡᠶ ᠳᠠᠯᠠᠢ ᠳᠡᠭᠡᠷᠡᠭᠢ ᠪᠠᠭᠢᠯᠡᠯᠳᠡ》 ᠭᠡᠵᠤ ᠴᠤᠯᠠᠯᠠᠭᠳᠠᠨ᠂ 《ᠠᠷᠢᠭᠤᠨ ᠨᠤᠮ》 ᠳ᠋ᠤ ᠭᠠᠷᠳᠠᠭ 《ᠨᠦᠶᠠ ᠳᠦᠷᠪᠡᠯᠵᠢᠨ ᠣᠩᠭ᠋ᠤᠴᠠ》 ᠰᠢᠭ ᠰᠢᠳᠦᠭ᠍ᠳᠡᠨ ᠮᠢᠯᠢᠶᠠᠯᠭᠠᠵᠤ ᠪᠢᠯᠠ᠃

《ᠳᠢᠲ᠋ᠠᠨᠢᠺ》 ᠨᠠᠷᠠᠮᠵᠢᠳᠤ ᠶᠢᠨ ᠰᠢᠷᠤᠭ ᠡᠴᠡ ᠣᠩᠭ᠋ᠤᠴᠠᠨ ᠱᠠᠯᠠ ᠭᠦᠷᠳᠡᠯ᠎ᠡ ᠪᠦᠳᠤᠨ ᠳᠤᠭᠤᠷᠢᠭᠤᠯᠤᠨ ᠊ᠭ᠍᠊ᠭᠢᠪ ᠳᠤᠷᠭᠠᠨ ᠣᠠᠵᠢᠯᠠᠭ᠎ᠠ ᠲᠡᠶ ᠣᠳᠠᠰᠤ ᠪᠠᠷ ᠵᠢᠱᠢᠭᠦᠤ ᠳᠠᠳᠠᠨ ᠴᠢᠮᠡᠭᠯᠡᠭᠡᠤᠨ᠂ ᠶ‍ᠢᠰᠤᠨ ᠥᠩᠭᠡ ᠶᠢᠨ ᠳᠤᠭ ᠊ᠭ᠍᠊ᠭᠢᠷᠢ ᠪᠠᠷ ᠭᠤᠶᠤᠯᠠᠵᠤ ᠵᠠᠰᠠᠭᠰᠠᠨ ᠡᠴᠡ ᠣᠰᠤᠨ ᠳᠡᠭᠡᠷ᠎ᠡ ᠳᠠᠯᠪᠢᠭᠰᠠᠨ ᠬᠤᠸᠠᠷ ᠤᠨ ᠰᠠᠭᠰᠤ ᠠᠳᠠᠯᠢ ᠮᠢᠷᠠᠯᠵᠠᠵᠤ ᠬᠠᠷᠠᠭᠳᠠᠨ᠎ᠠ᠃ ᠭᠠᠷᠠᠮ ᠳᠡᠭᠡᠷᠡᠭᠢ ᠦᠢ᠌ ᠣᠯᠠᠨ ᠥᠵᠡᠭ᠍ᠴᠢᠳ ᠤᠨ ᠣᠷᠠᠢ᠌ᠯᠠᠬᠤ ᠳᠠᠭᠤᠨ ᠳᠤ ᠳᠠᠯᠠᠢ ᠶᠢᠨ ᠪᠣᠯᠤᠩ ᠪᠣᠴᠠᠯᠵᠤ ᠭᠦᠮᠦᠰ ᠤᠨ ᠰᠠᠤᠠᠭᠢᠯ ᠳᠤ ᠦᠨᠳᠦᠰᠦᠳᠠᠨ ᠤ ᠣᠮᠤᠭᠰᠢᠯ ᠤᠨ ᠳᠦᠯᠤ ᠥᠷᠪᠢᠰᠤᠨ ᠰᠢᠳᠡᠨ᠎ᠡ︕ ᠡᠢ᠌ᠮᠦᠷᠭᠦ ᠰᠦᠷ ᠵᠢᠪᠬᠤᠯᠠᠩᠳᠠᠢ ᠠᠭᠤᠷ ᠠᠮᠢᠰᠬᠤᠯ ᠤᠨ ᠳᠤᠮᠳᠠ ᠣᠩᠭ᠋ᠤᠴᠠᠨ ᠳᠠᠷᠤᠭ᠎ᠠ ᠲᠦᠪ ᠶᠡᠭᠡᠮᠰᠦᠭ᠌ ᠶᠢᠡᠷ ᠠᠭᠤᠷ ᠤᠨ ᠱᠤᠤᠭᠢᠯ ᠶᠢᠡᠨ ᠭᠤᠷᠪᠠᠠᠳᠠ ᠳᠤᠤᠭᠠᠷᠭᠠᠵᠤ ᠦᠢ᠌ ᠣᠯᠠᠨ ᠥᠵᠡᠭ᠍ᠴᠢᠳ ᠲᠤ ᠬᠠᠷᠢᠭᠤ ᠶᠤᠰᠤ ᠭᠦᠷᠭᠡᠭᠡᠤᠨ᠂ ᠤᠩᠭ᠋ᠦᠴᠡ ᠭᠦᠳᠡᠯᠭᠦ ᠵᠠᠷᠯᠢᠭ ᠪᠠᠭᠤᠯᠭᠠᠪᠠ᠃ ᠣᠩᠭ᠋ᠤᠴᠠ ᠠᠭᠠᠵᠢᠮ ᠶᠢᠡᠷ ᠭᠠᠷᠠᠮ ᠡᠴᠡ ᠰᠠᠯᠵᠤ᠂ ᠣᠰᠤ ᠶᠢ ᠵᠦᠰᠤᠨ ᠳᠠᠪᠠᠯᠭᠠᠨ ᠢ ᠬᠠᠭᠠᠯᠤᠭᠠᠤᠨ ᠠᠶᠠᠯᠠᠯ ᠤᠨ ᠵᠠᠮ ᠡᠯᠭᠦᠵᠤ ᠪᠢᠯᠠ᠃

ᠣᠩᠭ᠋ᠤᠴᠠ ᠳᠠᠯᠠᠢ ᠳᠡᠭᠡᠷ᠎ᠡ ᠪᠦᠳᠤᠨ ᠳᠠᠪᠤᠨ ᠡᠳᠦᠷ ᠠᠶᠠᠯᠠᠭᠠᠤᠨ 20 ᠊ᠤ ᠰᠦᠨᠢ ᠳᠦᠯᠢ ᠪᠣᠯᠬᠤ ᠳᠤ᠂ ᠮᠤᠠᠳᠠᠭ ᠣᠩᠭ᠋ᠤᠴᠠ ᠵᠢᠯᠤᠭᠤᠤᠠᠴᠤ ᠯᠠᠷᠵᠢᠶ᠎ᠠ ᠰᠤᠷᠳᠤᠭᠤ ᠨᠢ ᠶᠡᠭᠡᠳᠦᠭ᠍ᠰᠡᠨ ᠵᠠᠯᠠᠭᠤᠷᠴᠢᠨ ᠭᠤᠸᠠᠢ ᠳᠤᠷᠠᠨ ᠦᠭᠡᠶ ᠨᠥᠭᠦᠴᠡᠯ ᠳᠤᠤᠷ᠎ᠠ ᠣᠢ᠌ᠷᠠᠳᠤᠵᠤ ᠢᠷᠡᠭ᠍ᠰᠡᠨ ᠮᠦᠰᠤᠨ ᠠᠭᠤᠯᠠ ᠡᠴᠡ ᠵᠠᠢ᠌ᠯᠠᠭᠤᠯᠵᠤ ᠴᠢᠳᠠᠭᠰᠠᠨ ᠦᠭᠡᠶ ᠡᠴᠡ ᠪᠣᠯᠵᠤ᠂ ᠣᠩᠭ᠋ᠤᠴᠠ ᠨᠢ ᠳᠤᠮᠤ ᠭᠦᠪᠪᠦᠮᠡᠯ ᠮᠦᠰᠤᠨ ᠳᠡᠭᠡᠷ᠎ᠡ ᠮᠥᠷᠭᠦᠭᠡᠤᠨ ᠦᠨᠦ 《ᠣᠰᠤᠨ ᠳᠡᠭᠡᠷᠡᠭᠢ ᠬᠤᠳᠠ ᠪᠠᠯᠭᠠᠰᠤ》 ᠂ 《ᠡᠭᠦᠷᠢᠳᠡ ᠵᠢᠪᠪᠣᠰᠢ ᠦᠭᠡᠶ》 ᠣᠩᠭ᠋ᠤᠴᠠ ᠴᠢᠨᠢ ᠳᠠᠯᠪᠠ ᠣᠴᠢᠴᠢᠬᠠᠯ᠎ᠠ᠃ ᠬᠠᠭᠠᠷᠠᠭᠰᠠᠨ ᠨᠥᠭᠡ ᠪᠠᠷ ᠳᠠᠯᠠᠢ ᠶᠢᠨ ᠣᠰᠤ ᠴᠤᠷᠭᠢᠨ ᠣᠷᠤᠭᠠᠤᠨ᠂ ᠣᠩᠭ᠋ᠤᠴᠠ ᠳᠠᠯ᠎ᠠ ᠪᠠᠶ᠎ᠠ ᠪᠠᠷ ᠶᠢᠡᠨ ᠬᠠᠵᠠᠢ᠌ᠵᠤ ᠠᠯᠭᠤᠷ ᠠᠭᠠᠵᠢᠮ ᠶᠢᠡᠷ ᠵᠢᠪᠪᠣᠵᠤ ᠡᠭᠢᠯᠡᠭᠦ ᠳᠤ᠂ ᠠᠶᠤᠵᠤ ᠰᠤᠴᠢᠭᠰᠠᠨ ᠠᠶᠠᠠᠴᠢᠳ ᠡᠷᠢᠶᠡᠨ ᠮᠠᠷᠢᠶᠠᠨ ᠶᠢᠡᠷ ᠣᠷᠢᠯᠠᠯᠳᠤᠨ ᠵᠥᠭ᠌ ᠴᠢᠭ᠌ ᠦᠭᠡᠶ ᠭᠦᠶ‍ᠦᠯᠳᠡᠭᠡᠤᠨ ᠨᠢᠭᠡᠮᠦᠰᠤᠨ ᠡᠮᠭᠢ ᠵᠠᠮᠪᠠᠷᠠᠭ᠎ᠠ ᠪᠠᠨ ᠠᠯᠳᠠᠪᠠ᠃ ᠠᠮᠢ ᠨᠠᠰᠤᠨ ᠤ ᠠᠶᠤᠯ ᠳᠦᠭ᠍ᠰᠢᠭᠦᠷᠢᠳᠤ ᠴᠠᠭ ᠮᠦᠴᠡ ᠭᠦᠷᠴᠤ ᠢᠷᠡᠭᠦ ᠳᠤ ᠭᠦᠮᠤᠨ ᠴᠢᠨᠢ ᠠᠳᠠᠭᠤᠰᠤᠨ ᠡᠴᠡ ᠴᠠᠭᠠᠰᠢ ᠡᠵᠡᠮᠳᠡᠭᠦ ᠳᠤ ᠪᠠᠷᠭᠡ ᠪᠣᠯᠳᠠᠭ ᠶᠤᠮ ᠪᠠᠢ᠌ᠨ᠎ᠠ᠃ ᠣᠩᠭ᠋ᠤᠴᠠᠨ ᠳᠠᠷᠤᠭ᠎ᠠ ᠪᠠᠷᠭᠢᠷᠠᠭᠠᠤᠨ ᠰᠤᠨᠤᠰᠬᠤ ᠦᠭᠡᠶ ᠠᠷᠭ᠎ᠠ ᠪᠠᠨ ᠪᠠᠷᠠᠬᠤ ᠳᠠᠭᠠᠨ ᠭᠡᠳᠤᠨ ᠪᠠᠢ᠌ᠯᠳᠤᠭᠴᠢ ᠪᠠᠨ ᠳᠠᠭᠤᠳᠠᠵᠤ᠂ ᠫᠣᠤ ᠪᠠᠨ ᠰᠤᠭᠤᠯᠠᠨ ᠳᠡᠭᠡᠭ᠍ᠰᠢ ᠬᠤᠶᠠᠷ ᠫᠣᠤᠳᠠᠭᠠᠤᠨ ᠰᠠ‍‌ᠶᠢ ᠣᠯᠠᠨ ᠤ ᠳᠠᠪᠵᠢᠶᠠᠨ ᠢ ᠵᠤᠭᠰᠤᠭᠠᠵᠠᠢ᠃ ᠣᠩᠭ᠋ᠤᠴᠠᠨ ᠳᠡᠷᠦᠭ᠎ᠠ᠂ ᠡᠩ ᠳᠡᠷᠢᠭᠦᠨ ᠳᠤ ᠣᠩᠭ᠋ᠤᠴᠠ ᠵᠢᠪᠪᠦᠭᠦ ᠪᠣᠯᠤᠭᠰᠠᠨ ᠢ ᠨᠠᠢ᠌ᠳᠠᠯᠠᠵᠤ ᠣᠯᠠᠨ ᠶᠢᠡᠷ ᠶᠢᠡᠨ ᠡᠮᠭᠢ ᠳᠢᠭᠯᠢᠮ ᠢ ᠪᠠᠳᠤᠯᠠᠬᠤ ᠭᠡᠷᠡᠭ᠍ᠳᠡᠢ ᠶᠢ ᠴᠢᠬᠤᠯᠠᠴᠢᠯᠠᠭᠠᠳ᠂ ᠭᠡᠨ ᠭᠡᠷᠪᠡ ᠠᠪᠣᠷᠠᠬᠤ ᠣᠩᠭ᠋ᠤᠴᠠ ᠥᠭᠡᠳᠡ ᠪᠣᠯᠢᠶᠠᠯᠴᠠᠪᠠᠯ ᠰᠢᠭᠤᠳ ᠫᠣᠤᠳᠠᠨ ᠠᠯᠠᠨ᠎ᠠ ᠭᠡᠵᠤ ᠵᠠᠷᠯᠠᠪᠠ᠃ ᠲ᠋ᠠᠷᠠᠭ᠎ᠠ ᠨᠢ ᠪᠦᠭᠦ ᠣᠰᠤᠴᠢᠨ ᠶᠢᠡᠨ ᠵᠠᠷᠯᠢᠭᠳᠠᠵᠤ ᠪᠠᠢ᠌ᠳᠠᠭ ᠵᠢᠵᠢᠭ᠌ ᠰᠠᠯ ᠶᠢᠡᠨ ᠣᠰᠤᠨ ᠳᠤ ᠣᠷᠤᠭᠤᠯᠵᠤ᠂ ᠣᠷᠢᠳᠠᠪᠠᠷ ᠭᠡᠦᠭᠡᠤᠨ ᠪᠣᠯᠤᠨ ᠪᠦᠰᠡᠭᠦᠢᠴᠦᠳ ᠢ ᠠᠪᠣᠷᠠᠬᠤ ᠣᠩᠭ᠋ᠤᠴᠠᠨ ᠳᠤ ᠭᠠᠷᠭᠠᠪᠠ᠃ ᠠᠪᠣᠷᠠᠬᠤ ᠣᠩᠭ᠋ᠤᠴᠠ ᠴᠥᠭᠡᠨ ᠡᠴᠡ ᠪᠣᠯᠵᠤ ᠵᠥᠪᠭᠡᠨ ᠳᠤᠯᠤᠭᠠᠨ ᠵᠠᠭᠤ ᠢᠯᠡᠭᠦᠤ ᠪᠦᠰᠡᠭᠦᠢ ᠭᠡᠦᠭᠡᠤᠨ ᠠᠮᠢ ᠮᠤᠯᠳᠠᠷᠠᠭᠰᠠᠨ ᠡᠴᠡ ᠪᠣᠰᠤᠳ ᠮᠢᠩᠭ᠋᠎ᠠ ᠳᠠᠪᠤᠨ ᠵᠠᠭᠤ ᠢᠯᠡᠭᠦᠤ ᠠᠶᠠᠠᠴᠢᠳ ᠪᠦᠷ ᠣᠩᠭ᠋ᠤᠴᠠᠨ ᠳᠠᠷᠤᠭ᠎ᠠ ᠲᠡᠶ ᠬᠠᠮᠳᠤ ᠪᠠᠷ ᠶᠡᠭᠡ ᠳᠠᠯᠠᠢ ᠳᠤ ᠵᠢᠪᠪᠣᠵᠤ ᠪᠢᠯᠠ᠃

ᠡᠨᠡ ᠦᠶ᠎ᠡ ᠳᠤ ᠰᠢᠶ‍ᠧᠵᠢᠸᠧᠨ ᠭᠡᠭ᠍ᠴᠢ ᠶᠠᠫᠣᠨ ᠡᠷ᠎ᠡ᠂ ᠡᠮᠡᠰ ᠤᠨ ᠳᠤᠮᠳᠠ ᠰᠢᠷᠭᠤᠯᠤᠨ ᠠᠪᠣᠷᠠᠬᠤ ᠣᠩᠭ᠋ᠤᠴᠠᠨ ᠳᠡᠭᠡᠷ᠎ᠡ ᠭᠠᠷᠤᠭᠠᠤᠨ ᠠᠮᠢ ᠵᠤᠯᠪᠣᠵᠤ ᠵᠡᠪᠳᠦᠵᠡᠢ᠃ ᠡᠨᠡ ᠨᠢ ᠨᠢᠳᠤ ᠭᠢᠷᠠᠬᠠᠢ ᠰᠤᠷᠪᠣᠯᠵᠢᠯᠠᠭᠴᠢ ᠨᠡᠷ ᠤᠨ ᠬᠠᠷᠠᠭ᠎ᠠ ᠡᠴᠡ ᠮᠤᠯᠳᠤᠷᠠᠵᠤ ᠴᠢᠳᠠᠭᠰᠠᠨ ᠦᠭᠡᠶ᠃ ᠲ᠋ᠡᠯᠡᠭᠡᠢ ᠶᠢᠨ ᠡᠯ᠎ᠡ ᠶᠡᠭᠡ ᠰᠤᠨᠢᠨ ᠮᠡᠳᠡᠭᠡᠯᠡᠯ ᠳᠡᠭᠡᠷ᠎ᠡ ᠰᠢᠶ‍ᠸᠵᠢᠸᠧᠨ ᠤ ᠵᠤᠭᠤᠭ ᠭᠤᠤᠯ ᠶᠠᠷᠢᠶᠠᠨ ᠰᠠᠳᠤᠪ ᠪᠣᠯᠵᠤ ᠭᠡᠯᠡᠯᠴᠡᠭ᠍ᠳᠡᠵᠤ ᠢᠷᠡᠭᠦ ᠪᠠᠷ᠂ ᠴᠢᠮᠡᠭᠡ ᠰᠤᠷᠭᠤᠭ ᠶᠠᠫᠣᠠᠴᠤᠳ ᠭᠡᠳᠥᠢᠨᠡᠢ ᠣᠯᠤᠭᠠᠤᠨ ᠰᠤᠨᠦᠰᠴᠢᠬᠠᠵᠡᠢ᠃ ᠡᠨᠡᠭᠦ 《ᠰᠡᠮᠦᠷᠡᠢ ᠵᠤᠷᠢᠭ ᠰᠡᠨᠠᠭ᠎ᠠ》 ᠡᠴᠡ ᠳᠡᠷᠰᠯᠡᠭ᠍ᠰᠡᠨ ᠵᠢᠭ᠍ᠰᠢᠭᠦᠷᠢᠳᠤ ᠶᠠᠪᠣᠳᠠᠯ ᠨᠢ ᠪᠦᠭᠦ ᠶᠠᠫᠣᠠᠴᠤᠳ ᠢ ᠢᠴᠢᠩᠭᠦᠷᠡᠯ ᠤᠨ ᠳᠠᠯᠠᠢ ᠳᠤ ᠵᠢᠪᠪᠦᠭᠦᠯᠵᠤ᠂ ᠰᠢᠶ‍ᠧᠵᠢᠸᠧᠨ ᠢ ᠬᠠᠷᠠᠭᠰᠠᠨ ᠪᠣᠯᠭᠠᠨ ᠬᠠᠷᠢᠶᠠᠨ ᠵᠤᠳᠤᠵᠤ ᠦᠯᠳᠡᠨ ᠭᠦᠭᠡᠭᠡᠳᠡᠭ᠌ ᠪᠤᠯᠪᠠ᠃ ᠢᠩᠭᠢᠭᠡᠤᠨ ᠵᠤᠭᠰᠤᠭᠰᠠᠨ ᠦᠭᠡᠶ᠂ ᠰᠢᠶ‍ᠧᠵᠢᠸᠧᠨ ᠤ ᠣᠤᠯ ᠤᠨ ᠠᠵᠢᠯᠯᠠᠵᠤ ᠪᠠᠢ᠌ᠭᠰᠠᠨ ᠪᠠᠢ᠌ᠭᠤᠯᠭ᠎ᠠ ᠨᠢ ᠠᠵᠢᠯ ᠡᠴᠡ ᠨᠢ ᠭᠦᠭᠡᠭᠡᠵᠤ᠂ ᠡᠡᠯᠪᠠᠨ ᠳᠢᠩᠭᠢᠮ ᠡᠴᠡ ᠳᠡᠭᠦᠨ ᠤ ᠡᠷ᠎ᠡ ᠭᠦᠮᠤᠨ ᠤ ᠪᠠᠯᠭᠡᠳᠡᠯ ᠪᠣᠯᠬᠤ ᠴᠡᠷᠢᠭ᠌ ᠤᠨ ᠠᠯᠳᠠᠷ ᠢ ᠨᠢ ᠬᠠᠰᠤᠭᠰᠠᠨ ᠪᠠᠢ᠌ᠨ᠎ᠠ᠃ ᠵᠠᠯᠭᠠᠭᠠᠤᠨ ᠨᠠᠷ᠎ᠠ ᠨᠢᠳᠠᠷ ᠥᠩᠭᠡᠷᠡᠯᠳᠡ ᠲᠡᠶ ᠨᠢ ᠶᠠᠫᠣᠨ ᠤ ᠰᠤᠷᠬᠤ ᠪᠢᠴᠢᠭ᠌ ᠲᠤ ᠪᠢᠴᠢᠵᠤ ᠣᠷᠤᠭᠤᠯᠤᠭᠠᠤᠨ ᠣᠯᠤᠰ ᠭᠦᠷᠤᠨ ᠤ ᠭᠤᠳᠤᠮᠰᠢᠭ ᠤᠨ ᠭᠦᠰᠢᠶ᠎ᠡ ᠪᠣᠯᠭᠠᠭᠰᠠᠨ ᠪᠠᠢ᠌ᠪᠡ᠃ ᠢᠩᠭᠢᠭᠡᠤᠨ ᠳᠠᠯᠠᠢ ᠶᠢᠨ ᠠᠶᠤᠯ ᠡᠴᠡ ᠠᠮᠢ ᠮᠤᠯᠳᠤᠷᠠᠭᠰᠠᠨ ᠰᠢᠶ‍ᠸᠵᠢᠸᠧᠨ᠂ ᠥᠭᠦᠭᠦ ᠶᠢ ᠭᠦᠷᠭᠦ ᠦᠭᠡᠶ ᠢᠴᠢᠭᠦᠷᠢ ᠭᠤᠳᠤᠮᠰᠢᠭ ᠤᠨ ᠳᠤᠮᠳᠠ ᠠᠮᠢ ᠨᠠᠰᠤᠨ ᠤ ᠡᠴᠦᠰ ᠤᠨ ᠮᠦᠴᠡ ᠪᠠᠨ ᠥᠩᠭᠡᠷᠡᠭᠦᠯᠭᠦ ᠯᠠ ᠭᠡᠷᠡᠭ᠍ᠳᠡᠢ ᠪᠣᠯᠵᠠᠢ᠃

ᠨᠢᠭᠡ ᠣᠯᠤᠰ ᠣᠷᠤᠨ ᠨᠢ ᠥᠷᠭᠡᠨ ᠣᠯᠠᠨ ᠠᠷᠠᠤᠨ ᠲᠦᠮᠡᠨ ᠶᠢᠡᠷ ᠪᠦᠷᠢᠯᠳᠦᠵᠤ᠂ ᠪᠦᠭᠦᠢᠯᠡ ᠢᠷᠭᠡᠤᠨ ᠤᠨ ᠰᠤᠶᠤᠯ ᠪᠣᠯᠪᠠᠰᠤᠨ ᠤ ᠭᠡᠮᠵᠢᠶ᠎ᠡ ᠨᠢ ᠨᠢᠭᠡ ᠣᠯᠤᠰ ᠦᠨᠳᠦᠰᠦᠳᠠᠨ ᠤ ᠭᠡᠪ ᠳᠦᠷᠭᠦ ᠶᠢ ᠢᠯᠡᠳᠭᠡᠵᠤ ᠪᠠᠢ᠌ᠳᠠᠭ᠃ ᠠᠯᠢ ᠨᠢᠭᠡᠨ ᠤ ᠭᠢᠨᠢ ᠮᠤᠷᠠᠯ ᠦᠭᠡᠶ ᠪᠠᠯᠠᠮᠠᠤᠨ ᠠᠵᠢᠯᠯᠠᠭ᠎ᠠ ᠨᠢ ᠦᠪᠡᠷ ᠤᠨ ᠪᠠᠶ᠎ᠠ ᠳᠡᠭᠡᠨ ᠬᠤᠤᠷ ᠳᠠᠷᠢᠬᠤ ᠪᠠᠷ ᠪᠠᠷᠠᠬᠤ ᠦᠭᠡᠶ᠂ ᠣᠯᠤᠰ ᠦᠨᠳᠦᠰᠦᠳᠠᠨ ᠳᠡᠭᠡᠨ ᠭᠤᠳᠤᠮᠰᠢᠭ ᠳᠠᠷᠢᠵᠤ ᠨᠠᠷ᠎ᠠ ᠨᠢᠭᠤᠷ ᠢ ᠨᠢ ᠭᠤᠳᠤᠭᠠᠬᠤ ᠳᠤ ᠭᠦᠷᠦᠨ᠎ᠡ᠃

ᠵᠠᠯᠠᠭᠤᠴᠤᠳ ᠳᠠᠨᠠᠷ ᠵᠠᠪᠠᠯ ᠮᠠᠳᠠᠵᠤ ᠠᠪ᠄ ᠭᠦᠮᠤᠨ ᠪᠣᠯᠬᠤ ᠶᠢᠨ ᠠᠩᠬᠠᠨ ᠤ ᠠᠯᠬᠤᠮ ᠳᠤ ᠡᠯᠢᠭᠡᠨ ᠬᠤᠯᠪᠣᠭᠠᠳᠠᠢ ᠡᠭᠡ ᠣᠯᠤᠰ ᠪᠣᠯᠤᠨ ᠡᠩᠭᠦᠷᠡᠢ ᠬᠠᠢ᠌ᠷᠠᠳᠤ ᠦᠨᠳᠦᠰᠦᠳᠠᠨ ᠶᠠᠰᠤᠳᠠᠨ ᠤ ᠠᠯᠳᠠᠷ ᠭᠦᠡᠳᠤ ᠶᠢ ᠮᠠᠠᠳᠤᠭᠤᠯᠵᠤ ᠶᠠᠪᠣᠬᠤ ᠶᠢ ᠴᠠᠭ ᠢᠮᠠᠭᠳᠠ ᠪᠤᠳᠦᠯᠭᠢᠯᠡᠵᠤ᠂ ᠭᠡᠷᠡᠭ᠍ᠴᠠᠭᠡᠳᠠᠢ ᠦᠶ᠎ᠡ ᠳᠤ ᠠᠮᠢ ᠨᠠᠰᠤ ᠠᠯᠢᠪᠠ ᠪᠦᠭᠦᠨ ᠶᠢᠡᠨ ᠵᠤᠷᠢᠭᠤᠯᠬᠤ ᠡᠴᠡ ᠪᠣᠴᠠᠬᠤ ᠦᠭᠡᠶ ᠪᠠᠢ᠌ᠬᠤ ᠭᠡᠷᠡᠭ᠍ᠳᠡᠢ᠃ ᠤᠴᠢᠷ ᠨᠢ ᠡᠭᠡ ᠣᠷᠤᠨ ᠤ ᠮᠢᠨᠢ ᠠᠯᠳᠠᠷ ᠭᠦᠡᠳᠤ ᠭᠦᠭ᠍ᠵᠢᠯ ᠪᠠᠳᠠᠷᠠᠯ ᠨᠢ ᠮᠠᠨ ᠤ ᠬᠤᠪᠢ ᠵᠠᠶᠠᠭ᠎ᠠ ᠲᠡᠶ ᠰᠢᠭᠤᠳ ᠬᠤᠯᠪᠣᠭᠳᠠᠵᠤ ᠪᠠᠢ᠌ᠭ᠎ᠠ ᠶᠤᠮ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 9260
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ