ᠨᠡᠪᠲᠡᠷᠡᠨ ᠤᠷᠤᠬᠤ
ᠨᠢᠭᠡᠳᠦᠭᠡᠷ ᠪᠦᠯᠦᠭ ᠂ ᠶᠢᠷᠲᠢᠨᠴᠦ ᠲᠠᠢ ᠲᠠᠨᠢᠯᠴᠠᠶ᠎ᠠ
ᠲᠤᠯᠤᠳᠤᠭᠠᠷ ᠬᠡᠰᠡᠭ ᠂ ᠭᠦᠴᠦᠷᠭᠡᠭ᠍ᠵᠢᠯ

ᠭᠠᠭᠴᠡᠭᠦ ᠭᠦᠴᠦᠷᠭᠡᠭ᠌ ᠨᠢ ᠰᠠᠶ‍ᠢ ᠡᠨᠡ ᠶ‍ᠢᠷᠳᠢᠠᠴᠤ ᠳᠡᠭᠡᠷ᠎ᠡ ᠣᠷᠤᠰᠢᠨ ᠳᠤᠭᠳᠠᠨᠢᠵᠤ ᠴᠢᠳᠠᠨ᠎ᠠ᠃


᠊᠊᠊᠊᠊᠊᠊᠊᠊᠊᠊᠊᠊᠊᠊᠊᠊᠊᠊᠊᠊᠊᠊ ᠨᠢᠷᠷᠠᠷ


ᠥᠩᠭᠡᠷᠡᠨ ᠡᠴᠢᠭ᠍ᠰᠡᠨ ᠳᠡᠭᠡᠷ᠎ᠡ ᠵᠠᠭᠤᠨ ᠤ ᠳᠦᠴᠢᠭᠡᠤᠨ ᠣᠨ ᠤ ᠳᠡᠯᠡᠭᠡᠢ ᠶᠢᠨ ᠬᠤᠶ‍ᠠᠳᠤᠭᠠᠷ ᠳᠠᠢ᠌ᠨ ᠤ ᠬᠠᠷ᠎ᠠ ᠣᠳᠤᠭ᠎ᠠ ᠮᠦᠨ ᠭᠦ ᠭᠦᠮᠤᠨ ᠤ ᠰᠠᠤᠠᠭᠢᠯ ᠳᠤ ᠬᠣᠢ᠌ᠯᠠᠷᠠᠭᠰᠠᠭᠠᠷ᠁ ᠲ᠋ᠡᠯᠪᠠᠴᠡᠭᠦ ᠨᠢᠰᠭᠡᠯ ᠠᠭᠠᠷ ᠳᠡᠭᠡᠭᠦᠷ ᠡᠯᠢᠶ᠎ᠡ ᠳᠠᠭᠤ ᠮᠠᠳᠤ ᠰᠥᠷᠦᠭᠯᠡᠨ ᠨᠢᠰᠦᠯᠳᠦᠭᠡᠤᠨ᠂ ᠢᠰᠭᠢᠷᠤᠨ ᠬᠠᠯᠢᠵᠤ ᠱᠤᠩᠪᠠᠨ ᠳᠠᠯᠪᠠᠴᠢᠵᠤ ᠳᠡᠰᠦᠷᠡᠭᠦ ᠪᠦᠮᠪᠦᠭᠡ ᠪᠠᠨ ᠪᠣᠷᠤᠭᠠᠨ ᠮᠦᠠᠳᠤᠷ ᠠᠳᠠᠯᠢ ᠰᠢᠳᠡᠯᠡᠭᠦ ᠳᠤ᠂ ᠭᠠᠵᠠᠷ ᠳᠡᠭᠡᠭᠦᠷ ᠫᠤᠯᠢᠮᠶ‍ᠦᠲ᠋ ᠤᠨ ᠳᠠᠭᠤᠨ ᠪᠣᠷᠴᠠᠭ ᠬᠠᠭᠤᠷᠬᠤ ᠰᠢᠭ᠌ ᠫᠠᠷᠴᠢᠭᠢᠨᠠᠵᠤ ᠥᠭᠡᠷ ᠫᠣᠤ ᠶᠢᠨ ᠳᠠᠯᠪᠠᠴᠢᠯᠳᠠ ᠠᠭᠤᠯᠠ ᠶᠢ ᠨᠤᠷᠠᠭᠠᠨ ᠬᠠᠳᠠ ᠶᠢ ᠭᠡᠮᠭᠡᠯᠡᠨ᠎ᠡ᠃ ᠡᠭᠡ ᠭᠠᠵᠠᠷ ᠣᠯᠠᠭᠠᠨ ᠶᠢᠡᠷ ᠭᠦᠷᠪᠠᠨ ᠴᠢᠰᠤ ᠪᠠᠷ ᠪᠣᠴᠠᠯᠵᠤ᠂ ᠠᠷᠠᠤᠨ ᠳᠦᠮᠠᠨ ᠮᠢᠨᠢ ᠵᠤᠪᠠᠯᠠᠩ ᠤᠨ ᠳᠠᠯᠠᠢ ᠳᠤ ᠣᠳᠠᠰᠤᠨ ᠠᠮᠢ ᠲᠡᠶ ᠳᠡᠯᠴᠢᠯᠡᠨ᠎ᠡ᠃ ᠧᠥ᠋ᠷᠦᠫᠠ ᠶᠢᠨ ᠳᠠᠢ᠌ᠨ ᠤ ᠳᠠᠯᠠᠪᠣᠷ ᠳᠡᠭᠡᠷ᠎ᠡ ᠡᡁᠢᠲ᠋ᠯᠡᠷ ᠭᠠᠯᠵᠢᠭᠤ ᠨᠤᠬᠠᠢ ᠠᠳᠠᠯᠢ ᠣᠯᠠᠩᠭ᠋ᠠᠰᠴᠤ ᠪᠠᠢ᠌ᠬᠤ ᠳᠤ᠂ ᠡᠡᠩᠭ᠍ᠯᠢ᠂ ᠡᠡᠮᠧᠷᠢᠺᠠ᠂ ᠢᠲ᠋ᠡᠯᠢ ᠵᠡᠷᠭᠡ ᠬᠤᠯᠪᠣᠭᠠᠳᠠᠨ ᠣᠯᠤᠰ ᠤᠳ ᠭᠠᠷ ᠶᠢᠡᠨ ᠳᠤᠭᠳᠣᠢ᠌ᠯᠠᠨ ᠶ‍ᠸᠨᠤ ᠬᠠᠷᠠᠵᠤ᠂ ᠪᠠᠭᠤᠷᠠᠢ ᠣᠯᠤᠰ ᠤᠳ ᠤᠨ ᠳᠤᠩᠭ᠋ᠤᠷᠤᠨ ᠣᠢ᠌ᠴᠢᠬᠤ ᠵᠠᠪᠰᠢᠶ‍ᠠᠨ ᠢ ᠳᠠᠯᠢᠮᠳᠠᠭᠤᠯᠵᠤ 《ᠪᠣᠭᠤᠳᠠᠯ ᠲᠡᠶ ᠮᠥᠩᠭᠦ》 ᠵᠢ ᠨᠢ ᠳᠤᠨᠤᠵᠤ ᠪᠠᠢ᠌ᠵᠡᠢ᠃ ᠢᠩᠭᠢᠭ᠍ᠰᠡᠭᠡᠷ ᠪᠠᠢ᠌ᠵᠤ ᠡᡁᠢᠲ᠋ᠯᠡᠷ ᠤᠨ ᠵᠤᠷᠢᠭ ᠢ ᠪᠦᠳᠦᠭᠦᠷᠡᠭᠦᠯᠵᠤ ᠫᠣᠯᠠᠠᠳ᠋ ᠶᠢ ᠳᠠᠯᠭᠢᠯᠠᠨ ᠹᠷᠠᠠᠽᠢ ᠶᠢ ᠵᠠᠯᠭᠢᠴᠢᠬᠠᠭᠰᠠᠨ ᠪᠠᠢ᠌ᠬᠤ ᠳᠤ ᠳᠤᠰᠠᠯᠠᠬᠤ ᠠᠮᠢᠳᠠᠨ ᠪᠠᠢ᠌ᠬᠤ ᠥᠭᠡᠢ᠃ ᠵᠥᠪᠯᠡᠯᠳᠤ ᠬᠤᠯᠪᠣᠭᠠᠳᠤ ᠣᠯᠤᠰ ᠦᠪᠠᠷ ᠢ ᠪᠠᠨ 《ᠨᠡᠢ᠌ᠭᠡᠮ ᠵᠢᠷᠤᠮ ᠤᠨ ᠭᠠᠯ ᠤᠨ ᠡᠡᠬ᠎ᠠ》 ᠡᠷᠭᠦᠮᠵᠢᠯᠡᠨ᠂ 《ᠡᠵᠡᠷᠭᠡᠭ᠌ ᠳᠦᠷᠢᠮᠡᠭᠡᠢ ᠶ‍ᠤᠰᠤ ᠶᠢ ᠡᠰᠡᠷᠭᠦᠴᠡᠨ᠎ᠡ》 ᠭᠡᠵᠤ ᠠᠮᠠ ᠳᠦᠭᠦᠷᠡᠩ ᠶ‍ᠠᠷᠢᠵᠤ ᠪᠠᠢ᠌ᠯ᠎ᠠ ᠴᠤ ᠭᠡᠰᠡᠨ ᠣᠷᠤᠨ ᠳᠡᠭᠡᠷ᠎ᠡ ᠪᠠᠨ ᠳᠠᠩᠭ᠋ᠠᠢ᠌ᠵᠤ ᠡᡁᠢᠲ᠋ᠯᠡᠷ ᠯᠤᠭ᠎ᠠ ᠵᠢᠨ 《ᠬᠤᠯᠪᠣᠭᠠᠳᠠᠨ ᠣᠯᠤᠰ》 ᠊ᠤᠨ ᠠᠮᠠᠷᠠᠭ ᠬᠠᠷᠢᠴᠠᠭ᠎ᠠ ᠪᠠᠨ ᠥᠷᠭᠦᠯᠵᠢᠯᠡᠭᠦᠯᠭᠦ ᠠᠮᠳᠠᠳᠤ ᠵᠡᠭᠦᠳᠤ ᠪᠠᠨ ᠮᠠᠨᠠᠵᠤ ᠪᠠᠢ᠌ᠵᠠᠢ᠃ ᠶ‍ᠠᠪᠣᠬᠤ ᠳᠤᠳᠤᠮ ᠵᠡᠷᠯᠢᠭ᠌ ᠰᠠᠨᠠᠭ᠎ᠠ ᠨᠢ ᠶ‍ᠡᠭᠡᠰᠴᠤ ᠦᠳᠤ ᠰᠤᠳᠤ ᠨᠢ ᠬᠠᠳᠠᠭᠤᠷᠠᠭᠰᠠᠨ ᠨᠠᠽᠢᠰᠴᠤᠳ ᠠᠩᠭ᠍ᠯᠢᠴᠦᠳ ᠢ ᠭᠤᠳᠣᠢ᠌ᠳᠠᠯ᠎ᠠ ᠴᠤᠭᠢᠵᠤ᠂ ᠪᠠᠶ᠎ᠠ ᠡᠷᠭᠢᠭᠦ ᠶᠢᠨ ᠵᠠᠭᠤᠷ᠎ᠠ ᠴᠠᠭᠢᠯᠭᠠᠨ ᠴᠠᠭᠢᠯᠬᠤ ᠳᠠᠢ᠌ᠨ ᠤ ᠠᠷᠭ᠎ᠠ ᠪᠠᠷ 《ᠠᠮᠠᠷᠠᠭ ᠠᠬ᠎ᠠ》 ᠵᠦᠪᠯᠠᠯᠳᠤ ᠶᠢᠨ ᠠᠮᠠᠨ ᠭᠦᠵᠦᠭᠦᠨ ᠳ᠋ᠤᠨᠢ ᠭᠢᠳᠤᠭ᠎ᠠ ᠰᠢᠭᠠᠭᠰᠠᠨ ᠤ ᠬᠣᠢ᠌ᠨ᠎ᠠ᠂ ᠰᠲ᠋ᠠᠯᠢᠨ ᠰᠠᠶ‍ᠢ ᠦᠠᠳᠠᠢ᠌ᠵᠤ ᠪᠣᠰᠤᠭᠠᠤᠨ ᠬᠠᠷᠢᠭᠤᠴᠠᠭᠰᠠᠨ ᠪᠠᠢ᠌ᠯ᠎ᠡ᠃ ᠡᠨᠡ ᠦᠶ᠎ᠠ ᠪᠣᠯ ᠡᡁᠢᠲ᠋ᠯᠡᠷ ᠤᠨ ᠬᠠᠮᠤᠭ ᠡᠮᠵᠡᠭ᠌ ᠴᠠᠭ ᠪᠠᠢ᠌ᠵᠤ᠂ ᠡᠡᠩᠭ᠍ᠯᠢ᠂ ᠡᠡᠮᠸᠷᠢᠺᠠ ᠴᠡᠷᠢᠭ᠌ ᠣᠷᠤᠭᠤᠯᠵᠤ ᠬᠣᠢ᠌ᠨ᠎ᠠ ᠡᠴᠡ ᠨᠢ ᠴᠤᠭᠢᠭᠰᠠᠨ ᠪᠣᠯ ᠡᡁᠢᠲ᠋ᠯᠡᠷ ᠯᠠᠪᠳᠠᠢ ᠳᠤᠯᠤᠭᠠᠢ ᠰᠡᠭᠦᠯ ᠶᠢᠡᠨ ᠬᠠᠮᠠᠭᠠᠯᠠᠵᠤ ᠴᠢᠳᠠᠬᠤ ᠦᠭᠡᠶ ᠳᠤᠤᠷ᠎ᠠ ᠪᠠᠨ ᠢᠯᠠᠭᠳᠠᠬᠤ ᠳᠤ ᠭᠦᠷᠦᠨ᠎ᠡ᠃ ᠭᠡᠳᠡᠯ᠎ᠡ ᠳᠠᠳᠠ ᠳᠡᠭᠡᠭ᠍ᠰᠡᠨ ᠦᠭᠡᠶ᠂ ᠬᠠᠵᠠᠭᠤ ᠡᠴᠡ ᠨᠢ ᠬᠠᠪᠢᠷᠤᠯᠳᠠᠬᠤ ᠵᠥᠴᠦᠭᠡ ᠰᠤᠨᠢᠷᠬᠠᠵᠤ᠂ ᠭᠡᠵᠢᠶ᠎ᠡ ᠬᠣᠢ᠌ᠨ᠎ᠠ ᠭᠧᠷᠮᠡᠨ ᠨᠠᠽᠢᠰ ᠳᠡᠢ᠌ᠯᠦᠭ᠍ᠳᠡᠭᠡᠤᠨ ᠪᠦᠭᠦ ᠹᠷᠤᠠᠲ᠋ ᠶᠢᠠᠷ ᠶᠢᠡᠨ ᠣᠬᠤᠷᠢᠭᠰᠠᠨ ᠤ ᠳᠠᠷᠠᠭ᠎ᠠ᠂ ᠲ᠋ᠠᠢ᠌ᠨ ᠤ ᠣᠯᠵᠠ ᠬᠤᠪᠢᠶ‍ᠠᠯᠴᠠᠬᠤ ᠪᠠᠷ ᠦᠯᠤᠨ ᠴᠢᠨ᠋ᠸ᠎ᠠ ᠰᠢᠭ ᠪᠣᠰᠤᠯᠴᠠᠭᠰᠠᠨ ᠪᠠᠢ᠌ᠵᠠᠢ᠃ ᠠᠽᠢᠶ᠎ᠠ ᠳᠢᠪ ᠲᠤ ᠶ‍ᠠᠫᠣᠠᠴᠤᠳ ᠰᠠᠮᠠᠭᠤᠷᠠᠵᠤ ᠳᠤᠮᠳᠠᠳᠤ ᠣᠯᠤᠰ ᠤᠨ ᠶ‍ᠡᠭᠡ ᠬᠠᠭᠠᠰ ᠢ ᠡᠵᠡᠯᠡᠭᠡᠤᠨ ᠵᠤᠭᠰᠤᠭᠰᠠᠨ ᠦᠭᠡᠶ᠂ ᠵᠡᠭᠦᠨ ᠡᠮᠦᠨᠡᠳᠤ ᠠᠽᠢᠶ᠎ᠠ ᠪᠠᠷ ᠭᠠᠮᠰᠢᠭ ᠳᠠᠷᠢᠵᠤ ᠪᠠᠢ᠌ᠬᠤ ᠳᠤ᠂ ᠲ᠋ᠡᠳᠡᠭᠡᠷ ᠭᠦᠴᠦᠷᠭᠡᠭ᠌ ᠣᠯᠤᠰ ᠤᠳ ᠢ ᠭᠡᠯᠡᠭᠦ ᠥᠭᠡᠢ᠂ ᠨᠡᠢ᠌ᠭᠡᠮ ᠵᠢᠷᠤᠮ ᠤᠨ 《ᠶ‍ᠡᠭᠡᠰ》 ᠭᠡᠮᠡᠭ᠍ᠰᠡᠳ ᠬᠠᠵᠠᠭᠤᠳᠠ ᠨᠢ ᠨᠢᠷᠤᠭᠤ ᠡᠭᠦᠷᠤᠨ ᠵᠤᠭᠰᠤᠵᠤ᠂ ᠶ‍ᠠᠭᠤᠨᠠᠢ 《ᠳᠦᠪ ᠶ‍ᠤᠰᠤᠨ ᠤ ᠳᠡᠢ᠌ᠨ》 ᠭᠡᠭ᠍ᠴᠢ ᠶᠢ ᠬᠠᠮᠢᠶ‍ᠠᠷᠬᠤ ᠦᠭᠡᠶ᠂ ᠵᠥᠪᠭᠡᠨ ᠶ‍ᠠᠭᠠᠭᠢᠪᠠᠯ ᠰᠠᠶ‍ᠢ 《ᠳᠠᠷᠭᠤᠨ ᠮᠢᠬ᠎ᠠ》 ᠬᠤᠪᠢᠶ‍ᠠᠵᠤ ᠢᠳᠡᠭᠦ ᠣᠬᠠᠭᠠᠨ ᠶᠢᠡᠨ ᠪᠢᠰᠢᠯᠭᠠᠵᠤ ᠡᠮᠳᠡᠷᠭᠡᠢ ᠭᠢᠳᠤᠭ᠎ᠠ ᠪᠠᠨ ᠪᠢᠯᠡᠭᠦᠳᠡᠵᠤ ᠰᠡᠭᠤᠵᠠᠢ᠃ ᠲ᠋ᠡᠭᠡᠭᠦ ᠳᠡᠭᠡᠨ ᠳᠦᠷᠢᠮᠡᠭᠡᠢ᠌ᠯᠡᠭ᠍ᠳᠡᠭ᠍ᠴᠢ ᠣᠷᠤᠨ ᠤ ᠠᠷᠠᠤᠨ ᠳᠦᠮᠠᠨ ᠤ ᠡᠮᠭᠡᠨᠢᠯ ᠭᠠᠰᠢᠭᠤᠳᠠᠯ ᠤᠨ ᠳᠠᠭᠤᠨ ᠳ᠋ᠤ 《ᠸᠠᠯᠢᠰ ᠪᠦᠵᠢᠭ᠌》 ᠥᠰᠦᠷᠴᠤ᠂ ᠬᠤᠶ‍ᠠᠷ ᠳᠤᠰᠤᠯ 《ᠮᠠᠳᠠᠷ ᠤᠨ ᠨᠢᠯᠪᠣᠰᠤ》 ᠣᠨᠠᠭᠠᠨ ᠪᠦᠭᠦ ᠭᠦᠴᠤ ᠪᠠᠷ ᠳᠤᠰᠠᠯᠠᠬᠤ ᠳᠦᠷᠢ ᠥᠵᠡᠭᠦᠯᠤᠨ ᠳᠠᠢ᠌ᠨ ᠤ ᠪᠠᠢ᠌ᠳᠠᠯ ᠬᠠᠮᠢᠭᠠᠰᠢ ᠬᠠᠠᠳᠤᠬᠤ ᠶᠢ ᠭᠦᠯᠢᠶ‍ᠡᠵᠤ ᠭᠠᠷᠴᠠᠢ᠃ ᠲ᠋ᠤᠮᠳᠠᠳᠤ ᠣᠯᠤᠰ ᠤᠨ ᠠᠷᠠᠤᠨ ᠳᠦᠮᠠᠨ ᠶ‍ᠠᠰᠤ ᠮᠢᠬ᠎ᠠ ᠪᠠᠷ ᠶᠢᠡᠨ ᠵᠠᠮ ᠳᠠᠪᠢᠰᠴᠤ ᠴᠢᠰᠤᠨ ᠦᠶ‍ᠠᠷ ᠪᠣᠰᠬᠠᠨ ᠨᠢ᠋ᠮᠠᠨ ᠵᠢᠯ ᠰᠢᠷᠭᠠᠭᠤ ᠪᠠᠢ᠌ᠯᠳᠤᠭᠠᠤᠨ ᠶ‍ᠠᠫᠣᠠᠴᠤᠳ ᠢ ᠮᠤᠬᠤᠭᠠᠭᠰᠠᠨ ᠤ ᠬᠣᠢ᠌ᠨ᠎ᠠ ᠳᠠᠳᠠᠨᠤᠰ ᠰᠠᠶ‍ᠢ ᠵᠢᠩᠭᠢᠨᠢ ᠪᠠᠷ ᠭᠠᠷ ᠭᠦᠳᠡᠯᠦᠭ᠍ᠰᠡᠨ ᠪᠠᠢ᠌ᠨ᠎ᠡ᠃ ᠭᠡᠯᠡᠯᠭᠡᠨ ᠦᠭᠡᠶ ᠰᠤᠪᠣᠤᠨ ᠭᠠᠷᠠᠮ ᠢ ᠭᠡᠨᠡᠳᠡᠭᠦᠯᠦᠭ᠍ᠰᠡᠨ ᠦᠭᠡᠶ ᠪᠣᠯ ᠠᠮᠸᠷᠢᠺᠠ ᠭᠡᠵᠢᠶ᠎ᠡ ᠴᠡᠷᠢᠭ᠌ ᠭᠦᠳᠡᠯᠭᠡᠭᠦ ᠶᠢ ᠭᠡᠯᠡᠵᠤ ᠮᠡᠳᠡᠭᠦ ᠦᠭᠡᠶ ᠪᠦᠭᠡᠤᠨ᠂ ᠶ‍ᠡᠫᠦᠡᠴᠦᠳ ᠪᠠᠭᠤᠵᠤ ᠦᠭ‍ᠬᠦ ᠡᠴᠡ ᠨᠢᠭᠡᠯᠡ ᠭᠠᠷᠠᠭ ᠤᠨ ᠡᠮᠦᠨ᠎ᠡ 《ᠬᠠᠮᠡᠷᠳᠤ ᠠᠬ᠎ᠠ》 ᠰᠠᠶ‍ᠢ ᠪᠠᠯᠠᠨ ᠱᠦᠯᠤᠨ ᠳᠡᠭᠡᠷ᠎ᠡ ᠭᠦᠡᠳᠦᠳᠡᠢ ᠮᠤᠷᠢᠯᠠᠨ ᠰᠠᠭᠠᠳᠤᠭᠰᠠᠨ ᠪᠠᠢ᠌ᠨ᠎ᠠ᠃ ᠶ‍ᠠᠷᠢᠶ‍ᠠᠨ ᠦᠭᠡᠶ᠂ ᠭᠡᠷᠪᠡ ᠳᠤᠮᠳᠠᠳᠤ ᠣᠯᠤᠰ ᠳᠡᠢ᠌ᠯᠦᠭ᠍ᠳᠡᠭ᠍ᠰᠡᠨ ᠪᠣᠯᠬᠤᠯ᠎ᠠ᠂ ᠲ᠋ᠠᠳᠠᠨᠤᠰ ᠮᠦᠨ ᠯᠠ ᠴᠡᠷᠢᠭ᠌ ᠣᠷᠤᠭᠤᠯᠵᠤ ᠭᠠᠵᠠᠷ ᠢ ᠨᠢ ᠪᠣᠯᠢᠶ‍ᠠᠨ ᠨᠤᠳᠤᠭ ᠢ ᠨᠢ ᠡᠵᠡᠯᠡᠭᠡᠤᠨ ᠨᠤᠭᠤᠰᠤ ᠶᠢ ᠨᠢ ᠰᠤᠷᠤᠬᠤ ᠪᠣᠯᠤᠨ᠎ᠠ᠃

ᠭᠦᠴᠦᠷᠭᠡᠭ᠌ ᠨᠢ ᠪᠠᠭᠤᠷᠠᠢ ᠪᠠᠨ ᠳᠠᠷᠤᠯᠠᠬᠤ᠂ 《ᠳᠡᠢ᠌ᠯᠦᠭᠰᠡᠨ ᠨᠢ ᠸᠡᠩ᠂ ᠲ᠋ᠡᠢ᠌ᠯᠦᠭ᠍ᠳᠡᠭ᠍ᠰᠡᠨ ᠨᠢ ᠲ᠋ᠡᠭᠡᠷᠡᠮ》 ᠪᠤᠯ ᠶ‍ᠢᠷᠳᠢᠠᠴᠤ ᠶᠢᠨ ᠳᠦᠭᠡᠮᠡᠯ ᠶ‍ᠤᠰᠤ᠃ ᠣᠳᠤ ᠳᠡᠯᠡᠭᠡᠢ ᠵᠢᠨ 《ᠴᠠᠭᠳᠠᠭ᠎ᠠ》 ᠭᠡᠮᠡᠭ᠍ᠳᠡᠭ᠍ᠰᠡᠨ ᠠᠮᠸᠷᠢᠺᠠ ᠣᠯᠤᠰ ᠰᠦᠷ ᠭᠦᠴᠤᠨ ᠳᠡᠭᠡᠨ ᠡᠷᠳᠤᠨ ᠳᠡᠭᠡᠷ᠎ᠡ ᠨᠢ ᠵᠡᠯᠡᠷᠡᠵᠤ 《ᠳᠡᠭᠡᠵᠢ》 ᠵᠢ ᠨᠢ ᠢᠳᠡᠭᠦ ᠪᠠᠷ ᠪᠠᠷᠠᠬᠤ ᠦᠭᠡᠶ᠂ ᠲ᠋ᠡᠯᠡᠭᠡᠢ ᠶᠢᠨ ᠪᠦᠮᠪᠦᠷᠴᠡᠭ᠌ ᠢ ᠦᠪᠠᠷ ᠤᠨ ᠰᠠᠨᠠᠭ᠎ᠠ ᠪᠠᠷ ᠶᠢᠡᠨ ᠡᠷᠭᠢᠭᠦᠯᠭᠦ ᠪᠠᠷ ᠮᠡᠦᠡᠭᠡᠵᠤ ᠪᠠᠢ᠌ᠨ᠎ᠡ᠃ ᠭᠡᠨ ᠭᠡᠷᠪᠡ ᠳᠠᠳᠠᠨ ᠤ ᠰᠠᠨᠠᠭ᠎ᠠ ᠪᠠᠷ ᠶ‍ᠠᠪᠣᠬᠤ ᠦᠭᠡᠶ ᠪᠣᠯ ᠭᠦᠵᠦᠭᠦᠨ ᠳ᠋ᠤᠨᠢ ᠊ᠭ᠍᠊ᠷᠡᠨᠡᠲ᠋ ᠳᠡᠭᠦᠵᠢᠯᠡᠨ ᠰᠥᠷᠳᠡᠭᠦᠯᠦᠯ ᠤᠨ ᠡᠳᠡᠭᠡᠤᠨ ᠶᠢᠡᠷ ᠳᠤᠭᠳᠠᠭᠠᠬᠤ ᠪᠤᠯᠤᠨ᠎ᠠ᠃ ᠡᠭᠦᠨ ᠳ᠋ᠤ 《ᠭᠡᠨ ᠭᠦᠴᠦᠷᠭᠡᠭ᠌ ᠪᠣᠯ ᠭᠡᠨ ᠡᠷᠭᠡ ᠲᠡᠶ》 ᠭᠡᠵᠤ ᠪᠧᠢ᠌ᠺᠧᠨ ᠶ‍ᠠᠭ ᠣᠨᠤᠭᠠᠵᠤ ᠭᠡᠯᠡᠵᠡᠢ᠃

ᠨᠢᠭᠡ ᠣᠯᠤᠰ ᠦᠠᠳᠤᠰᠤᠳᠠᠨ ᠭᠡᠷᠪᠡ ᠡᠷᠭᠡ ᠮᠠᠳᠠᠯ ᠤᠨ ᠪᠦᠷᠢᠨ ᠪᠦᠳᠤᠨ ᠡᠷᠭᠡ ᠴᠢᠯᠦᠭᠡ ᠲᠡᠶ ᠪᠦᠮᠪᠦᠷᠴᠡᠭ᠌ ᠤᠨ ᠭᠦᠷᠦᠰᠤᠨ ᠳᠤ ᠣᠷᠤᠩᠨᠠᠶ᠎ᠠ ᠭᠡᠪᠠᠯ ᠡᠷᠭᠡᠪᠰᠢ ᠦᠪᠠᠷ ᠤᠨ ᠪᠣᠳᠠᠳᠤ ᠭᠦᠴᠤ ᠪᠠᠨ ᠪᠣᠵᠠᠭᠠᠢ᠌ᠷᠠᠭᠤᠯᠤᠨ ᠬᠠᠯᠳᠠᠨ ᠳᠦᠢᠪᠠᠭᠡᠭ᠍ᠴᠢ ᠲᠡᠶ ᠠᠰ ᠳᠤᠯᠤᠨ ᠠᠪᠤᠨ ᠬᠠᠷᠢᠭᠤᠴᠠᠬᠤ ᠭᠦᠴᠤᠨ ᠴᠢᠳᠠᠯ ᠢ ᠪᠦᠷᠢᠯᠳᠦᠭᠦᠯᠭᠦ ᠭᠡᠷᠡᠭ᠍ᠳᠡᠢ᠃ ᠢᠩᠭᠢᠭᠦ ᠦᠭᠡᠶ ᠪᠠᠷ ᠠᠯᠢ ᠨᠢᠭᠡᠨ ᠬᠠᠯᠠᠭᠤᠨ ᠡᠯᠢᠭᠡᠳᠡᠨ ᠨᠢ ᠴᠢᠮᠢ᠋ᠢ ᠦᠷᠤᠪᠳᠤᠵᠤ ᠳᠤᠯᠠᠭᠠᠨ ᠡᠩᠭᠡᠷ ᠲᠡᠭᠡᠨ ᠪᠦᠭᠡᠴᠡᠢ᠌ᠯᠡᠨ᠎ᠡ ᠭᠡᠵᠤ ᠵᠡᠭᠦᠳᠦᠯᠡᠭ᠍ᠰᠡᠨ ᠤ ᠭᠡᠷᠡᠭ᠌ ᠦᠭᠡᠶ᠃ ᠣᠯᠤᠰ ᠭᠦᠷᠤᠨ ᠪᠣᠯ ᠠᠷᠠᠤᠨ ᠣᠯᠠᠨ ᠤ ᠨᠢᠭᠡᠳᠦᠮᠡᠯ ᠴᠤᠭᠴᠠ ᠪᠣᠯᠬᠤᠷ᠂ ᠨᠠᠢ᠌ᠳᠠ ᠳᠦᠮᠠᠨ ᠤ ᠣᠬᠠᠮᠰᠠᠷ ᠪᠣᠯᠤᠨ ᠬᠠᠮᠳᠤ ᠶᠢᠨ ᠭᠦᠴᠦᠷᠭᠡᠭ᠍ᠵᠢᠯ ᠳ᠋ᠤ ᠳᠦᠰᠢᠭᠯᠡᠨ᠎ᠡ᠃ ᠮᠡᠨ ᠤ ᠬᠤᠪᠢ ᠭᠦᠮᠤᠨ ᠳᠤ ᠠᠪᠴᠤ ᠭᠡᠯᠡᠭ᠍ᠰᠡᠨ ᠴᠤ ᠮᠦᠨ ᠨᠢᠭᠡᠯᠡ ᠶ‍ᠤᠰᠤ᠃ ᠴᠢ ᠥᠪᠠᠷᠳᠡᠭᠡᠨ ᠠᠮᠢᠳᠤᠷᠠᠨ ᠳᠤᠭᠳᠠᠨᠢᠬᠤ ᠭᠦᠴᠤᠨ ᠴᠢᠳᠠᠯ ᠶᠢᠡᠨ ᠪᠦᠷᠢᠯᠳᠦᠭᠦᠯᠵᠤ ᠳᠡᠢ᠌ᠯᠭᠦ ᠦᠭᠡᠶ ᠪᠣᠯ᠂ ᠠᠬ᠎ᠠ ᠳᠡᠭᠦᠤ ᠰᠠᠳᠤᠨ ᠴᠢᠨᠢ ᠶ‍ᠠᠭᠠᠭᠢᠵᠤ ᠰᠠᠨᠠᠯ᠎ᠠ ᠴᠤ ᠭᠡᠤᠨ ᠨᠠᠰᠤᠨ ᠳᠤᠷᠰᠢ ᠴᠢᠮᠢ᠋ᠢ ᠳᠡᠵᠢᠭᠡᠭᠦ ᠶᠢᠨ ᠪᠣᠯᠤᠯᠴᠠᠭ᠎ᠠ ᠪᠠᠢ᠌ᠬᠤ ᠦᠭᠡᠶ᠃ ᠥᠩᠭᠡᠳᠤ ᠶ‍ᠢᠷᠳᠢᠠᠴᠤ ᠶ‍ᠠᠷᠤ ᠨᠢ ᠭᠦᠷᠦᠩᠭᠡ ᠮᠥᠩᠭᠦ ᠶᠢ ᠳᠠᠨᠢᠬᠤ ᠡᠴᠡ ᠪᠢᠰᠢ ᠭᠦᠮᠤᠨ ᠮᠦᠰᠤ ᠶᠢ ᠶ‍ᠠᠭ ᠳᠠᠨᠢᠳᠠᠭ ᠦᠭᠡᠶ ᠪᠣᠯᠬᠤᠷ ᠭᠦᠷᠦᠩᠭᠡ ᠡᠯᠪᠠᠭ᠍ᠳᠡᠢ ᠭᠦᠮᠤᠨ᠂ ᠭᠦᠮᠤᠨ ᠤ ᠰᠥᠷᠦᠭ᠌ ᠲᠤ ᠭᠦᠡᠳᠦᠳᠡᠢ ᠵᠠᠯᠠᠷᠠᠵᠤ ᠶ‍ᠠᠪᠣᠨ᠎ᠠ᠃ ᠬᠠᠷ᠎ᠠ ᠳᠤᠯᠤᠭᠠᠢ᠌ᠳᠠᠨ ᠤ ᠡᠨᠡᠭᠦ ᠪᠣᠵᠠᠷ ᠠᠷᠬᠠᠭ ᠨᠡᠢ᠌ᠭᠡᠮ ᠤᠨ ᠳᠠᠪᠰᠢᠯᠳᠠ ᠶᠢ ᠳᠠᠭᠠᠯᠳᠤᠨ ᠪᠠᠬᠠᠨ ᠵᠠᠰᠠᠷᠠᠵᠤ ᠪᠣᠢ ᠪᠤᠯᠪᠠᠴᠤ᠂ ᠡᠪ ᠬᠠᠮᠳᠤ ᠨᠡᠢ᠌ᠭᠡᠮ ᠳᠤ ᠣᠷᠤᠬᠤ ᠡᠴᠡ ᠡᠮᠦᠨ᠎ᠡ ᠣᠰᠠᠳᠤᠨ᠎ᠠ ᠭᠡᠮᠡᠨ ᠪᠠᠢ᠌ᠬᠤ ᠦᠭᠡᠶ᠃ ᠲ᠋ᠡᠭᠡᠭᠦ ᠳᠤ᠂ ᠭᠦᠮᠤᠨ ᠰᠢᠠᠵᠢᠳᠠᠢ ᠠᠮᠢᠳᠤᠷᠠᠶ᠎ᠠ ᠯᠠ ᠭᠡᠪᠠᠯ ᠡᠷᠭᠡᠪᠰᠢ ᠰᠢᠳᠤ ᠵᠠᠭᠤᠨ ᠭᠡᠳᠡᠰᠭᠢᠨ ᠪᠣᠰᠴᠤ᠂ ᠨᠤᠮ ᠪᠢᠴᠢᠭ᠌ ᠶᠢᠡᠨ ᠰᠠᠢ᠌ᠨ ᠰᠤᠷᠤᠭᠠᠤᠨ ᠠᠮᠢᠳᠤᠷᠠᠨ ᠳᠤᠭᠳᠠᠨᠢᠬᠤ ᠣᠷ᠎ᠠ ᠮᠡᠷᠭᠡᠵᠢᠯ ᠢ ᠡᠵᠡᠮᠰᠢᠵᠤ ᠠᠪᠬᠤ ᠭᠡᠷᠡᠭ᠍ᠳᠡᠢ᠃ ᠭᠦᠷᠦᠩᠭᠡ ᠦᠭᠡᠶ ᠳᠤ ᠬᠠᠮᠢᠶ᠎ᠠ ᠦᠭᠡᠶ᠂ ᠭᠦᠷᠦᠩᠭᠡᠵᠢᠵᠤ ᠳᠡᠢ᠌ᠯᠭᠦ ᠣᠬᠠᠭᠠᠨ ᠴᠢᠳᠠᠪᠣᠷᠢ ᠶᠢ ᠰᠤᠷᠴᠢᠳᠠᠭ ᠯᠠ ᠶ‍ᠤᠮ ᠪᠣᠯ ᠡᠨᠡ ᠳᠡᠯᠡᠭᠡᠢ ᠶᠢᠨ ᠬᠠᠮᠢᠭ᠎ᠠ ᠨᠢ ᠭᠦᠷᠦᠭ᠍ᠰᠡᠨ ᠴᠤ ᠠᠶ‍ᠤᠬᠤ ᠶ‍ᠠᠭᠤᠮ᠎ᠠ ᠦᠭᠡᠶ᠃ ᠦᠪᠠᠷ ᠤᠨ ᠪᠠᠶ᠎ᠠ ᠴᠢᠨᠢ ᠭᠦᠴᠦᠷᠭᠡᠭ᠍ᠵᠢᠪᠠᠯ ᠰᠠᠶ‍ᠢ ᠡᠭᠡ ᠣᠯᠤᠰ ᠲᠠᠭᠠᠨ ᠨᠠᠮᠠᠷᠢ ᠬᠠᠠᠳᠢᠪ ᠶᠢᠡᠨ ᠡᠷᠭᠦᠵᠤ ᠳᠠᠢ᠌ᠯᠤᠨ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 9808
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ