ᠨᠡᠪᠲᠡᠷᠡᠨ ᠤᠷᠤᠬᠤ
ᠲᠦᠷᠪᠡᠳᠦᠭᠡᠷ ᠪᠦᠯᠦᠭ ᠂ ᠠᠷᠢᠭᠤᠨ ᠮᠦᠰᠦᠨ ᠤ ᠭᠢᠯᠪᠠᠭ᠎ᠠ
ᠲᠤᠯᠤᠳᠤᠭᠠᠷ ᠬᠡᠰᠡᠭ ᠂ ᠵᠤᠬᠢᠰᠲᠠᠢ ᠲᠤᠰᠠᠯᠠᠮᠵᠢ

ᠭᠦᠮᠤᠨ ᠪᠣᠯᠬᠤ ᠳᠤ ᠣᠷᠢᠳᠠᠪᠠᠷ ᠭᠦᠮᠤᠨ ᠢ ᠭᠦᠡᠳᠦᠦᠡᠭᠡᠭᠦ ᠶᠤᠰᠤ ᠭᠤᠷᠢᠮ ᠢ ᠰᠤᠷᠴᠤ ᠠᠪᠬᠤ ᠭᠡᠷᠡᠭ᠍ᠳᠡᠢ᠃


᠊᠊᠊᠊᠊᠊᠊᠊᠊᠊᠊᠊᠊᠊᠊᠊᠊᠊᠊᠊᠊᠊᠊᠊᠊ ᠳ᠋ᠸᠩ ᠵᠢᠶᠠ ᠿᠦᠩ


ᠵᠦᠰᠠ ᠪᠣᠷᠤᠭᠠᠨ ᠨᠤᠵᠤᠭᠤᠷᠠᠭᠰᠠᠨ ᠵᠤᠨ ᠤ ᠨᠢᠭᠡ ᠥᠷᠯᠦᠭᠡ᠂ ᠤᠷᠭᠢᠯ᠂ ᠥᠯᠵᠡᠢ ᠫᠷᠤᠹᠧᠰᠰᠤᠷ ᠲᠡᠶ ᠬᠠᠮᠳᠤ ᠰᠤᠷᠭᠠᠭᠤᠯᠢ ᠥᠭᠡᠳᠡ ᠪᠠᠨ ᠶᠠᠪᠣᠵᠤ ᠪᠠᠢ᠌ᠯ᠎ᠠ᠃ ᠲ᠋ᠠᠳᠠᠨ ᠡᠴᠡ ᠵᠠᠭᠤᠭᠠᠤᠨ ᠮᠸᠲ᠋ᠷ ᠵᠠᠢ᠌ᠳᠠᠢ ᠣᠯᠠᠭᠠᠨ ᠰᠢᠭᠦᠷ ᠪᠠᠷᠢᠵᠤ ᠦᠨᠳᠦᠷ ᠥᠰᠦᠭᠡᠢ ᠲᠡᠶ ᠰᠡᠷᠢᠭᠦᠨ ᠱᠠᠬᠠᠢ ᠢᠰᠭᠦᠯᠦᠭ᠍ᠰᠡᠨ ᠵᠠᠯᠠᠭᠤ ᠪᠠᠭᠰᠢ ᠬᠤᠸᠠᠷ᠎ᠠ ᠭᠡᠦᠭᠡᠨ ᠶᠠᠪᠣᠵᠤ ᠪᠠᠢ᠌ᠨ᠎ᠠ᠃ ᠦᠯᠵᠡᠢ ᠫᠷᠤᠹᠧᠰᠰᠤᠷ ᠣᠷᠭᠢᠯ ᠤᠨ ᠰᠤᠷᠤᠯᠭ᠎ᠠ ᠶᠢᠨ ᠪᠠᠢ᠌ᠳᠠᠯ ᠢ ᠯᠠᠪᠯᠠᠨ᠂ ᠶᠠᠮᠠᠷ ᠨᠢᠭᠡ ᠠᠰᠠᠭᠤᠳᠠᠯ ᠤᠨ ᠳᠤᠬᠠᠢ ᠦᠵᠡᠯᠳᠠ ᠪᠠᠨ ᠳᠡᠯᠭᠡᠵᠤ ᠪᠠᠢ᠌ᠳᠠᠯ᠎ᠠ ᠭᠡᠨᠡᠳᠲᠡ ᠴᠢᠷᠠᠯᠠᠨ ᠳᠤᠤᠭᠠᠷᠬᠤ ᠰᠤᠨᠤᠰᠳᠠᠵᠤ᠂ ᠬᠤᠸᠠᠷ᠎ᠠ ᠭᠡᠦᠭᠡᠨ ᠱᠠᠯᠪᠠᠭ ᠲᠤ ᠬᠠᠯᠳᠤᠷᠢᠨ ᠣᠨᠠᠬᠤ ᠨᠢ ᠬᠠᠷᠠᠭᠳᠠᠵᠡᠢ᠃ ᠡᠭᠦᠨ ᠳᠤ ᠣᠷᠭᠢᠯ ᠳᠠᠳᠠᠨ ᠪᠣᠰᠬᠠᠬᠤ ᠰᠠᠨᠠᠭᠠᠳᠠᠢ ᠣᠬᠤᠰᠭᠢᠨ ᠭᠦᠶ‍ᠦᠵᠤ ᠵᠠᠪᠳᠤᠳᠠᠯ᠎ᠠ᠂ ᠦᠯᠵᠡᠢ ᠫᠷᠤᠹᠧᠰᠰᠤᠷ ᠳᠡᠭᠦᠨ ᠢ ᠳᠠᠳᠠᠨ ᠵᠤᠭᠰᠤᠭᠠᠵᠤ ᠥᠭᠡᠷ᠎ᠡ ᠭᠤᠳᠤᠮᠵᠢ ᠣᠷᠤᠭᠤ ᠡᠷᠭᠢᠭᠡᠤᠨ :

《ᠵᠠᠯᠠᠭᠤ ᠭᠦᠮᠤᠨ ᠮᠠᠳᠠᠵᠤ ᠠᠪ︕ ᠰᠠᠢ᠌ᠨ ᠭᠡᠷᠡᠭ᠌ ᠢ ᠭᠢᠭᠦ ᠳᠤ ᠳᠤᠬᠠᠢ ᠶᠢᠨ ᠪᠠᠢ᠌ᠳᠠᠯ ᠶᠢᠡᠨ ᠥᠡᠳᠦᠰᠦᠯᠡᠭᠦ ᠭᠡᠷᠡᠭ᠍ᠳᠡᠢ᠃ ᠡᠮᠦᠨ᠎ᠡ ᠴᠢᠨᠢ ᠭᠡᠷᠪᠡ ᠰᠤᠬᠤᠷ ᠳᠤᠭᠤᠯᠠᠩ ᠭᠦᠮᠤᠨ ᠣᠢ᠌ᠴᠢᠭᠰᠠᠨ ᠪᠠᠢ᠌ᠪᠠᠯ ᠴᠢ ᠣᠴᠢᠭᠠᠤᠨ ᠳᠠᠳᠠᠨ ᠪᠣᠰᠬᠠᠬᠤ ᠨᠢ ᠵᠥᠢᠳᠡᠢ᠂ ᠭᠡᠳᠡᠯ᠎ᠡ ᠬᠤᠸᠠᠷ᠎ᠠ ᠰᠢᠭ ᠭᠠᠩᠭ᠋ᠠᠩ ᠭᠦᠮᠤᠨ ᠪᠣᠯ ᠭᠡᠵᠢᠶᠡᠳᠡ ᠪᠣᠰᠤᠳ ᠲᠤ ᠰᠢᠪᠰᠢᠭ᠌ ᠶᠢᠡᠨ ᠥᠵᠡᠭᠦᠯᠭᠦ ᠳᠤᠷ᠎ᠠ ᠦᠭᠡᠶ ᠶᠤᠮ᠃ ᠢᠩᠭᠢᠵᠤ ᠭᠦᠩᠭᠡᠨ ᠣᠢ᠌ᠴᠢᠬᠤ ᠶᠠᠪᠣᠳᠠᠯ ᠭᠦᠮᠤᠨ ᠪᠦᠭᠦᠨ ᠳᠤ ᠭᠠᠷᠳᠠᠭ ᠳᠤᠯᠠ ᠴᠢ ᠣᠴᠢᠭᠠᠤᠨ ᠡᠷᠭᠦᠭᠦ ᠶᠤᠮ ᠪᠣᠯ ᠶᠠᠭ ᠵᠤᠷᠢᠭᠤᠳᠠ ᠰᠢᠪᠰᠢᠭ᠌ ᠢ ᠨᠢ ᠦᠵᠡᠵᠤ ᠪᠠᠢ᠌ᠭ᠎ᠠ ᠶᠤᠮᠰᠢᠭ ᠭᠡᠳᠡᠷᠭᠦ ᠪᠠᠨ ᠪᠠᠶ᠎ᠠ ᠪᠠᠨ ᠭᠦᠡᠳᠦᠦᠡᠭᠡᠭᠦ ᠰᠠᠤᠠᠭᠢᠯ ᠢ ᠨᠢ ᠭᠦᠡᠳᠡᠵᠤ ᠳᠤᠷ᠎ᠠ ᠥᠭᠡᠢ᠌ᠴᠡᠯ ᠢ ᠨᠢ ᠭᠦᠷᠭᠡᠭᠦ ᠪᠣᠯᠤᠨ᠎ᠠ᠃ ᠢᠩᠭᠢᠵᠤ ᠰᠠᠢ᠌ᠨ ᠶᠠᠪᠣᠳᠠᠯ ᠭᠢᠨ᠎ᠠ ᠭᠡᠵᠤ ᠪᠠᠢ᠌ᠭᠠᠤᠨ ᠮᠠᠭᠤ ᠳ᠋ᠦ᠋ᠩ ᠣᠯᠳᠠᠭ ᠶᠠᠪᠣᠳᠠᠯ ᠢ ᠪᠣᠤ ᠭᠢ︕》 ᠭᠡᠵᠤ ᠰᠤᠷᠭᠠᠵᠡᠢ᠃ ᠡᠨᠡ ᠵᠠᠭᠤᠷ᠎ᠠ ᠬᠤᠸᠠᠷ᠎ᠠ ᠭᠡᠦᠭᠡᠨ ᠭᠡᠳᠥᠢᠨᠡᠢ ᠱᠠᠯᠠᠪᠭᠢᠨ ᠪᠣᠰᠤᠭᠠᠤᠨ ᠳᠦᠷᠪᠡᠨ ᠵᠥᠭ᠌ ᠠᠵᠢᠭᠯᠠᠵᠤ᠂ ᠲ᠋ᠠᠨᠢᠮᠠᠷ ᠭᠦᠮᠤᠨ ᠬᠠᠷᠠᠭᠳᠠᠭᠰᠠᠨ ᠦᠭᠡᠶ ᠪᠣᠯᠬᠤᠷ ᠠᠯᠠᠰᠭᠢᠨ ᠪᠠᠶᠠᠷᠯᠠᠵᠤ᠂ ᠰᠢᠪᠠᠷ ᠪᠠᠯᠴᠢᠭ ᠶᠢᠡᠨ ᠵᠥᠯᠭᠦᠭᠡᠤᠨ ᠴᠢᠨᠠᠭᠰᠢ ᠪᠠᠨ ᠶᠠᠪᠣᠵᠠᠢ᠃

ᠶ‍ᠢᠷᠳᠢᠠᠴᠤ ᠶᠢᠨ ᠭᠡᠷᠡᠭ᠌ ᠶᠡᠷᠦᠳᠡᠭᠡᠨ ᠡᠢ᠌ᠮᠤ᠂ ᠡᠡᠴᠢ ᠳᠤᠰᠠ ᠭᠡᠳᠡᠭ᠌ ᠭᠦᠮᠤᠨ ᠪᠦᠭᠦᠨ ᠳᠤ ᠭᠡᠷᠡᠭ᠍ᠴᠠᠭᠡᠳᠠᠢ ᠶᠠᠭᠤᠮ᠎ᠠ ᠴᠢᠨᠢ ᠵᠠᠷᠢᠮ ᠣᠠᠴᠠᠭᠠᠢ ᠲᠤᠬᠢᠶᠠᠯᠳᠤᠯ ᠳᠤ ᠳᠤᠰᠠ ᠨᠢ ᠬᠤᠤᠷ ᠪᠣᠯᠳᠠᠭ ᠴᠤ ᠪᠣᠢ᠃ ᠲ᠋ᠠᠭᠠᠷᠠᠭᠰᠠᠨ ᠭᠦᠮᠤᠨ ᠳᠤ ᠳᠠᠬᠤ ᠭᠦᠷᠭᠡᠭᠦ ᠨᠢ ᠵᠣᠢ᠌ᠳᠠᠢ ᠪᠣᠯᠪᠠᠴᠤ᠂ ᠭᠠᠷ ᠬᠤᠷᠤᠭᠤ ᠪᠠᠨ ᠭᠦᠯᠳᠡᠭᠡᠭ᠍ᠰᠡᠨ ᠭᠦᠮᠤᠨ ᠢ ᠴᠠᠰᠤ ᠮᠦᠰᠤ ᠪᠠᠷ ᠵᠥᠯᠭᠦᠪᠠᠯ ᠳᠤᠭᠢᠷᠠᠬᠤ ᠪᠠᠢ᠌ᠳᠠᠯ᠎ᠠ᠂ ᠴᠢ ᠬᠠᠯᠠᠭᠤᠨ ᠣᠰᠤ ᠭᠦᠷᠭᠡᠪᠠᠯ ᠭᠡᠳᠡᠷᠭᠦ ᠪᠣᠷᠤᠭᠤᠳᠠᠬᠤ ᠪᠣᠯᠤᠨ᠎ᠠ᠃ ᠠᠴᠢ ᠳᠤᠰᠠ ᠭᠡᠭ᠍ᠴᠢ ᠴᠢᠬᠤᠯᠠ ᠲᠡᠶ ᠭᠠᠵᠠᠷ ᠨᠢ ᠭᠡᠷᠡᠭ᠍ᠴᠠᠭᠡᠳᠠᠢ ᠭᠦᠮᠤᠨ ᠳᠤ ᠭᠦᠷᠭᠡᠪᠠᠯ ᠰᠠ‍‌ᠶᠢ ᠵᠢᠩᠭᠢᠨᠢ ᠳᠤᠰᠠᠯᠠᠮᠵᠢ ᠪᠣᠯᠳᠠᠭ᠃ ᠪᠣᠮ ᠰᠠᠶ᠎ᠠ ᠶᠢᠨ ᠭᠦᠷᠦᠩᠭᠡᠳᠡᠨ ᠳᠤ ᠭᠡᠳᠤᠨ ᠲᠦᠮᠡ ᠭᠦᠷᠭᠡᠭᠦ ᠶᠢ ᠨᠢᠳᠤᠨ ᠳᠡᠭᠡᠨ ᠬᠠᠪᠴᠢᠬᠤ ᠦᠭᠡᠶ ᠪᠣᠯᠪᠠᠴᠤ᠂ ᠶᠠᠳᠠᠭᠤ ᠵᠥᠳᠡᠭᠦᠤ ᠭᠦᠮᠤᠨ ᠳᠤ ᠭᠡᠳᠤᠨ ᠵᠠᠭᠤ ᠪᠣᠯᠪᠠᠴᠤ ᠠᠮᠢ ᠶᠢ ᠨᠢ ᠠᠪᠣᠷᠠᠵᠤ ᠴᠢᠳᠠᠨ᠎ᠠ᠃ ᠢᠰᠢᠳᠠᠠᠽᠠᠨᠸᠠᠩᠵᠢᠯ 《ᠠᠩᠬᠠᠨ ᠳ᠋ᠤᠨᠢ ᠳᠤᠩᠭ᠋ᠠᠨ ᠪᠣᠳᠤ᠂ ᠠᠳᠠᠭ ᠳᠤᠨᠢ ᠵᠤᠭᠢᠯᠳᠠᠭᠤᠯᠤᠨ ᠳᠡᠯᠪᠢ》 ᠭᠡᠵᠤ ᠰᠤᠷᠭᠠᠭᠰᠠᠨ ᠨᠢ ᠶᠠᠮᠠᠷᠪᠠ ᠭᠡᠷᠡᠭ᠌ ᠢ ᠡᠭᠦᠰᠭᠡᠭᠦ ᠡᠴᠡ ᠡᠮᠦᠨ᠎ᠡ ᠨᠠᠷᠢᠨ ᠨᠢᠮᠪᠠᠢ ᠪᠤᠳᠦᠯᠭᠢᠯᠡᠵᠤ᠂ ᠭᠡᠨᠡᠨ ᠴᠦᠯᠢᠰ ᠭᠡᠷᠡᠭ᠌ ᠳᠠᠳᠠᠬᠤ ᠡᠴᠡ ᠰᠡᠷᠡᠮᠵᠢᠯᠡᠭᠦᠯᠦᠭᠰᠡᠨ ᠪᠠᠢ᠌ᠳᠠᠭ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 8794
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ