ᠨᠡᠪᠲᠡᠷᠡᠨ ᠤᠷᠤᠬᠤ
ᠲᠠᠪᠤᠳᠤᠭᠠᠷ ᠪᠦᠯᠦᠭ ᠂ ᠤᠬᠠᠭᠠᠷᠠᠵᠤ ᠠᠮᠢᠳᠤᠷᠠᠬᠤ ᠬᠤᠷᠸ᠎ᠠ
ᠭᠤᠷᠪᠠᠳᠤᠭᠠᠷ ᠬᠡᠰᠡᠭ ᠂ ᠵᠦᠭᠡᠷ ᠢᠳᠡᠭᠦᠯᠬᠦ 《ᠠᠮᠤᠰᠤ》

ᠲ᠋ᠡᠯᠡᠭᠡᠢ ᠳᠡᠭᠡᠷ᠎ᠡ ᠵᠥᠭᠡᠷ ᠢᠳᠡᠭᠦᠯᠭᠦ ᠦᠳᠡ ᠶᠢᠨ ᠬᠤᠭᠤᠯᠠ ᠭᠡᠵᠤ ᠪᠠᠢ᠌ᠳᠠᠭ ᠦᠭᠡᠶ᠃


᠊᠊᠊᠊᠊᠊᠊᠊᠊᠊᠊᠊᠊᠊᠊᠊᠊᠊᠊᠊᠊᠊᠊᠊᠊᠊᠊᠊᠊ ᠢᠪᠷᠠᠢ᠌ᠴᠤᠳ ᠤᠨ ᠰᠠᠴᠠᠨ ᠥᠭᠡ


ᠴᠢ ᠥᠪᠠᠷᠳᠡᠭᠡᠨ ᠭᠦᠯᠦᠰᠤ ᠣᠷᠤᠰᠬᠠᠨ ᠭᠦᠳᠡᠯᠮᠦᠷᠢᠯᠡᠭᠦ ᠦᠭᠡᠶ᠂ ᠶᠠᠮᠠᠷᠴᠤ ᠦᠨ᠎ᠡ ᠥᠷᠳᠡᠭ᠌ ᠵᠠᠷᠤᠴᠠᠭᠤᠯᠬᠤ ᠦᠭᠡᠶ ᠪᠠᠷ ᠵᠥᠭᠡᠷ ᠢᠳᠡᠭᠦᠯᠴᠢᠭᠦ ᠦᠳᠡ ᠶᠢᠨ ᠬᠤᠭᠤᠯᠠ ᠭᠡᠵᠤ ᠪᠠᠢ᠌ᠨ᠎ᠠ ᠭᠡᠵᠢ ᠦᠦ︖ ᠲ᠋ᠡᠭ᠍ᠷᠢ ᠳᠡᠭᠡᠷ᠎ᠡ ᠡᠴᠡ ᠱᠠᠯᠪᠢᠩ ᠣᠨᠠᠭᠠᠤᠨ ᠢᠷᠡᠭᠦ ᠪᠠᠷ ᠪᠣᠳᠤᠬᠤ ᠳᠤ ᠪᠠᠺᠲ᠋ᠸᠷᠢ᠂ ᠸᠢᠷᠤᠰ ᠮᠠᠳᠤ ᠶᠢᠨ ᠪᠣᠵᠠᠷ ᠶᠠᠭᠤᠮ᠎ᠠ ᠨᠠᠭᠠᠯᠳᠤᠴᠢᠬᠠᠭᠰᠠᠨ ᠪᠠᠢ᠌ᠵᠤ ᠳᠡᠭᠠᠷᠡᠨ᠎ᠡ᠃ ᠡᠭᠦᠨ ᠳᠤ ᠡᠭᠡᠴᠢ ᠶᠢᠨ ᠪᠣᠭᠤᠷᠰᠤᠭ ᠨᠠᠭᠠᠴᠤ ᠶᠢᠨ ᠱᠦᠯᠤ ᠡᠴᠡ ᠭᠠᠳᠠᠨ᠎ᠠ ᠨᠠᠢ᠌ᠵᠠ ᠶᠢᠨ ᠬᠤᠭᠤᠯᠠ ᠭᠡᠵᠤ ᠪᠠᠢ᠌ᠯ ᠦᠭᠡᠶ ᠶᠠᠭᠠᠬᠢᠬᠤᠪ︕ ᠭᠡᠪᠠᠴᠤ ᠡ᠊ᠨᠳᠡ ᠶᠠᠷᠢᠵᠤ ᠪᠠᠢ᠌ᠭ᠎ᠠ ᠪᠣᠯ ᠢᠪᠴᠤᠤᠬᠠᠨ ᠣᠤᠠᠬ᠎ᠠ ᠳᠠᠢ 《ᠬᠤᠭᠤᠯᠠ ᠢᠳᠡᠭᠡᠨ》 ᠪᠢᠰᠢ ᠡ︕

ᠪᠠᠢ᠌ᠯᠳᠤᠭᠠᠠᠳᠤ ᠣᠯᠤᠰ ᠤᠨ ᠦᠶ᠎ᠡ ᠳᠤ᠂ ᡁᠢ ᠪᠦᠸᠧ ᠡᠴᠡ ᠴᠸᠤ ᠢᠤ ᠣᠯᠤᠰ ᠢ ᠳᠤᠪᠳᠤᠯᠬᠤ ᠭᠡᠵᠡᠢ᠃ ᠴᠡᠷᠢᠭ᠌ ᠣᠷᠤᠬᠤ ᠵᠠᠮ ᠳᠣᠢ᠌ᠯ ᠤᠨ ᠪᠠᠷᠭᠡ ᠪᠠᠷᠳᠠᠭᠠᠳᠠᠢ ᠡᠴᠡ ᠪᠣᠯᠵᠤ ᠣᠳᠠᠳᠠᠯ᠎ᠠ ᠭᠦᠳᠡᠯᠦᠭᠡ ᠦᠭᠡᠶ ᠪᠠᠢ᠌ᠪᠡ᠃ ᠨᠢᠭᠡᠨ ᠡᠳᠦᠷ ᠣᠷᠠᠨ ᠠᠷᠭ᠎ᠠ ᠣᠯᠵᠤ᠂ ᠣᠷᠠᠴᠤᠳ ᠢ ᠳᠠᠭᠤᠳᠠᠨ ᠨᠢᠭᠡᠨ ᠳᠤᠮᠤ ᠭᠦᠯᠢᠰ ᠴᠢᠤᠠᠬᠤᠭᠠᠤᠨ ᠴᠸᠤ ᠢᠤ ᠳᠤ ᠪᠠᠯᠡᠭᠯᠡᠭᠦ ᠪᠠᠷ ᠮᠡᠳᠡᠭ᠍ᠳᠡᠵᠡᠢ᠃

ᠴᠸᠤ ᠢᠤ ᠶᠢᠨ ᠡᠵᠡᠨ ᠡᠨᠡ ᠴᠢᠮᠡᠭᠡ ᠶᠢ ᠣᠯᠤᠭᠠᠤᠨ ᠦᠰᠦᠷᠳᠠᠯ᠎ᠠ ᠪᠠᠶᠡᠷᠯᠡᠵᠤ᠂ ᠴᠡᠷᠢᠭ᠌ ᠠᠷᠠᠤᠨ ᠶᠢᠡᠨ ᠳᠠᠢ᠌ᠴᠢᠯᠠᠨ ᠭᠠᠳᠠᠭᠰᠢ ᠨᠡᠪᠳᠡᠷᠡᠭᠦ ᠶᠡᠭᠡ ᠵᠠᠮ ᠵᠠᠰᠠᠬᠤ ᠰᠢ᠌ᠤᠠᠪᠣᠷᠢ ᠭᠠᠷᠭᠠᠵᠠᠢ᠃ ᠡᠭᠦᠨ ᠳᠤ ᠳᠠᠢ᠌ᠹᠦ᠋ ᠲᠦᠰᠢᠮᠠᠯ ᡂᠢ ᠵᠠᠩ ᠨᠡᠷ ᠡᠷᠡᠰ ᠡᠰᠡᠷᠭᠦᠴᠡᠵᠤ :

《ᠪᠠᠯᠡᠭ᠌ ᠭᠦᠷᠭᠡᠨ ᠳᠠᠳᠠᠪᠣᠷᠢ ᠳᠤᠰᠢᠶᠠᠬᠤ ᠨᠢ ᠪᠠᠭ᠎ᠠ ᠣᠯᠤᠰ ᠡᠴᠡ ᠶᠡᠭᠡ ᠣᠯᠤᠰ ᠢ ᠪᠢᠯᠳᠠᠤᠴᠢᠯᠠᠵᠤ ᠠᠮᠤᠷ ᠳᠠᠢ᠌ᠪᠣᠩ ᠠᠮᠢᠳᠤᠷᠠᠬᠤ ᠵᠠᠮ ᠶᠢᠡᠨ ᠵᠠᠰᠠᠵᠤ ᠪᠠᠢ᠌ᠭ᠎ᠠ ᠶᠠᠪᠣᠳᠠᠯ ᠮᠥᠨ᠃ ᠡᠳᠦᠭᠡ ᠶᠡᠭᠡ ᠣᠯᠤᠰ ᠡᠴᠡ ᠪᠠᠭ᠎ᠠ ᠣᠯᠤᠰ ᠲᠤ ᠪᠠᠯᠡᠭ᠌ ᠭᠦᠷᠭᠡᠭᠦ ᠪᠣᠯᠤᠭᠰᠠᠨ ᠨᠢ ᠯᠠᠪᠳᠠᠢ 〈ᠰᠢᠷ᠎ᠠ ᠰᠤᠯᠤᠩᠭ᠋᠎ᠠ ᠳᠠᠭᠢᠶ᠎ᠠ ᠳᠤ ᠵᠢᠯ ᠤᠨ ᠪᠠᠯᠡᠭ᠌ ᠭᠦᠷᠭᠡᠭ᠍ᠰᠡᠨ〉 ᠥᠯᠢᠭᠡᠷ ᠰᠢᠭ᠌ ᠰᠠᠢ᠌ᠨ ᠰᠠᠨᠠᠭ᠎ᠠ ᠡᠪᠦᠷᠯᠡᠭ᠍ᠰᠡᠨ ᠦᠭᠡᠶ᠃ ᠪᠢᠳᠠ ᠪᠠᠯᠡᠭ᠌ ᠢ ᠨᠢ ᠠᠪᠬᠤ ᠦᠭᠡᠶ ᠪᠠᠢ᠌ᠵᠤ ᠪᠣᠯᠬᠤ ᠡᠴᠡ ᠪᠢᠰᠢ᠂ ᠭᠠᠳᠠᠭᠰᠢ ᠨᠡᠪᠳᠡᠷᠡᠭᠦ ᠵᠠᠮ ᠢ ᠵᠠᠰᠠᠵᠤ ᠪᠣᠯᠬᠤ ᠦᠭᠡᠶ》 ᠭᠡᠵᠤ ᠭᠦᠴᠤ ᠪᠠᠷ ᠶᠢᠡᠨ ᠬᠤᠷᠢᠭᠯᠠᠭᠰᠠᠨ ᠪᠣᠯᠪᠠᠴᠤ ᠡᠵᠡᠨ ᠭᠦᠩ ᠢᠤᠠᠬᠠᠯ ᠢ ᠠᠪᠣᠭᠰᠠᠨ ᠦᠭᠡᠶ᠃

ᠬᠠᠭᠠᠰ ᠵᠢᠯ ᠤᠨ ᠳᠠᠷᠠᠭ᠎ᠠ᠂ ᠠᠷᠪᠠᠨ ᠲᠦᠮᠡᠨ ᠴᠡᠷᠢᠭ᠌ ᠠᠷᠠᠤᠨ ᠤᠨ ᠴᠢᠰᠤ ᠭᠦᠯᠦᠰᠤ ᠪᠠᠷ ᠳᠡᠪᠢᠰᠦᠭ᠍ᠳᠡᠭ᠍ᠰᠡᠨ ᠶᠡᠭᠡ ᠵᠠᠮ ᠡᠴᠦᠰ ᠲᠡᠭᠡᠨ ᠨᠠᠪᠳᠠᠷᠠᠯ᠎ᠠ᠃ ᠴᠸᠤ ᠢᠤ ᠶᠢᠨ ᠡᠵᠡᠨ ᠪᠠᠶᠠᠷ ᠭᠦᠷ ᠲᠡᠶ ᠪᠠᠷ ᠦᠨᠦ ᠳᠤᠮᠤ ᠭᠦᠯᠢᠰ ᠶᠢᠡᠨ ᠣᠭᠳᠤᠨ ᠠᠪᠴᠢᠷᠠᠭᠠᠤᠨ ᠡᠷᠭᠢᠨ ᠳᠤᠭᠤᠷᠢᠨ ᠰᠤᠨᠢᠷᠬᠠᠵᠤ᠂ ᠱᠠᠭᠰᠢᠨ ᠱᠠᠭᠰᠢᠨ ᠱᠠᠭᠠᠢ᠌ᠵᠤ ᠪᠠᠢ᠌ᠳᠠᠯ᠎ᠠ ᠨᠢ ᡁᠢ ᠪᠦᠸᠧ ᠶᠢᠨ ᠶᠡᠭᠡ ᠴᠡᠷᠢᠭ᠌ ᠭᠡᠨᠡᠳᠲᠡ ᠊ᠭ᠍ᠱᠡᠨ ᠵᠠᠭᠤᠷ᠎ᠠ ᠶᠢᠨ ᠬᠤᠭᠤᠷᠤᠠᠳᠤ ᠨᠦᠷᠢᠨ ᠣᠷᠤᠵᠤ ᠢᠷᠡᠭᠡᠤᠨ᠂ ᠵᠡᠪᠰᠡᠭ᠌ ᠭᠦᠳᠡᠯᠭᠡᠯ ᠦᠭᠡᠶ ᠴᠸᠤ ᠢᠤ ᠶᠢ ᠮᠥᠭᠦᠭᠡᠵᠡᠢ᠃

ᠵᠢᠭᠠᠰᠤ ᠥᠭ᠍ᠶ‍ᠦᠭᠡᠨ ᠳᠤ ᠭᠤᠷᠢᠯᠠᠵᠤ ᠪᠠᠢ᠌ᠭᠠᠤᠨ ᠭᠦᠭᠢᠳᠡᠭ᠍ᠳᠡᠵᠤ᠂ ᠰᠢᠪᠠᠭᠤ ᠪᠣᠳᠠᠭᠠᠨ ᠮᠥᠭᠦᠯᠢᠭ᠌ ᠳᠤᠭᠰᠢᠵᠤ ᠪᠠᠢ᠌ᠭᠠᠤᠨ ᠳᠤᠤᠷᠯᠠᠭᠳᠠᠨ᠎ᠠ ᠭᠡᠭ᠍ᠴᠢ ᠡᠨᠡ ᠪᠣᠶᠤ᠃

ᠮᠠᠯᠴᠢᠨ ᠪᠦᠭᠡ ᠠᠳᠤᠭᠤ ᠪᠠᠨ ᠬᠤᠳᠠᠯᠳᠤᠭᠠᠤᠨ ᠲᠦᠮᠡᠨ ᠳᠦᠭᠦᠷᠢᠭ᠌ ᠣᠯᠵᠤ ᠳᠤᠭᠠᠯᠠᠵᠤ ᠪᠠᠢ᠌ᠳᠠᠯ᠎ᠠ ᠦᠯᠦ ᠳᠠᠨᠢᠬᠤ ᠬᠤᠶᠠᠷ ᠵᠠᠯᠠᠭᠤ᠂ ᠭᠠᠷ ᠲᠠᠭᠠᠨ ᠦᠳᠦᠨ ᠪᠦᠮᠪᠦᠭᠡ ᠶᠢᠨ ᠴᠤᠭᠢᠭᠤᠷ ᠰᠢᠭ ᠶᠠᠭᠤᠮ᠎ᠠ ᠪᠠᠷᠢᠵᠤ ᠢᠷᠡᠭᠡᠤᠨ :

《ᠴᠢᠨᠤ ᠭᠦᠷᠢᠶᠡᠨ ᠳᠤᠳᠤᠷ᠎ᠠ ᠡᠷᠳᠡᠨ ᠤ ᠡᠷᠳᠡᠨᠢᠰ ᠤᠨ ᠪᠣᠯᠠᠭᠳᠠᠴᠠ ᠪᠠᠢ᠌ᠬᠤ ᠶᠢ ᠪᠢᠳᠠ ᠮᠠᠰᠢᠨ ᠶᠢᠡᠷ ᠰᠢᠯᠭᠠᠵᠤ ᠮᠠᠳᠠᠪᠠ᠂ ᠲ᠋ᠠ ᠭᠡᠷᠪᠡ ᠲᠦᠮᠡᠨ ᠳᠦᠭᠦᠷᠢᠭ᠌ ᠤᠨ ᠬᠠᠷᠠᠮᠵᠢ ᠥᠭ᠍ᠪᠠᠯ ᠪᠢᠳᠠ ᠴᠢᠮ᠎ᠠ ᠳᠤ ᠵᠠᠭᠤᠨ ᠲᠦᠮᠡᠨ ᠳᠦᠭᠦᠷᠢᠭ᠌ ᠤᠨ ᠶᠠᠭᠤᠮ᠎ᠠ ᠣᠯᠤᠨ ᠥᠭ᠍ᠴᠤ ᠴᠢᠳᠡᠨ᠎ᠡ》 ᠭᠡᠵᠤ ᠨᠤᠳᠠᠳᠠᠢ ᠭᠡᠯᠡᠵᠡᠢ᠃ ᠪᠦᠭᠡ ᠭᠤᠸᠠᠢ ᠳᠠᠳᠠᠨᠤᠰ ᠤᠨ ᠥᠭᠡᠨ ᠳᠤ ᠳᠤᠩ ᠡᠷᠡᠭᠡᠯᠵᠡᠭᠡ ᠲᠡᠶ ᠪᠠᠢ᠌ᠵᠤ᠂ ᠶᠠᠭ ᠬᠠᠢ᠌ᠬᠤᠷᠬᠤ ᠦᠭᠡᠶ ᠪᠣᠯ ᠪᠠᠶᠠᠵᠢᠬᠤ ᠵᠠᠪᠰᠢᠶᠠᠨ ᠶᠢᠡᠨ ᠠᠯᠳᠠᠴᠢᠬᠤ ᠡᠴᠡ ᠴᠤ ᠵᠤᠪᠠᠨ᠎ᠠ᠃ ᠭᠠᠳᠠᠨᠠᠭᠢ ᠭᠦᠮᠤᠨ ᠮᠡᠳᠡᠴᠢᠭ᠍ᠰᠡᠨ ᠪᠠᠢ᠌ᠳᠠᠯ ᠳᠤᠤᠷ᠎ᠠ ᠣᠬᠤᠵᠤ ᠠᠪᠬᠤ ᠦᠭᠡᠶ ᠪᠣᠯ ᠬᠤᠯᠠᠭᠠᠢ᠌ᠯᠠᠭᠳᠠᠴᠢᠬᠤ ᠴᠤ ᠪᠣᠯᠵᠤᠰᠢ ᠦᠭᠡᠶ᠁ ᠭᠡᠭᠦ ᠮᠠᠳᠤᠴᠢᠯᠠᠨ ᠠᠭᠢᠨ ᠳᠠᠭᠢᠨ ᠳᠤᠩᠭ᠋ᠠᠵᠤ ᠪᠣᠳᠤᠭᠰᠠᠨ ᠤ ᠳ᠋ᠦ᠋ᠩ ᠳᠤ᠂ ᠲ᠋ᠠᠳᠠᠨ ᠶᠢᠡᠷ ᠮᠠᠯᠳᠠᠭᠤᠯᠵᠤ ᠭᠠᠷᠭᠠᠯᠭᠠᠵᠤ ᠪᠠᠢ᠌ᠮᠠᠨ ᠪᠣᠯᠤᠶ᠎ᠠ ᠭᠡᠵᠡᠢ᠃ ᠥᠨᠤ ᠬᠤᠶᠠᠷ ᠵᠠᠯᠠᠭᠤ ᠭᠦᠷᠢᠶᠡᠨ ᠤ ᠭᠢᠨᠢ ᠨᠢᠭᠡ ᠪᠣᠯᠤᠩ ᠳᠤ ᠬᠤᠶᠠᠷ ᠮᠸᠲ᠋ᠷ ᠭᠦᠨ ᠮᠠᠯᠳᠠᠵᠤ ᠪᠠᠢ᠌ᠭᠠᠤᠨ ᠨᠢᠭᠡ ᠭᠡᠰᠡᠭ᠌ ᠭᠢᠯᠳᠤᠭᠠᠨᠠᠮ᠎ᠠ ᠰᠢᠷ᠎ᠠ ᠥᠩᠭᠡᠳᠡᠢ ᠳᠡᠮᠦᠷᠯᠢᠭ᠌ ᠣᠯᠤᠭᠠᠤᠨ ᠪᠦᠭᠡ ᠳᠤ ᠭᠠᠷᠳᠠᠭᠤᠯᠵᠤ᠄

《ᠵᠦᠰᠤᠮ ᠠᠯᠳᠠ ᠨᠢᠭᠡ ᠵᠢᠩ ᠭᠦᠡᠳᠤ ᠭᠡᠳᠡᠭ᠌ ᠶ‍ᠦᠮ᠂ ᠵᠢᠩᠯᠡᠭᠦᠷ ᠠᠪᠴᠢᠷᠠᠭᠠᠤᠨ ᠵᠢᠩᠯᠡᠵᠤ ᠥᠵᠡᠶ᠎ᠡ》 ᠭᠡᠪᠡ᠃ ᠵᠢᠩᠯᠡᠵᠤ ᠥᠵᠡᠭ᠍ᠰᠡᠨ ᠳᠤ ᠢᠯᠡᠭᠦᠤ ᠴᠤ ᠦᠭᠡᠶ ᠳᠤᠳᠠᠭᠤ ᠴᠤ ᠦᠭᠡᠶ ᠪᠦᠳᠤᠨ ᠨᠢᠭᠡ ᠵᠢᠩ ᠪᠠᠢ᠌ᠵᠠᠢ᠃ ᠦᠨᠦ ᠬᠤᠶᠠᠷ ᠵᠠᠯᠭᠠᠭᠠᠤᠨ ᠳᠤᠭᠤᠭᠰᠢ ᠮᠠᠯᠳᠠᠬᠤ ᠶᠢᠨ ᠳᠠᠭᠠᠤ᠄

《ᠡᠨᠡ ᠭᠡᠰᠡᠭ᠌ ᠠᠯᠳᠠ ᠪᠠᠭ᠎ᠠ ᠳᠠᠭᠠᠨ ᠳᠦᠷᠪᠡᠨ ᠲᠦᠮᠡ ᠭᠦᠷᠦᠨ᠎ᠡ᠂ ᠪᠢᠳᠡ ᠡᠨᠡ ᠭᠠᠵᠠᠷ ᠡᠴᠡ ᠪᠦᠭᠡᠮ ᠡᠷᠳᠡᠨᠢᠰ ᠮᠠᠯᠳᠠᠵᠤ ᠭᠠᠷᠭᠠᠭᠰᠠᠨ ᠤ ᠬᠣᠢ᠌ᠨ᠎ᠠ ᠣᠯᠵᠠᠪᠣᠷᠢ ᠪᠠᠨ ᠬᠠᠭᠠᠰᠯᠠᠵᠤ ᠬᠤᠪᠢᠶᠠᠨ᠎ᠠ ᠰᠢᠤ》 ᠭᠡᠰᠡᠨ ᠳᠤ᠂ ᠲ᠋ᠠᠳᠠᠨ ᠤ ᠥᠭᠡ ᠶᠢ ᠪᠦᠷᠢᠨ ᠢᠳᠡᠭᠡᠭ᠍ᠰᠡᠨ ᠪᠦᠭᠡ ᠭᠤᠸᠠᠢ᠂ ᠲ᠋ᠠᠷᠠ ᠬᠤᠶᠠᠷ ᠢ ᠳᠦᠷᠭᠡᠨ ᠵᠠᠯᠠᠵᠤ ᠶᠠᠪᠣᠭᠤᠯᠬᠤ ᠶᠢ ᠶᠠᠭᠠᠷᠠᠭᠠᠤᠨ ᠪᠣᠰᠢᠭᠤᠬᠠᠨ ᠭᠡᠭ᠍ᠴᠢ ᠲᠦᠮᠡᠨ ᠳᠦᠭᠦᠷᠢᠭ᠌ ᠶᠢᠡᠨ ᠪᠠᠷᠢᠭᠤᠯᠤᠭᠠᠤᠨ ᠶᠡᠪᠦᠭᠤᠯᠵᠡᠢ᠃ ᠶᠡᠭᠡ ᠣᠯᠵᠠ ᠣᠯᠤᠯ᠎ᠠ ᠭᠡᠤᠨ ᠦᠰᠦᠷᠳᠠᠯ᠎ᠠ ᠪᠠᠶᠠᠷᠯᠠᠭᠰᠠᠨ ᠪᠦᠭᠡ ᠭᠤᠸᠠᠢ᠂ ᠦᠨᠦ ᠠᠯᠳᠠ ᠪᠠᠨ ᠪᠠᠩᠭᠢ ᠳᠤ ᠠᠪᠠᠴᠢᠵᠤ ᠰᠢᠯᠭᠠᠭᠤᠯᠤᠭᠰᠠᠨ ᠳᠤ ᠦᠨᠦᠭᠢ ᠨᠢ ᠬᠠᠷᠢᠨ ᠰᠢᠷ᠎ᠠ ᠪᠠᠷ ᠥᠩᠭᠡᠯᠡᠭ᠍ᠰᠡᠨ ᠭᠦᠡᠳᠤ ᠳᠡᠮᠦᠷᠯᠢᠭ᠌ ᠪᠠᠢ᠌ᠭᠰᠠᠨ ᠪᠢᠯᠠ᠃ ᠣᠤᠯ ᠨᠢ᠂ ᠮᠡᠭᠡᠯᠡᠭ᠍ᠴᠢ ᠨᠥᠭᠡ ᠮᠠᠯᠳᠠᠬᠤ ᠶᠠᠪᠣᠴᠠ ᠳᠠᠭᠠᠨ ᠬᠠᠭᠤᠷᠮᠠᠭ 《ᠠᠯᠳᠠ》 ᠪᠠᠨ ᠰᠢᠷᠤᠢ ᠳᠤ ᠪᠣᠯᠠᠭᠠᠤᠨ ᠰᠢᠨᠡᠭᠡᠨ ᠮᠠᠯᠳᠠᠵᠤ ᠭᠠᠷᠭᠠᠭᠰᠠᠨ ᠮᠠᠶ‍ᠢᠭᠳᠠᠢ ᠶᠠᠩᠵᠤᠯᠠᠭᠰᠠᠨ ᠪᠠᠢ᠌ᠵᠡᠢ᠃ ᠨᠢᠭᠡ ᠮᠠᠯᠴᠢᠨ ᠭᠦᠮᠤᠨ ᠳᠤ ᠲᠦᠮᠡᠨ ᠳᠦᠭᠦᠷᠢᠭ᠌ ᠭᠡᠭ᠍ᠴᠢ ᠪᠠᠭ᠎ᠠ ᠳᠤᠭ᠎ᠠ ᠪᠢᠰᠢ ᠰᠢᠤ᠂ ᠭᠦᠰᠡᠯ ᠥᠡᠳᠦᠷᠵᠢᠭᠦ ᠳᠤᠳᠤᠮ ᠭᠦᠰᠡᠷᠳᠡᠭᠦ ᠨᠢ ᠭᠦᠡᠳᠤ᠂ ᠶᠡᠭᠡ ᠣᠯᠵᠠᠨ ᠳᠤ ᠭᠤᠷᠢᠯᠠᠬᠤ ᠳᠤᠳᠤᠮ ᠣᠩᠭ᠋ᠣᠢ᠌ᠳᠠᠯ᠎ᠠ ᠠᠪᠳᠠᠨ᠎ᠠ ᠭᠡᠭ᠍ᠴᠢ ᠡᠭᠦᠨ ᠢ ᠭᠡᠯᠡᠨ᠎ᠡ᠃

ᠵᠠᠯᠠᠭᠤᠴᠤᠳ ᠳᠠᠨᠠᠷ ᠮᠠᠳᠠᠵᠤ ᠡᠡᠪ᠂ ᠭᠡᠵᠢᠶ᠎ᠡ ᠬᠠᠮᠢᠭ᠎ᠠ ᠭᠦᠷᠦᠭ᠍ᠰᠡᠨ ᠴᠤ ᠭᠦᠴᠤ ᠭᠦᠯᠦᠰᠤ ᠣᠷᠤᠰᠬᠠᠬᠤ ᠦᠭᠡᠶ ᠪᠠᠷ ᠳᠡᠭᠦᠭᠡᠤᠨ ᠣᠯᠬᠤ ᠮᠥᠩᠭᠦ ᠶᠢ ᠣᠯᠵᠠᠷᠬᠠᠨ ᠠᠪᠴᠤ ᠪᠣᠯᠬᠤ ᠦᠭᠡᠶ᠃ ᠮᠡᠭᠡᠯᠡᠭ᠍ᠴᠢ ᠶᠢᠨ ᠵᠤᠬᠢᠶᠠᠭᠰᠠᠨ ᠳᠤᠤᠷ ᠪᠢᠰᠢ ᠪᠠᠢ᠌ᠯ᠎ᠠ ᠴᠤ᠂ ᠵᠦᠢ᠌ ᠪᠣᠰᠤ ᠣᠯᠵᠠ ᠨᠢ ᠪᠠᠶ᠎ᠠ ᠳᠤ ᠰᠢᠩᠭᠡᠭᠦ ᠦᠭᠡᠶ ᠪᠦᠭᠡᠤᠨ ᠡᠳ᠋ᠯᠡᠭᠦ ᠳᠤ ᠰᠠᠨᠠᠭ᠎ᠠ ᠰᠠᠤᠠᠭᠢᠯ ᠠᠮᠤᠷ ᠳᠠᠢ᠌ᠪᠣᠩ ᠪᠠᠢ᠌ᠵᠤ ᠴᠢᠳᠠᠬᠤ ᠦᠭᠡᠶ ᠶᠤᠮᠰᠠᠨ᠃ ᠣᠯᠵᠠᠷᠬᠠᠳᠠᠭ ᠮᠠᠭᠤ ᠵᠠᠩ ᠰᠤᠷᠤᠭᠰᠠᠨ ᠤ ᠬᠣᠢ᠌ᠨ᠎ᠠ ᠮᠡᠭᠡᠯᠡᠭ᠍ᠴᠢ ᠶᠢᠨ ᠳᠤᠤᠷ ᠲᠤ ᠨᠠᠩ ᠠᠮᠠᠷᠬᠠᠨ ᠣᠨᠠᠬᠤ ᠪᠣᠯᠤᠨ᠎ᠠ᠃

ᠮᠢᠨᠤ ᠰᠠᠭᠤᠳᠠᠭ ᠬᠤᠰᠢᠭᠤᠨ ᠲᠦᠪ ᠲᠤ ᠠᠬ᠎ᠠ ᠳᠡᠭᠦᠤ ᠬᠤᠶᠠᠷ ᠤᠨ ᠡᠷᠭᠢᠯᠡᠭ᠍ᠰᠡᠨ ᠨᠢᠭᠡ ᠳᠡᠯᠭᠡᠭᠦᠷ ᠪᠠᠢ᠌ᠨ᠎ᠠ᠃ ᠠᠬ᠎ᠠ ᠨᠢ ᠯᠡᠩᠭᠦᠢ ᠲᠦᠰᠢᠨ ᠬᠤᠪᠴᠠᠰᠤ ᠬᠤᠳᠡᠯᠳᠦᠵᠤ᠂ ᠲ᠋ᠡᠭᠦᠤ ᠨᠢ ᠬᠤᠪᠴᠠᠰᠤ ᠪᠠᠨ ᠳᠡᠯᠭᠡᠵᠤ ᠬᠤᠭ ᠳᠤᠭᠤᠰᠤ ᠶᠢ ᠨᠢ ᠠᠷᠢᠯᠭᠠᠨ᠎ᠡ᠃ ᠭᠡᠷᠡᠭᠯᠡᠭ᠍ᠴᠢ ᠡᠴᠡ 《ᠡᠨᠡ ᠬᠤᠪᠴᠠᠰᠤ ᠴᠢᠨᠢ ᠭᠡᠳᠦᠢ ᠪᠣᠢ︖》 ᠭᠡᠵᠤ ᠠᠰᠠᠭᠤᠪᠠᠯ᠂ ᠠᠬ᠎ᠠ ᠨᠢ ᠳᠦᠯᠡᠢ ᠪᠦᠭᠡᠤᠨ ᠦᠨ᠎ᠡ ᠬᠠᠩᠰᠢ ᠶᠢ ᠨᠢ ᠮᠡᠳᠡᠭᠦ ᠦᠭᠡᠶ ᠪᠠᠷ ᠣᠪᠯᠠᠵᠤ ᠳᠡᠭᠦᠤ ᠡᠴᠡ ᠪᠠᠨ ᠠᠰᠡᠭᠤᠨ᠎ᠡ᠃ ᠲ᠋ᠡᠭᠦᠤ ᠨᠢ 《ᠵᠠᠭᠤᠨ ᠳᠦᠭᠦᠷᠢᠭ᠌》 ᠭᠡᠵᠤ ᠬᠠᠷᠢᠭᠤᠯᠬᠤ ᠳᠤ᠂ ᠠᠬ᠎ᠠ ᠨᠢ ᠴᠢᠭᠢ ᠪᠠᠨ ᠳᠡᠯᠳᠡᠢ᠌ᠯᠭᠡᠨ ᠯᠠᠪᠳᠠᠭᠤᠯᠤᠨ ᠰᠤᠨᠤᠰᠤᠭᠰᠠᠨ ᠶᠢᠡᠷ ᠳᠦᠷᠢᠯᠠᠵᠤ 《ᠥ᠂ ᠲ᠋ᠠᠪᠢᠨ ᠳᠦᠭᠦᠷᠢᠭ᠌ ᠭᠡᠵᠢ ᠦᠦ︖ ᠲ᠋ᠡᠭᠡᠪᠠᠯ ᠳᠠᠪᠢ ᠡ》 ᠭᠡᠴᠢᠭᠡᠨ᠎ᠡ᠃ ᠢᠩᠭᠢᠪᠠᠯ ᠣᠯᠵᠠᠨ ᠳᠤ ᠳᠤᠷᠠᠳᠠᠢ ᠭᠡᠷᠡᠭᠯᠡᠭ᠍ᠴᠢ ᠶᠡᠭᠡ ᠣᠯᠵᠠ ᠣᠯᠴᠢᠬᠠᠯ᠎ᠠ ᠭᠡᠵᠤ ᠪᠠᠶᠠᠷᠯᠠᠭᠠᠤᠨ ᠦᠨ᠎ᠡ ᠬᠠᠶᠠᠯ ᠦᠭᠡᠶ ᠬᠤᠷᠳᠤᠬᠠᠨ ᠭᠡᠭ᠍ᠴᠢ ᠳᠠᠪᠢᠨ ᠳᠦᠭᠦᠷᠢᠭ᠌ ᠶᠢᠡᠨ ᠳᠦᠯᠦᠭᠡᠤᠨ ᠶᠠᠪᠣᠳᠠᠭ ᠪᠠᠢ᠌ᠨ᠎ᠠ᠃ ᠦᠨᠡᠨ ᠳᠡᠭᠡᠨ ᠳᠠᠷᠠ ᠬᠤᠪᠴᠠᠰᠤ ᠨᠢ ᠳᠦᠩᠭᠡᠵᠤ ᠬᠤᠷᠢᠨ ᠳᠦᠭᠦᠷᠢᠭ᠌ ᠭᠦᠷᠳᠡᠭ᠌ ᠠᠵᠢ᠃ ᠵᠠᠯᠢᠬᠠᠢ ᠠᠷᠠᠯᠵᠢᠶᠠᠴᠢᠨ ᠳᠤᠰᠬᠠᠢ᠌ᠯᠠᠨ ᠭᠦᠮᠦᠰ ᠤᠨ ᠣᠯᠵᠠᠷᠬᠠᠭᠴᠢ ᠰᠡᠳᠭᠢᠭᠦᠢ ᠶᠢ ᠠᠰᠢᠭᠯᠠᠵᠤ ᠵᠤᠭᠤᠰ ᠬᠤᠠᠵᠢᠬᠤ ᠵᠤᠷᠢᠯᠭ᠎ᠠ ᠳᠠᠭᠠᠨ ᠭᠦᠷᠳᠡᠭ᠌ ᠪᠢᠯᠠ᠃

ᠤᠤᠬᠠᠢ᠌ᠰ︕ ᠲ᠋ᠡᠯᠡᠭᠡᠢ ᠳᠡᠭᠡᠷ᠎ᠡ ᠣᠤᠯ ᠡᠴᠡ ᠪᠠᠨ ᠵᠥᠭᠡᠷ ᠢᠳᠡᠭᠦᠯᠳᠡᠭ᠌ 《ᠡᠡᠮᠦᠰᠤ》 ᠭᠡᠵᠤ ᠪᠠᠢ᠌ᠭᠰᠠᠨ ᠦᠭᠡᠶ᠃ ᠭᠡᠳᠡᠯ᠎ᠡ ᠳᠠᠩᠳᠠ ᠯᠠ ᠠᠰᠢᠭ ᠬᠤᠠᠵᠢᠬᠤ ᠶᠢ ᠭᠤᠷᠢᠯᠠᠳᠠᠭ ᠰᠢᠨᠤᠬᠠᠢ ᠭᠦᠮᠦᠰ ᠰᠠ‍‌ᠶᠢ ᠠᠮᠠᠷᠬᠠᠨ ᠶᠢᠡᠷ ᠮᠡᠭᠡᠯᠡᠭ᠍ᠴᠢ ᠶᠢᠨ ᠥᠭᠡᠰᠢᠨ ᠳᠤ ᠣᠨᠠᠳᠠᠭ ᠪᠠᠢ᠌ᠪᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 8711
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ