ᠨᠡᠪᠲᠡᠷᠡᠨ ᠤᠷᠤᠬᠤ
ᠲᠤᠯᠤᠳᠤᠭᠠᠷ ᠪᠦᠯᠦᠭ ᠂ ᠬᠦᠰᠡᠯ ᠬᠦᠭᠡᠭᠡᠴᠡᠯᠳᠦᠯ ᠤᠨ ᠵᠠᠢ᠌ᠴᠠ
ᠲᠠᠪᠤᠳᠤᠭᠠᠷ ᠬᠡᠰᠡᠭ ᠂ ᠬᠤᠷᠤᠨ ᠰᠠᠨᠠᠭ᠎ᠠ

ᠰᠠᠢ᠌ᠨ ᠰᠠᠨᠠᠭ᠎ᠠ ᠳᠠᠯ᠎ᠠ ᠶᠢ ᠳᠤᠭᠤᠷᠢᠵᠤ᠂ ᠮᠠᠭᠤ ᠰᠠᠨᠠᠭ᠎ᠠ ᠪᠠᠶ᠎ᠠ ᠶᠢ ᠳᠤᠭᠤᠷᠢᠨ᠎ᠠ᠃


᠊᠊᠊᠊᠊᠊᠊᠊᠊᠊᠊᠊᠊᠊᠊᠊᠊᠊᠊᠊᠊᠊᠊᠊᠊᠊ ᠮᠤᠩᠭ᠋ᠤᠯ ᠠᠷᠠᠤᠨ ᠤᠨ ᠵᠣᠢ᠌ᠷ ᠥᠭᠡ


ᠮᠢᠨᠤ ᠰᠠᠭᠤᠳᠠᠭ ᠳᠦᠷᠢᠶᠠᠰᠤᠨ ᠭᠡᠷ ᠤᠨ ᠡᠭᠦᠳᠡᠨ ᠳᠤ ᠨᠢᠭᠡ ᠵᠢᠵᠢᠭ᠌ ᠬᠤᠭᠤᠯᠠᠨ ᠭᠡᠷ ᠪᠤᠢ᠃ ᠡ᠊ᠨᠳᠡ ᠶᠡᠷᠦᠳᠡᠭᠡᠨ ᠮᠢᠶᠠᠠᠲ᠋ᠢᠶᠤᠷ ᠶ‍ᠢᠤᠲ᠋ᠢᠶᠤᠷ ᠮᠠᠳᠤ ᠶᠠᠷᠤ ᠶᠢᠨ ᠬᠤᠭᠤᠯᠠ ᠪᠠᠢ᠌ᠬᠤ ᠡᠴᠡ ᠭᠠᠳᠠᠨ᠎ᠠ᠂ ᠥᠷᠯᠦᠭᠡ ᠳᠡᠭᠡᠨ ᠪᠣᠷᠴᠠᠭ ᠤᠨ ᠰᠦ᠋᠂ ᠪᠣᠷᠴᠠᠭ ᠤᠨ ᠡᠭᠡᠳᠡᠩ ᠮᠠᠳᠤ ᠶᠢᠨ ᠡᠷᠳᠡ ᠶᠢᠨ ᠬᠤᠭᠤᠯᠠ ᠪᠠᠯᠡᠭᠡᠨ ᠪᠠᠢ᠌ᠳᠠᠭ ᠡᠴᠡ᠂ ᠪᠢ ᠡᠳᠦᠷ ᠪᠦᠷᠢ ᠶᠢᠨ ᠡᠷᠳᠡ ᠶᠢᠨ ᠬᠤᠭᠤᠯᠠ ᠪᠠᠨ ᠡ᠊ᠨᠳᠡ ᠵᠤᠭᠤᠭᠯᠠᠳᠠᠭ ᠪᠠᠢ᠌ᠨ᠎ᠡ᠃ ᠡᠨᠡ ᠬᠤᠭᠤᠯᠠᠨ ᠭᠡᠷ ᠨᠢ ᠳᠤᠮᠳᠠᠳᠤ ᠰᠤᠷᠭᠠᠭᠤᠯᠢ ᠶᠢᠨ ᠡᠰᠡᠷᠭᠦ ᠳᠠᠯ᠎ᠠ ᠳᠤ ᠨᠢᠭᠤᠷᠯᠠᠵᠤ ᠪᠠᠢ᠌ᠳᠠᠭ ᠡᠴᠡ᠂ ᠡᠷᠳᠡ ᠶᠢᠨ ᠳᠠᠪᠳᠠᠯᠭ᠎ᠠ ᠪᠠᠭᠤᠮᠠᠭᠴᠠ ᠰᠤᠷᠤᠭᠴᠢᠳ ᠡ᠊ᠨᠳᠡ ᠰᠢᠪᠠᠵᠤ᠂ ᠲ᠋ᠤᠰᠤᠨ ᠳᠤ ᠪᠣᠴᠠᠯᠭᠠᠭᠰᠠᠨ ᠰᠢᠯᠦᠭᠡᠢ ᠪᠣᠤᠪᠣ ᠢᠳᠡᠵᠡᠭᠡᠨ ᠪᠣᠷᠴᠠᠭ ᠤᠨ ᠰᠦ᠋ ᠣᠤᠭᠤᠳᠠᠭ ᠪᠠᠢ᠌ᠯ᠎ᠠ᠃ ᠰᠤᠷᠤᠭᠴᠢᠳ ᠤᠨ ᠣᠯᠠᠩᠭᠢ ᠨᠢ ᠠᠭᠤᠯᠠᠷᠬᠠᠭ ᠣᠷᠤᠨ ᠤ ᠶᠠᠳᠠᠭᠤ ᠪᠣᠢ᠌ᠳᠠ ᠭᠠᠵᠠᠷ ᠡᠴᠡ ᠢᠷᠡᠭ᠍ᠰᠡᠨ ᠳᠤᠯᠡ᠂ ᠡᠳᠦᠷ ᠪᠦᠷᠢ ᠢᠩᠭᠢᠵᠤ ᠬᠤᠪᠳᠤᠭ ᠳᠠᠢ᠌ᠯᠠᠬᠤ ᠶᠢᠨ ᠨᠥᠭᠦᠴᠡᠯ ᠦᠭᠡᠶ᠂ ᠲ᠋ᠠᠪᠣ ᠭᠤᠷᠪᠠᠨ ᠡᠳᠦᠷ ᠲᠤ ᠨᠢᠭᠡ ᠪᠠᠭᠤᠬᠤ ᠨᠢ ᠳᠠᠳᠠᠨᠤᠰ ᠲᠡᠭᠡᠨ ᠰᠥᠷᠡᠭᠡᠢ ᠵᠤᠯ ᠵᠠᠪᠰᠢᠶᠠᠨ ᠪᠠᠢ᠌ᠵᠡᠢ᠃ ᠡᠨᠡ ᠬᠤᠭᠤᠯᠠᠨ ᠭᠡᠷ ᠭᠡᠳᠥᠢᠪᠠᠷ ᠨᠢᠭᠡᠯᠭᠡᠨ ᠳᠠᠰᠤᠯᠭ᠎ᠠ ᠭᠡᠷ ᠪᠠᠢ᠌ᠯ᠎ᠠ ᠴᠤ ᠳᠦᠷᠪᠡᠨ ᠰᠢᠷᠡᠭᠡ ᠰᠢᠬᠠᠯᠳᠤᠭᠤᠯᠤᠨ ᠳᠠᠯᠪᠢᠵᠤ᠂ ᠬᠣᠢ᠌ᠳᠤ ᠬᠠᠨ᠎ᠠ ᠪᠠᠷ ᠶᠢᠡᠨ ᠨᠢᠭᠡ ᠭᠦᠮᠤᠨ ᠰᠢᠬᠠᠵᠤ ᠪᠠᠭᠳᠠᠮᠠᠷ ᠪᠠᠢ᠌ᠷᠢ ᠲᠡᠶ ᠯᠡᠩᠭᠦᠢ ᠳᠠᠯᠪᠢᠵᠤ᠂ ᠭᠤᠤᠯ ᠳᠤᠮᠳᠠ ᠨᠢ ᠭᠦᠩᠭ᠋ᠡᠷᠡᠪᠡ ᠰᠠᠨᠠᠭᠠᠳᠠᠢ ᠬᠤᠪᠠᠨ ᠬᠠᠢ᠌ᠷᠴᠠᠭ ᠳᠤᠳᠤᠷ᠎ᠠ ᠡᠳ᠋ ᠤᠨ ᠰᠠᠭᠢᠭᠤᠯᠰᠤᠨ ᠢ ᠳᠠᠭᠢᠵᠠᠢ᠃ ᠰᠢᠷ᠎ᠠ ᠪᠠᠷ ᠥᠩᠭᠡᠯᠡᠭ᠍ᠰᠡᠨ ᠬᠤᠪᠠᠠᠴᠠᠷ ᠰᠢᠶᠡᠡᠭᠮᠤ ᠳᠤ ᠭᠤᠷᠪᠠᠨ ᠰᠢᠷᠭᠡᠭ᠌ ᠭᠢᠯᠠᠰᠬᠤ ᠭᠦᠵᠢ ᠠᠰᠠᠭᠠᠵᠤ᠂ ᠪᠣᠷᠬᠠᠨ ᠤ ᠪᠠᠨ ᠳᠡᠷᠭᠡᠳᠡ ᠨᠢᠭᠡ ᠠᠤᠠᠬᠤ ᠨᠢᠭᠡᠳᠤ ᠶᠢᠨ ᠵᠤᠭᠤᠰ ᠳᠠᠯᠪᠢᠵᠠᠢ᠃ ᠬᠤᠭᠤᠯᠠᠨ ᠭᠡᠷ ᠲᠤ ᠭᠦᠵᠢ ᠶᠢᠨ ᠦᠨᠦᠷ ᠠᠩᠭᠢᠯᠤᠨ ᠰᠠ‍‌ᠶᠢ ᠣᠷᠤᠭᠠᠤᠨ ᠣᠴᠢᠬᠤ ᠭᠦᠮᠤᠨ ᠳᠤ ᠠᠷᠰᠢ ᠶᠢᠨ ᠣᠷᠤᠨ ᠳᠤ ᠭᠦᠷᠦᠭ᠍ᠰᠡᠨ ᠭᠡᠮᠡᠷ ᠳᠦᠷᠦᠭ᠍ᠳᠡᠯ ᠦᠭ‍ᠭᠦᠨ᠎ᠡ᠃ ᠬᠤᠭᠤᠯᠠᠨ ᠭᠡᠷ ᠤᠨ ᠡᠵᠡᠭ᠍ᠳᠡᠢ ᠭᠡᠭ᠍ᠴᠢ ᠬᠤᠷᠢᠨ ᠭᠡᠳᠦᠳᠡᠢ ᠭᠢᠳᠠᠤᠨ ᠰᠢᠷ᠎ᠠ ᠪᠦᠰᠡᠭᠦᠢ ᠪᠠᠢ᠌ᠯ᠎ᠠ᠃

ᠨᠠᠮᠢ᠋ᠢ ᠨᠢᠭᠡ ᠥᠷᠯᠦᠭᠡ ᠣᠷᠤᠬᠤ ᠳᠤ᠂ ᠡᠵᠡᠭ᠍ᠳᠡᠢ ᠯᠡᠩᠭᠦᠢ ᠲᠦᠰᠢᠨ ᠣᠭᠢᠯᠠᠵᠤ ᠪᠠᠢ᠌ᠯ᠎ᠠ᠃ ᠣᠴᠢᠷ ᠢ ᠨᠢ ᠯᠠᠪᠯᠠᠪᠠᠯ ᠭᠦᠩᠭ᠋ᠡᠷᠡᠪᠡ(ᠲ᠋ᠡᠭᠡᠵᠤ ᠯᠠ ᠨᠡᠷᠡᠯᠡᠭᠦ ᠪᠢᠵᠠ )ᠲ᠋ᠤᠳᠤᠷ᠎ᠠ ᠪᠠᠨ ᠳᠠᠯᠪᠢᠵᠤ ᠪᠠᠢ᠌ᠭᠰᠠᠨ ᠭᠤᠴᠢᠨ ᠭᠡᠳᠤᠨ ᠳᠦᠭᠦᠷᠢᠭ᠌ ᠶᠢᠡᠨ ᠭᠡᠭᠡᠴᠢᠪᠡ ᠭᠡᠨ᠎ᠡ᠃ ᠨᠢᠭᠡ ᠨᠢᠭᠡ ᠠᠶᠠᠭ᠎ᠠ ᠪᠠᠷ ᠪᠣᠷᠴᠠᠭ ᠤᠨ ᠰᠦ᠋ ᠡᠭᠡᠳᠡᠩ ᠬᠤᠳᠠᠯᠳᠤᠵᠤ ᠪᠠᠢ᠌ᠭᠠᠤᠨ ᠴᠤᠭᠯᠠᠭᠤᠯᠤᠭᠰᠠᠨ ᠮᠥᠩᠭᠦ ᠶ‍ᠦᠮᠰᠡᠡᠵᠢ᠂ ᠵᠢᠷᠦᠭᠡ ᠡᠪᠠᠦᠡᠭᠦ ᠦᠭᠡᠶ ᠶᠠᠪᠣᠳᠠᠯ ᠪᠠᠢ᠌ᠨ᠎ᠠ ᠦᠦ︖ ᠡᠭᠦᠨ ᠳᠤ ᠪᠢ᠂ ᠭᠡᠭᠡᠴᠢᠭ᠍ᠰᠡᠨ ᠪᠣᠯ ᠭᠡᠭᠡᠴᠢᠭᠡᠯ᠎ᠡ᠂ ᠬᠠᠢ᠌ᠷᠡᠨ ᠤ ᠪᠠᠶ᠎ᠠ ᠶᠢ ᠪᠣᠤ ᠵᠤᠪᠠᠭ᠎ᠠ᠂ ᠲ᠋ᠠᠷᠠᠭ᠎ᠠ ᠪᠠᠷ ᠭᠢᠴᠢᠶᠠᠨ᠎ᠠ ᠪᠢᠵᠠ ᠭᠡᠭᠦ ᠮᠠᠳᠤ ᠪᠠᠷ ᠢᠤᠠᠬᠠᠭᠠᠤᠨ ᠭᠠᠷᠴᠤ ᠶᠠᠪᠣᠵᠠᠢ᠃

ᠬᠤᠶᠠᠷ ᠬᠤᠨᠤᠭ ᠤᠨ ᠳᠠᠷᠠᠭ᠎ᠠ ᠳᠠᠭᠢᠵᠤ ᠣᠷᠤᠬᠤ ᠳᠤ᠂ ᠭᠦᠩᠭ᠋ᠡᠷᠡᠪᠡ ᠳᠤᠳᠤᠷ᠎ᠠ ᠪᠠᠨ ᠪᠠᠰᠠ ᠨᠢᠭᠡ ᠠᠤᠠᠬᠤ ᠨᠢᠭᠡᠳᠤ ᠶᠢᠨ ᠵᠤᠭᠤᠰ ᠳᠠᠯᠪᠢᠵᠤ ᠪᠠᠢ᠌ᠵᠠᠢ᠃ ᠪᠢ ᠳᠡᠰᠭᠡᠯ ᠦᠭᠡᠶ ᠢᠨᠢᠶᠠᠳᠤ ᠠᠯᠳᠠᠵᠤ᠄

《ᠰᠠᠶ‍ᠢᠬᠠᠨ ᠵᠤᠭᠤᠰ ᠶᠢᠡᠨ ᠭᠡᠭᠡᠭᠡᠳ ᠪᠠᠰᠠ ᠬᠠᠯᠠᠰᠢᠷᠠᠭᠠᠳᠤᠢ ᠦᠦ︖ ᠴᠢᠨᠤ ᠳᠠᠷᠠ ᠪᠣᠷᠬᠠᠨ ᠴᠢᠨᠢ ᠵᠤᠭᠤᠰ ᠢ ᠴᠢᠨᠢ ᠬᠠᠷᠢᠨ ᠬᠠᠷᠠᠵᠤ ᠥᠭ᠍ᠴᠤ ᠳᠡᠢ᠌ᠯᠭᠦ ᠦᠭᠡᠶ ᠶᠠ︕》 ᠭᠡᠵᠤ ᠱᠤᠭᠯᠠᠬᠤ ᠠᠶᠠᠰ ᠲᠡᠶ ᠭᠡᠯᠡᠭ᠍ᠰᠡᠨ ᠳᠤ᠂ ᠡᠵᠡᠭ᠍ᠳᠡᠢ᠄

《ᠠᠪᠣᠭ ᠭᠡᠵᠤ ᠵᠤᠷᠢᠭᠤᠳᠠ ᠢᠯᠠ ᠳᠠᠯᠪᠢᠭᠰᠠᠨ ᠶ‍ᠦᠮ》 ᠭᠡᠪᠡ᠃ ᠡᠨᠡ ᠥᠭᠡᠨ ᠳ᠋ᠤᠨᠢ ᠪᠢ ᠰᠠᠤᠠᠭᠢᠯ ᠭᠦᠳᠡᠯᠦᠭᠡᠤᠨ ᠨᠢᠯᠪᠣᠰᠤ ᠣᠨᠠᠭᠠᠬᠤ ᠳᠤ ᠭᠦᠷᠪᠡ᠂ ᠡᠨᠡ ᠊ᠭ᠍ᠱᠡᠨ ᠳᠤ ᠪᠢ ᠦᠯᠦᠨ ᠭᠡᠳᠡᠰᠤ ᠪᠠᠨ ᠭᠤᠷᠴᠢᠭᠢᠨᠠᠭᠤᠯᠤᠨ ᠪᠢᠴᠢᠭ᠌ ᠦᠵᠡᠵᠤ ᠪᠠᠢ᠌ᠭᠰᠠᠨ ᠳᠤᠮᠳᠠᠳᠤ ᠰᠤᠷᠭᠠᠭᠤᠯᠢ ᠶᠢᠨ ᠦᠶ᠎ᠡ ᠪᠠᠨ ᠰᠡᠨᠡᠭᠠᠯᠵᠡᠯ᠎ᠡ ᠊᠊᠊᠊᠊᠊᠊᠊᠊᠊᠊᠊᠊᠊᠊ ᠥᠯᠦᠰᠦᠭᠡᠤᠨ ᠳᠡᠰᠭᠦ ᠦᠭᠡᠶ ᠪᠣᠯᠬᠤ ᠳᠠᠭᠠᠨ ᠳᠤᠭᠤᠭᠠᠴᠢ ᠪᠠᠭᠰᠢ ᠲᠡᠶ ᠰᠡᠢ᠌ᠮᠰᠦᠷᠡᠵᠤ᠂ ᠥᠳᠭᠡᠨ ᠰᠢᠭ᠌ ᠪᠣᠳᠠᠭᠠᠨ ᠰᠦᠮᠤᠰᠤ ᠶᠢ ᠨᠢ ᠭᠤᠶᠤᠵᠤ ᠣᠯᠤᠭᠠᠤᠨ᠂ ᠲ᠋ᠤᠳᠤᠷ᠎ᠠ ᠨᠢ ᠳᠠᠪᠣᠰᠤ ᠭᠢᠵᠤ ᠭᠡᠳᠡᠰᠤ ᠪᠠᠨ ᠳᠦᠭ᠍ᠳᠡᠢ᠌ᠳᠡᠯ᠎ᠡ ᠣᠤᠭᠤᠵᠤ ᠪᠠᠢ᠌ᠭᠰᠠᠨ ᠶᠢᠡᠨ ᠪᠣᠳᠤᠯ᠎ᠠ᠃ ᠲ᠋ᠠᠷᠠ ᠦᠶ᠎ᠡ ᠳᠤ ᠨᠢᠭᠡ ᠳᠦᠭᠦᠷᠢᠭ᠌ ᠴᠢᠨᠢ ᠨᠢᠭᠡ ᠭᠠᠷᠠᠭ ᠠᠷᠭᠠᠴᠠᠭᠠᠵᠤ ᠭᠦᠷᠳᠡᠭ᠌ ᠪᠠᠢ᠌ᠭᠰᠠᠨ ᠶᠤᠮᠰᠠᠠᠵᠢ᠃ ᠰᠤᠷᠤᠭᠴᠢ ᠭᠦᠮᠤᠨ ᠤ ᠭᠦᠴᠢᠷᠳᠡᠯ ᠢ ᠣᠢ᠌ᠯᠠᠭᠠᠨ ᠥᠴᠦᠭᠡᠨ ᠴᠤ ᠭᠡᠰᠡᠨ ᠨᠠᠮᠠᠷᠢ ᠪᠣᠯᠤᠭ ᠭᠡᠮᠡᠨ ᠥᠭ᠍ᠶᠡᠮᠦᠷᠴᠢ ᠰᠠᠤᠠᠭᠢᠯ ᠭᠠᠷᠭᠠᠵᠤ ᠪᠠᠢ᠌ᠬᠤ ᠳ᠋ᠤᠨᠢ ᠪᠢᠰᠢᠷᠠᠨ ᠳᠤᠭᠳᠤᠯᠵᠤ᠄

《ᠳᠠ ᠴᠢᠨᠢ ᠰᠥᠷᠡᠭᠡᠢ ᠁》 ᠭᠡᠤᠨ 《ᠰᠡᠢ᠌ᠨ ᠰᠡᠨᠡᠭᠠᠳᠡᠢ》 ᠭᠡᠰᠡᠨ ᠥᠭᠡ ᠶᠢ ᠭᠡᠯᠡᠵᠤ ᠠᠮᠵᠢᠭᠠᠳᠤᠢ ᠪᠠᠢ᠌ᠬᠤ ᠳᠤ᠂ ᠡᠵᠡᠭ᠍ᠳᠡᠢ ᠥᠭᠡ ᠶᠢ ᠳᠠᠰᠤᠯᠵᠤ᠄

《ᠮᠢᠨᠤ ᠵᠤᠭᠤᠰ ᠢ ᠬᠤᠯᠠᠭᠠᠢ᠌ᠯᠠᠭᠰᠠᠨ ᠳᠠᠷᠠ ᠭᠡᠦᠭᠡᠤᠨ ᠢ ᠪᠢ ᠳᠠᠨᠢᠵᠤ ᠪᠠᠢ᠌ᠨ᠎ᠠ᠂ ᠰᠤᠷᠭᠠᠭᠤᠯᠢ ᠳ᠋ᠤᠨᠢ ᠣᠴᠢᠭᠠᠤᠨ ᠪᠠᠭᠰᠢ ᠳ᠋ᠤᠨᠢ ᠵᠠᠭᠠᠯᠳᠤᠭᠰᠠᠭᠠᠷ ᠵᠤᠭᠤᠰ ᠶᠢᠡᠨ ᠪᠦᠷᠢᠨ ᠪᠣᠴᠠᠭᠠᠯᠭᠠᠵᠤ ᠪᠣᠯᠬᠤ ᠪᠤᠯᠪᠠᠴᠤ᠂ ᠲ᠋ᠡᠭᠡᠵᠤ ᠭᠢᠪᠠᠯ ᠳᠡᠭᠦᠨ ᠢ ᠳᠣᠢ᠌ᠯ ᠶᠢᠡᠷ ᠥᠷᠦᠰᠢᠶᠡᠭ᠍ᠰᠡᠨ ᠳᠤ ᠳᠤᠭᠠᠴᠢᠭᠳᠡᠨ᠎ᠡ᠃ ᠭᠡᠳᠡᠯ᠎ᠡ ᠪᠢ ᠳᠡᠭᠦᠨ ᠢ ᠳᠠᠢ᠌ᠮᠤ ᠭᠢᠯᠪᠠᠷ ᠳᠠᠯᠪᠢᠬᠤ ᠦᠭᠡᠶ᠂ ᠵᠤᠷᠢᠭᠤᠳᠠ ᠵᠤᠭᠤᠰ ᠳᠠᠯᠪᠢᠨ ᠬᠤᠯᠠᠭᠠᠢ᠌ᠯᠠᠭᠤᠯᠵᠤ ᠬᠤᠯᠠᠭᠠᠢ ᠶᠢᠨ ᠠᠮᠳᠠᠨ ᠳᠤ ᠤᠷᠤᠭᠤᠯᠦᠨ᠎ᠡ᠃ ᠡᠨᠡ ᠭᠡᠦᠭᠡᠤᠨ ᠭᠢᠮᠤᠰᠤ ᠭᠦᠳᠡᠯᠭᠡᠨ ᠬᠤᠯᠠᠭᠠᠢ ᠭᠢᠭᠦ ᠶᠢ ᠰᠤᠷᠤᠭᠠᠤᠨ ᠭᠠᠷᠪᠠᠯ ᠭᠢᠠᠳᠠᠨ ᠤ ᠬᠠᠳᠠᠭᠠᠰᠤ ᠪᠣᠯᠤᠭᠠᠤᠨ ᠨᠢᠭᠡ ᠨᠠᠰᠤ ᠪᠠᠨ ᠥᠮᠡᠭᠡᠢ᠌ᠷᠡᠭᠦᠯᠵᠤ ᠳᠠᠭᠤᠰᠬᠤ ᠪᠤᠯᠤᠨ᠎ᠠ》 ᠭᠡᠵᠤ ᠰᠢᠳᠤ ᠬᠠᠪᠢᠷᠤᠨ ᠭᠡᠯᠡᠵᠡᠢ᠃

ᠪᠢ ᠰᠤᠴᠢᠯᠤᠭ᠎ᠠ︕ ᠶᠠᠭᠠᠭᠢᠭᠰᠠᠨ ᠬᠠᠷ᠎ᠠ ᠬᠤᠤᠷᠳᠠᠢ ᠦᠰᠢᠶ᠎ᠠ ᠠᠪᠣᠯᠭ᠎ᠠ ᠪᠣᠢ︖ ᠦᠨᠦ ᠵᠤᠭᠤᠰ ᠢ ᠨᠢ ᠬᠤᠯᠠᠭᠠᠢ᠌ᠯᠠᠭᠰᠠᠨ ᠳᠠᠷᠠ ᠭᠡᠦᠭᠡᠤᠨ ᠥᠨᠡᠭᠡᠷ ᠳᠡᠭᠦᠨ ᠤ ᠵᠥᠩᠨᠡᠭ᠍ᠰᠡᠨ ᠵᠠᠮ ᠶᠢᠡᠷ ᠣᠷᠤᠬᠤ ᠦᠭᠡᠶ ᠪᠢᠵᠡ︖ ᠭᠡᠵᠤ ᠰᠦᠨᠢᠵᠢᠨ ᠵᠤᠪᠠᠵᠤ ᠪᠢᠯᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 8591
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ