ᠨᠡᠪᠲᠡᠷᠡᠨ ᠤᠷᠤᠬᠤ
ᠨᠢᠭᠡ ᠂ ᠢᠩ ᠤᠨ ᠬᠡᠷ


ᠵᠤᠬᠢᠶᠠᠭᠴᠢ ᠶᠢᠨ ᠳᠤᠬᠠᠢ᠄

ᠬᠠᠷᠭᠤᠢ᠂ ᠣᠤᠯ ᠨᠠᠷ᠎ᠠ ᠨᠢ ᠦᠯᠵᠡᠢ᠌ᠪᠠᠶᠠᠷ᠃ 1966 ᠣᠨ ᠤ ᠡᠪᠦᠯ᠂  ᠵᠡᠷᠦᠳ ᠬᠤᠰᠢᠭᠤᠨ ᠤ ᠭᠡᠷᠴᠢᠯᠡᠭᠤ ᠰᠤᠮᠤ ᠶᠢᠨ ᠡᠩᠭᠡ ᠶᠢᠨ ᠣᠪᠣᠭ᠎ᠠ ᠶᠢᠨ ᠠᠷᠤ ᠬᠤᠷᠮᠤᠢ ᠳᠤ᠂ ᠬᠠᠷᠠᠨᠤᠳ ᠳᠠᠢ᠌ᠵᠢ ᠣᠩᠬ᠎ᠠ ᠶᠢᠨ ᠭᠤᠷᠪᠠᠳᠤᠭᠠᠷ ᠭᠦᠤ ᠪᠣᠯᠵᠤ ᠵᠠᠶᠠᠭᠠᠪᠠ᠃ ᠶ‍ᠢᠰᠤᠨ ᠨᠠᠰᠤᠳᠠᠢ ᠰᠠᠶ‍ᠢ ᠣᠳᠤᠷ ᠤᠨ ᠰᠤᠷᠭᠠᠭᠤᠯᠢ ᠳᠤ ᠣᠷᠤᠵᠤ ᠥᠰᠦᠭ᠌ ᠨᠢᠳᠤᠯᠠᠵᠤ ᠡᠭᠢᠯᠡᠨ᠂   ᠰᠤᠷᠭᠠᠭᠤᠯᠢ ᠰᠤᠶᠤᠯ ᠤᠨ ᠮᠦᠷ ᠢ ᠠᠯᠳᠠᠯ ᠦᠭᠡᠶ ᠭᠦᠭᠡᠭᠡᠵᠤ ᠶᠠᠪᠣᠭᠰᠠᠭᠠᠷ 90 ᠣᠨ ᠳᠤ ᠦᠪᠣᠷ ᠮᠤᠩᠭ᠋ᠤᠯ ᠤᠨ ᠦᠨᠳᠦᠰᠦᠳᠠᠨ ᠤ ᠪᠠᠭᠰᠢ ᠶᠢᠨ ᠳᠡᠭᠡᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠰᠠᠯᠪᠣᠷᠢ ᠡᠴᠡ ᠳᠡᠭᠦᠰᠴᠤ᠂ ᠬᠤᠰᠢᠭᠤᠨ ᠳᠠᠭᠠᠨ ᠬᠠᠷᠢᠨ᠂ ᠪᠠᠶᠠᠷᠳᠤᠬᠤᠰᠢᠭᠤ ᠳ᠋ᠠᠭᠢ ᠳᠤᠮᠳᠠᠳᠤ ᠰᠤᠷᠭᠠᠭᠤᠯᠢ ᠳᠤ ᠪᠠᠭᠰᠢᠯᠠᠪᠠ᠃

ᠪᠠᠭ᠎ᠠ ᠡᠴᠡ ᠨᠤᠮ ᠵᠤᠬᠢᠶᠠᠯ ᠣᠩᠰᠢᠵᠤ ᠴᠤᠭᠯᠠᠭᠤᠯᠬᠤ ᠳᠤᠷᠠᠳᠠᠢ ᠪᠠᠢ᠌ᠭᠰᠠᠨ ᠶᠢᠡᠨ 97 ᠣᠨ ᠡᠴᠡ ᠦᠪᠡᠷ ᠶᠢᠡᠨ ᠪᠢᠴᠢᠵᠤ ᠣᠷᠤᠯᠳᠤᠬᠤ ᠪᠣᠯᠵᠤ᠂ ᠬᠠᠷᠭᠤᠢ ᠨᠠᠷ᠎ᠠ ᠪᠠᠷ ᠵᠤᠬᠢᠶᠠᠯ ᠪᠦᠳᠦᠭᠡᠯ ᠨᠡᠢ᠌ᠳᠡᠯᠡᠭᠦᠯᠭᠦ ᠪᠤᠯᠪᠠ᠃ ᠡᠨᠡ ᠬᠤᠭᠤᠷᠤᠠᠳᠤ ᠳᠠᠷᠠ 《ᠨᠤᠮᠤᠨ ᠰᠤᠬᠤᠷ ᠤᠨ ᠣᠪᠣᠭ᠎ᠠ》 ᠭᠡᠭᠦ ᠶᠡᠷᠦᠩᠭᠡᠢ ᠭᠠᠷᠴᠠᠭ ᠲᠡᠶ ᠣᠬᠤᠷ ᠥᠭᠦᠯᠡᠯᠭᠡ ᠶᠢᠨ ᠴᠤᠪᠣᠷᠠᠯ ᠶᠢᠡᠨ ᠥᠷᠭᠦᠯᠵᠢᠯᠡᠨ ᠨᠠᠢ᠌ᠳᠠᠯᠠᠵᠤ᠂ ᠣᠬᠤᠷ ᠡᠷᠴᠢᠮᠯᠢᠭ᠌ ᠵᠤᠬᠢᠶᠠᠮᠵᠢ᠂ ᠣᠨᠤᠪᠴᠢ ᠰᠠᠢ᠌ᠳᠠᠢ ᠭᠡᠯᠡᠯᠭᠡ ᠪᠠᠷ ᠶᠢᠡᠨ ᠣᠩᠰᠢᠭᠴᠢᠤᠨ ᠤᠨ ᠳᠠᠭᠠᠰᠢᠶᠠᠯ ᠳᠤ ᠪᠠᠭᠤᠵᠤ᠂ ᠲ᠋ᠤᠰᠬᠠᠢ ᠰᠢᠭᠦᠮᠵᠢ ᠴᠤ ᠭᠡᠳᠤ ᠭᠠᠷᠤᠯ᠎ᠠ᠃ ᠪᠠᠰᠠ 《ᠠᠮᠢ ᠨᠠᠰᠤᠨ ᠤ ᠣᠷᠳᠤᠷᠢᠭ》᠂ 《ᠠᠭᠤᠯᠠᠨ ᠳᠤ ᠵᠠᠯᠠᠭᠰᠠᠨ ᠪᠦᠷᠭᠡᠨ》   ᠵᠡᠷᠭᠡ ᠥᠭᠦᠯᠡᠯᠭᠡ ᠪᠢᠴᠢᠵᠤ᠂ ᠠᠮᠢᠳᠤᠷᠠᠯ ᠤᠨ ᠥᠩᠭᠡᠳᠤ ᠭᠦᠷᠦᠰᠤᠨ ᠡᠴᠡ ᠬᠤᠷᠠᠮᠳᠤᠭᠤᠯᠤᠭᠰᠠᠨ ᠶᠢᠡᠨ ᠣᠤᠠᠬᠠᠰ ᠤᠨ ᠨᠤᠭᠤᠭᠠᠨ ᠳᠠᠯ᠎ᠠ ᠳᠤ ᠣᠪᠤᠨ ᠴᠤᠪᠤᠨ ᠴᠤᠪᠣᠷᠠᠭᠤᠯᠵᠤ ᠪᠠᠢ᠌ᠭ᠎ᠠ᠃ ᠦᠨᠦ ᠳᠠᠷᠠ 《ᠵᠠᠮ ᠤᠨ ᠳᠤᠭᠤᠰᠤ》 ᠭᠡᠭᠦ ᠣᠤᠭᠠᠨ ᠳᠤᠭᠤᠵᠢ ᠪᠠᠨ ᠪᠢᠴᠢᠵᠤ᠂ ᠣᠩᠰᠢᠭᠴᠢ ᠲᠦᠮᠡᠨ ᠳᠡᠭᠡᠨ ᠡᠷᠭᠦᠨ ᠪᠠᠷᠢᠵᠤ ᠪᠠᠢ᠌ᠨ᠎ᠠ᠃ ᠲ᠋ᠠ ᠣᠯᠠᠨ ᠳᠤ ᠳᠠᠭᠠᠰᠢᠶᠠᠭᠳᠠᠬᠤ ᠪᠣᠯᠳᠤᠭᠠᠢ!


ᠨᠢᠭᠡ  ᠢᠩ ᠤᠨ ᠭᠡᠷ


ᠣᠪᠣᠭ᠎ᠠ ᠠᠢ᠌ᠯ ᠤᠨ ᠡᠷᠭᠢᠨ ᠳᠤᠭᠤᠷᠢᠨ ᠳ᠋ᠠᠭᠢ ᠭᠠᠵᠠᠷ ᠶᠢᠡᠷ ᠭᠡᠵᠢᠶ᠎ᠡ ᠡᠴᠡ ᠡᠭᠢᠯᠡᠵᠤ ᠬᠠᠯᠳᠠᠷ ᠪᠣᠯᠳᠠᠷ ᠳᠠᠷᠢᠶ᠎ᠠ ᠳᠠᠷᠢᠬᠤ ᠪᠣᠯᠤᠭᠰᠠᠨ ᠢ ᠭᠡᠨ ᠨᠢ ᠴᠤ ᠳᠤᠳᠤᠷᠬᠠᠢ ᠭᠡᠯᠡᠵᠤ ᠭᠠᠷᠬᠤ ᠦᠭᠡᠶ᠃ ᠣᠴᠢᠷ ᠪᠣᠯᠭᠠᠵᠤ ᠠᠢ᠌ᠯ ᠤᠨ ᠭᠦᠭ᠍ᠰᠢᠤᠨ ᠡᠴᠡ ᠠᠰᠠᠭᠤᠭᠠᠤᠨ ᠴᠤ 《ᠳᠠᠷᠠ ᠵᠢᠯ》 ᠭᠡᠭᠦ ᠳᠤᠳᠤᠷᠬᠠᠢ ᠬᠠᠷᠢᠭᠤᠯᠳᠠ ᠣᠯᠤᠭᠰᠠᠨ ᠦᠭᠡᠶ ᠭᠡᠳᠡᠭ᠌᠃ ᠡᠨᠡ ᠬᠤᠳᠤᠭᠤᠷ ᠲᠤ ᠬᠠᠮᠤᠭ ᠡᠴᠡ ᠦᠨᠳᠦᠷ ᠨᠠᠰᠤᠳᠠᠢ ᠭᠦᠮᠤᠨ ᠭᠡᠪᠠᠯ ᠬᠠᠮᠤᠭ ᠳᠦᠷᠦᠭᠦᠤ ᠰᠠᠬᠠᠯᠳᠤ ᠡᠶ‍ᠢ ᠳᠤᠷᠠᠳᠤᠭᠳᠠᠨ᠎ᠠ᠃ ᠡᠷᠡᠤ ᠳᠡᠭᠡᠷᠡᠭᠢ ᠭᠢᠮᠤᠰᠤᠨ ᠳᠤᠯᠢᠨ ᠴᠢᠨᠡᠭᠡ ᠪᠣᠷᠤᠪᠳᠤᠷ ᠮᠡᠩᠭᠡ ᠡᠴᠡ ᠨᠢ ᠪᠣᠳᠠ ᠰᠠᠬᠠᠯ ᠤᠷᠭᠤᠵᠤ᠂ ᠡᠩᠭᠡᠯᠵᠡᠭᠦᠷ ᠳᠤᠨᠢ ᠳᠤᠯᠤᠭᠰᠠᠨ ᠪᠠᠢ᠌ᠳᠠᠭ ᠶᠢᠡᠷ ᠰᠠᠬᠠᠯᠳᠤ ᠡᠶ‍ᠢ ᠭᠡᠵᠤ ᠨᠠᠷᠠᠰᠢᠵᠠᠢ᠃ ᠨᠠᠰᠤᠨ ᠰᠡᠭᠦᠳᠡᠷ ᠭᠡᠳᠦᠢ ᠪᠣᠯᠤᠭᠰᠠᠨ ᠢ ᠭᠡᠨ ᠴᠤ ᠪᠠᠷᠤᠭᠯᠠᠬᠤ ᠳᠤ ᠪᠠᠷᠭᠡ᠃ ᠡᠷ᠎ᠡ ᠨᠢ ᠬᠠᠭᠤᠷᠮᠠᠭ ᠮᠠᠠᠵᠤ ᠶᠢᠨ ᠦᠶ᠎ᠡ ᠳᠤ ᠳᠠᠷᠪᠠ ᠵᠠᠯᠠᠨ ᠤ ᠠᠳᠤᠭᠤᠴᠢᠨ ᠶᠠᠪᠣᠵᠤ ᠪᠠᠢ᠌ᠭᠰᠠᠨ ᠶᠢᠡᠨ ᠭᠡᠳᠡᠰᠤᠨ ᠬᠠᠤᠠᠬᠤᠭ᠎ᠠ ᠪᠠᠷ ᠨᠠᠰᠤ ᠪᠤᠯᠵᠤ᠂ ᠭᠦᠤ ᠨᠢ ᠨᠡᠭᠦ (ᠤᠷᠦᠰ) ᠤᠷᠦᠵᠤ ᠢᠷᠡᠭ᠍ᠰᠡᠨ ᠵᠢᠯ ᠬᠠᠯᠬ᠎ᠠ ᠳᠤ ᠭᠠᠷᠤᠯ᠎ᠠ ᠭᠡᠭᠦ ᠶᠤᠮ᠃ ᠶᠠᠭᠤ ᠴᠤ ᠭᠡᠰᠡᠨ ᠭᠦᠭ᠍ᠰᠢᠨ ᠡᠳᠦᠢ ᠪᠣᠯᠳᠠᠯ᠎ᠠ ᠭᠠᠭᠴᠠᠭᠠᠷ ᠠᠮᠢᠳᠤᠷᠠᠭᠰᠠᠭᠠᠷ ᠪᠦᠭᠡᠤᠨ ᠣᠳᠤ ᠡᠨᠡ ᠠᠢ᠌ᠯ ᠤᠨ ᠦᠷ᠎ᠡ ᠶᠢᠨ ᠭᠠᠭᠴᠠ ᠳᠠᠪᠤᠨ ᠪᠠᠳᠤᠯᠭᠠᠳᠤ ᠡᠷᠦᠭᠡ ᠪᠣᠯᠪᠠ᠃ ᠰᠠᠬᠠᠯᠳᠤ ᠡᠶ‍ᠢ ᠡᠴᠡ ᠡᠨᠡ ᠬᠤᠳᠤᠭᠤᠷ ᠲᠤ ᠭᠡᠵᠢᠶ᠎ᠡ ᠡᠴᠡ ᠡᠭᠢᠯᠡᠵᠤ ᠳᠠᠷᠢᠶ᠎ᠠ ᠳᠠᠷᠢᠬᠤ ᠪᠣᠯᠤᠭᠰᠠᠨ ᠢ ᠠᠰᠠᠭᠤᠬᠤ ᠭᠡᠵᠤ ᠴᠢᠭᠢᠨ ᠳ᠋ᠤᠨᠢ ᠬᠤᠩᠰᠢᠶᠠᠷ ᠶᠢᠡᠨ ᠲᠦᠷᠦᠵᠤ ᠪᠠᠢ᠌ᠭᠠᠤᠨ ᠪᠠᠷᠭᠢᠷᠠᠬᠤ ᠳᠤ ᠡᠶ‍ᠢ ᠰᠠᠶ‍ᠢ ᠣᠢ᠌ᠯᠠᠭᠠᠪᠠ ᠪᠣᠯᠤᠯᠳᠠᠢ᠂ ᠮᠤᠭᠢᠷ ᠬᠤᠷᠤᠭᠤᠳ ᠤᠨ ᠦᠶ᠎ᠡ ᠨᠤᠭᠦᠳ ᠶᠢᠡᠨ ᠴᠢᠨᠡᠭᠡ ᠮᠠᠳᠠᠨ ᠵᠢᠭᠢᠯᠭᠡᠵᠤ᠂ ᠳᠦᠩᠭᠡᠵᠢ ᠡᠷᠡᠭᠡᠢ ᠬᠤᠷᠤᠭᠤ ᠣᠷᠤᠬᠤ ᠵᠠᠢ ᠭᠠᠷᠭᠠᠵᠤ ᠪᠠᠢ᠌ᠮᠠᠨ ᠳᠤᠭᠠᠯᠠᠵᠤ ᠳᠤᠭᠠᠯᠠᠵᠤ᠄

᠊᠊᠊᠊᠊᠊᠊᠊᠊᠊᠊᠊᠊᠊᠊ ᠲ᠋ᠠᠷᠪᠠ ᠵᠠᠯᠠᠨ ᠤ ᠠᠳᠤᠭᠤᠨ ᠭᠦᠯ ᠶᠢᠡᠷ ᠭᠢᠰᠭᠦᠯᠵᠤ ᠳᠠᠷᠢᠭᠰᠠᠨ ᠴᠢᠨᠢ᠁ ᠭᠡᠤᠨ ᠳᠦᠭ᠍ᠳᠡᠷᠴᠢᠭᠡᠪᠡ᠃ ᠢ᠌ᠳᠡᠪ ᠨᠢ ᠭᠠᠷᠤᠯ᠎ᠠ ᠭᠡᠵᠤ ᠱᠦᠪᠦᠯᠵᠡᠵᠦ ᠪᠠᠢ᠌ᠳᠠᠯ᠎ᠠ ᠭᠦᠭ᠍ᠰᠢᠨ ᠤ ᠬᠠᠭᠤᠴᠢᠨ ᠠᠭᠰᠠᠭ᠎ᠠ ᠨᠢ ᠭᠦᠳᠡᠯᠵᠤ᠂ ᠫᠦᠭ᠍ᠰᠢᠵᠤ ᠬᠠᠭᠰᠢᠭᠠᠤᠨ ᠵᠤᠭᠰᠤᠬᠤ ᠶᠤᠮ ᠪᠢᠰᠢ᠃ ᠨᠥᠭᠡᠨ ᠠᠮᠠᠰᠠᠷ ᠶᠢᠠᠨ ᠱᠠᠭᠠᠢ᠌ᠭᠰᠠᠨ ᠭᠦᠮᠤᠨ ᠢ ᠰᠢᠷᠭᠠᠭᠠᠵᠤ ᠪᠠᠢ᠌ᠭᠰᠠᠭᠠᠷ ᠵᠠᠯᠠᠭᠠᠤᠨ ᠠᠪᠴᠢᠬᠠᠪᠠᠯ ᠵᠠᠳᠠᠷᠠᠭᠰᠠᠨ ᠭᠡᠷᠡᠭ᠌ ᠪᠣᠯᠤᠨ᠎ᠠ ᠭᠡᠵᠤ ᠣᠴᠢᠭᠰᠠᠨ ᠭᠦᠮᠦᠰ ᠠᠶᠤᠭᠠᠤᠨ ᠴᠢᠨᠠᠭᠰᠢ ᠠᠮᠠ ᠨᠡᠭᠡᠭᠡᠭᠦ ᠵᠤᠷᠢᠭ ᠭᠦᠷᠦᠭ᠍ᠰᠡᠨ ᠦᠭᠡᠶ᠃ ᠭᠡᠳᠡᠷᠭᠦ ᠪᠠᠨ ᠬᠠᠷᠢᠨ ᠭᠦᠯ ᠨᠢᠷᠤᠭᠤ ᠶᠢ ᠨᠢ ᠨᠤᠬᠤᠯᠠᠵᠤ᠂ ᠬᠤᠶᠠᠩ ᠰᠢᠷ᠎ᠠ ᠣᠰᠤ ᠶᠢ ᠨᠢ ᠳᠠᠷᠠᠭᠠᠵᠤ ᠦᠭ‍ᠭᠦ ᠠᠯᠪᠠᠨ ᠳᠤ ᠤᠨᠤᠭᠳᠠᠪᠠ᠃ ᠭᠦᠭ᠍ᠰᠢᠨ᠂   ᠬᠠᠭᠠᠰ ᠡᠳᠦᠷ ᠦᠶ᠎ᠡ ᠭᠡᠰᠢᠭᠦᠤ ᠪᠠᠨ ᠨᠤᠬᠤᠯᠠᠭᠤᠯᠵᠤ᠂ ᠪᠠᠶ᠎ᠠ ᠨᠢ ᠳᠠᠯᠪᠢᠭᠤᠷᠠᠭᠰᠠᠨ ᠪᠣᠯᠤᠯᠳᠠᠢ᠂ ᠣᠷᠳᠤᠬᠠᠨ ᠭᠡᠳᠤ ᠭᠡᠭᠡᠷᠡᠭᠦᠯᠵᠤ᠂ ᠢᠰᠡᠭᠡᠢ ᠣᠯᠪᠣᠭ ᠤᠨ ᠶᠢᠡᠨ ᠳᠤᠤᠭᠤᠷ ᠰᠢᠷᠭᠤᠵᠤ ᠣᠷᠤᠭᠠᠤᠨ ᠯᠥᠭ᠌ ᠰᠥᠭ᠌ ᠦᠭᠡᠶ ᠣᠠᠳᠠᠵᠤ ᠣᠷᠭᠢᠵᠠᠢ᠁

ᠣᠪᠣᠭ᠎ᠠ ᠠᠢ᠌ᠯ ᠤᠨ ᠭᠢᠨ᠂ ᠣᠨ ᠵᠢᠯ ᠳᠡᠭᠡᠨ ᠮᠤᠩᠭ᠋ᠠᠨᠢᠵᠤ ᠪᠠᠢ᠌ᠭᠠᠤᠨ ᠣᠯᠤᠭᠰᠠᠨ ᠳᠠᠷᠢᠶ᠎ᠠ ᠪᠠᠨ ᠡᠨᠡ ᠡᠳᠦᠷ ᠶᠠᠭᠤ ᠴᠤ ᠭᠡᠰᠡᠨ ᠦᠳᠦᠷᠮ᠎ᠠ ᠳᠡᠭᠡᠨ ᠣᠷᠤᠭᠤᠯᠵᠤ ᠳᠠᠭᠤᠰᠬᠤ ᠪᠣᠯᠤᠯ᠎ᠠ᠃ ᠬᠠᠮᠤᠭ ᠰᠡᠭᠦᠯᠴᠢ ᠶᠢᠨ ᠨᠢᠭᠡ ᠳᠡᠷᠭᠡ ᠣᠷᠤᠵᠤ ᠢᠷᠡᠭᠦ ᠳᠤ ᠦᠯᠦᠰᠴᠤ ᠶᠠᠳᠠᠷᠠᠭᠰᠠᠨ ᠭᠦᠮᠦᠰ ᠡᠡᠳᠡ ᠳᠠᠠᠳᠠ ᠡᠴᠡ ᠨᠢ ᠴᠢᠮᠭᠢᠵᠤ ᠳᠠᠳᠠᠯᠠᠵᠤ ᠪᠠᠢ᠌ᠬᠤ ᠶᠢ ᠳᠠᠮᠷᠢᠨ ᠱᠦᠵᠢ ᠣᠯᠵᠤ ᠥᠵᠡᠭᠡᠤᠨ᠄

᠊᠊᠊᠊᠊᠊᠊᠊᠊᠊᠊᠊᠊᠊᠊ ᠨᠢᠭᠡ ᠳᠡᠷᠭᠡ ᠮᠤᠩᠭ᠋ᠤᠯ ᠢ ᠪᠠᠭᠤᠯᠭᠠᠬᠤ ᠳᠤ ᠶᠠᠭᠤ ᠨᠢ ᠳᠠᠳᠤᠢ ᠮᠠᠶ‍ᠢᠭᠯᠠᠭᠠᠤᠨ ᠪᠠᠢ᠌ᠬᠤ ᠶᠤᠮ᠃ ᠬᠤᠷᠳᠤᠨ ᠳᠦᠷᠦᠭᠦ ᠡᠮ᠎ᠡ ᠪᠣᠯ ᠡᠨᠡ ᠬᠤᠭᠤᠷᠤᠠᠳᠤ ᠭᠡᠳᠤ ᠳᠦᠷᠦᠭᠡᠤᠨ ᠵᠠᠪᠳᠤᠴᠢᠬᠠᠭᠰᠠᠨ  ᠭᠡᠵᠤ ᠪᠠᠷᠭᠢᠷᠠᠬᠤ ᠳᠤ ᠳᠠᠠᠳᠠ ᠪᠠᠢ᠌ᠭᠰᠠᠨ ᠵᠠᠯᠠᠭᠤᠴᠤᠳ ᠳᠦᠷᠴᠢᠭᠢᠨᠠᠳᠠᠯ᠎ᠠ ᠢᠨᠢᠶᠠᠯᠴᠠᠨ ᠣᠳᠠᠭᠰᠠᠨ ᠴᠤ ᠦᠭᠡᠶ ᠪᠠᠭᠤᠯᠭᠠᠵᠤ ᠪᠠᠷᠠᠪᠠ᠃ ᠦᠨᠡᠨ ᠢ ᠭᠡᠯᠡᠪᠠᠯ ᠡᠨᠡ ᠵᠢᠯ ᠤᠨ ᠳᠠᠷᠢᠶ᠎ᠠ ᠴᠤ ᠪᠣᠬᠤᠷ ᠡᠴᠡ ᠪᠠᠨ ᠪᠣᠷᠤ ᠰᠤᠯᠤᠩᠭ᠋᠎ᠠ ᠳᠠᠳᠠᠳᠠᠯ᠎ᠠ ᠭᠢᠮᠠᠷ ᠠᠷᠪᠢᠨ ᠣᠯᠴᠢᠬᠠᠭᠰᠠᠨ ᠳᠠᠭᠠᠨ ᠪᠢᠰᠢ᠂ ᠠᠳᠤᠭᠤ ᠮᠠᠯ ᠭᠢᠰᠭᠢᠯᠠᠵᠤ ᠰᠥᠢᠦᠡᠭᠡᠭᠦ ᠡᠴᠡ ᠠᠶᠤᠭᠠᠤᠨ ᠶᠠᠭᠠᠷᠠᠵᠤ ᠪᠠᠢ᠌ᠬᠤ ᠨᠢ ᠡᠨᠡ᠃ ᠥᠳᠦᠷᠮ᠎ᠡ ᠳᠡᠭᠡᠨ ᠣᠷᠤᠭᠤᠯᠵᠤ ᠪᠢᠳᠡᠭᠦᠯᠦᠭᠡᠤᠨ ᠠᠪᠴᠢᠬᠠᠪᠠᠯ ᠣᠭᠤᠳᠠᠨ ᠳᠤ ᠬᠠᠭᠠᠰ ᠣᠷᠤᠴᠢᠬᠠᠯ᠎ᠠ ᠭᠡᠰᠡᠨ ᠥᠭᠡ᠃ ᠠᠭᠠᠵᠢᠮ ᠳᠠᠭᠠᠨ ᠭᠢᠰᠭᠢᠭᠦᠯᠤᠨ ᠠᠪᠴᠤ ᠪᠣᠯᠬᠤ ᠶᠤᠮ ᠴᠢᠨᠢ ᠰᠠᠤᠠᠭᠢᠯ ᠠᠭᠤᠵᠢᠷᠡᠵᠤ᠂ ᠭᠦᠨ ᠨᠢᠭᠡ ᠠᠮᠢᠰᠬᠤᠭ᠎ᠠ ᠠᠪᠬᠤ ᠨᠢ ᠶᠠᠷᠢᠶᠠᠨ ᠦᠭᠡᠶ᠃

᠊᠊᠊᠊᠊᠊᠊᠊᠊᠊᠊᠊᠊᠊᠊ ᠶ‍ᠦᠤ  ᠨᠢᠷᠦᠭᠤ᠂ ᠨᠢᠷᠦᠭᠤ  ᠭᠡᠵᠤ ᠡᠪᠦᠭᠡᠨ ᠱᠦᠵᠢ ᠨᠢᠷᠤᠭᠤ ᠪᠠᠨ ᠰᠢᠭᠠᠵᠤ᠂ ᠨᠠᠷᠢᠮᠤ ᠶᠢᠨ ᠣᠪᠣᠭᠠᠨ ᠤ ᠡᠩᠭᠡᠷ ᠰᠠᠭᠤᠬᠤ ᠳᠤ ᠡ᠊ ᠡᠷᠭᠢᠯᠡᠭ᠍ᠴᠢ ᠵᠠᠬ᠎ᠠ ᠳ᠋ᠤᠨᠢ ᠡᠷᠡᠤᠳᠡᠨ ᠴᠦᠮᠴᠥᠢᠪᠡ᠃ ᠡᠨᠡ ᠬᠤᠶᠠᠷ ᠭᠦᠮᠤᠨ ᠪᠣᠯ ᠣᠪᠣᠭ᠎ᠠ ᠠᠢ᠌ᠯ ᠤᠨ ᠭᠤᠤᠯ ᠳᠤᠯᠭᠠᠭᠤᠷᠢ᠃ ᠣᠴᠢᠷ ᠵᠥᠪᠳᠡᠭᠦ ᠮᠠᠶ‍ᠢᠭ ᠲᠡᠶ ᠣᠯᠠᠨ ᠡᠴᠡ ᠵᠠᠢ᠌ᠳᠠᠭᠤ ᠰᠠᠭᠤᠪᠠ᠃ ᠴᠠᠭᠠᠨ᠎ᠠ ᠪᠠᠢ᠌ᠭ᠎ᠠ ᠮᠤᠩᠭ᠋ᠤᠯ ᠤᠨ ᠣᠪᠣᠭᠠᠨ ᠤ ᠡᠩᠭᠡᠷ ᠭᠦᠮᠦᠰ ᠡᠷ᠎ᠡ ᠡᠮ᠎ᠡ ᠪᠠᠷ ᠶᠢᠡᠨ ᠢᠯᠭᠠᠷᠠᠭᠰᠠᠨ ᠪᠣᠯᠪᠠᠴᠤ ᠨᠢᠭᠡ ᠳᠤᠤᠷ᠎ᠠ ᠪᠦᠭᠡᠮᠨᠡᠷᠡᠵᠤ ᠰᠠᠭᠤᠭᠠᠤᠨ ᠳᠠᠮᠠᠭᠢ ᠴᠠᠭᠠᠰᠤᠨ ᠤ ᠰᠤᠯᠢᠯᠴᠠᠭ᠎ᠠ᠂ ᠲ᠋ᠠᠭᠠᠷᠢᠯᠴᠠᠭ᠎ᠠ ᠥᠭᠡᠨ ᠤ ᠥᠯᠭᠢᠯᠴᠡᠭᠡ ᠪᠠᠨ ᠡᠭᠢᠯᠡᠯ᠎ᠡ ᠰᠢᠪ᠂ ᠮᠤᠤᠷ ᠥᠵᠡᠭ᠍ᠰᠡᠨ ᠱᠠᠭᠠᠵᠠᠭᠠᠢ ᠨᠤᠭᠤᠳ ᠰᠢᠭ ᠱᠤᠯᠴᠢᠭᠢᠨᠠᠵᠤ ᠭᠠᠷᠪᠠ᠃

ᠲ᠋ᠠᠮᠷᠢᠨ ᠱᠦᠵᠢ ᠨᠠᠪᠴᠢᠨ ᠳᠠᠮᠠᠭᠢ ᠪᠠᠨ ᠪᠦᠳᠦᠭᠦᠨ ᠰᠢᠭ᠌ ᠣᠷᠢᠶᠠᠵᠤ ᠨᠤᠴᠤᠭᠠᠬᠤ ᠶᠢᠨ ᠳᠠᠭᠠᠤ ᠦᠳᠦᠷᠮ᠎ᠠ ᠳᠤ ᠣᠷᠤᠭᠤᠯᠤᠭᠰᠠᠨ ᠳᠠᠷᠢᠶ᠎ᠠ ᠪᠠᠨ ᠰᠢᠷᠪᠢᠨ ᠬᠠᠷᠠᠭᠠᠤᠨ ᠣᠷᠳᠤᠬᠠᠨ ᠰᠡᠭᠦᠷᠡᠰᠤ ᠡᠡᠯᠳᠡᠪᠡ᠃ ᠡᠨᠡ ᠪᠣᠯᠤᠩ ᠳ᠋ᠤᠨᠢ ᠬᠠᠯᠢᠰᠤ ᠶᠢ ᠨᠢ ᠱᠠᠭᠠᠯᠤᠭ᠎ᠠ ᠦᠭᠡᠶ ᠡᠷᠳᠡᠨᠢ ᠰᠢᠰᠢ᠂ ᠲ᠋ᠠᠷᠠ ᠵᠠᠬ᠎ᠠ ᠳ᠋ᠤᠨᠢ ᠭᠡᠳᠤᠨ ᠣᠪᠣᠭ᠎ᠠ ᠨᠠᠷᠢᠮᠤ᠂ ᠨᠠᠭᠠᠨ᠎ᠠ ᠨᠢ ᠪᠠᠰᠠ ᠭᠡᠳᠤᠨ ᠣᠪᠣᠭ᠎ᠠ ᠭᠢᠰᠭᠢᠭᠦᠯᠦᠭᠡ ᠦᠭᠡᠶ ᠮᠤᠩᠭ᠋ᠤᠯ ᠁

᠊᠊᠊᠊᠊᠊᠊᠊᠊᠊᠊᠊᠊᠊᠊ ᠨᠤᠬᠠᠢ ᠳᠦᠯᠢᠶᠡ᠂ ᠡᠨᠡ ᠵᠢᠯ ᠪᠠᠰᠠ ᠯᠠ ᠮᠠᠯ ᠤᠨ ᠬᠤᠭᠤᠯᠠ ᠪᠠᠷ ᠢᠷᠡᠭᠦ ᠡᠷᠳᠡᠨᠢ ᠰᠢᠰᠢ ᠶᠢ ᠢᠳᠠᠵᠤ ᠣᠨ ᠳᠤ ᠣᠷᠤᠬᠤ ᠨᠢ ᠡ  ᠭᠡᠵᠤ ᠳᠠᠮᠷᠢᠨ ᠱᠦᠵᠢ ᠳᠠᠮᠠᠭᠢ ᠪᠠᠨ ᠭᠦᠴᠦᠳᠡᠢ᠌ᠭᠡᠨ ᠰᠤᠷᠤᠪᠠ᠃

᠊᠊᠊᠊᠊᠊᠊᠊᠊᠊᠊᠊᠊᠊᠊ ᠲ᠋ᠡᠭᠡᠭ᠍ᠰᠢ ᠭᠡᠳᠦᠢ ᠭᠡᠵᠤ ᠮᠡᠳᠡᠭᠦᠯᠳᠡᠭ᠌ ᠪᠢᠯᠡ  ᠭᠡᠵᠤ ᠡ᠊ ᠡᠷᠭᠢᠯᠡᠭ᠍ᠴᠢ ᠴᠢᠷᠠᠢ᠌ᠳᠠᠬᠤ ᠳ᠋ᠤ ᠡᠪᠦᠭᠡᠨ  ᠳᠤᠷᠤᠭᠰᠢ ᠳᠤᠩᠭ᠋ᠣᠢ᠌ᠵᠤ ᠭᠡᠰᠡᠭ᠌ ᠪᠣᠳᠤᠯᠭᠢᠯᠠᠭᠰᠠᠨ ᠶᠢᠡᠨ᠄

᠊᠊᠊᠊᠊᠊᠊᠊᠊᠊᠊᠊᠊᠊᠊ ᠨᠢᠳᠤᠨᠤᠨ ᠭᠡᠳᠦᠢ ᠵᠢᠩ ᠣᠯᠤᠯ᠎ᠠ ᠭᠡᠵᠤ ᠮᠡᠳᠡᠭᠦᠯᠦᠭ᠍ᠰᠡᠨ ᠪᠢᠯᠡ  ᠭᠡᠵᠤ ᠭᠡᠳᠡᠷᠭᠦ ᠠᠰᠠᠭᠤᠪᠠ᠃

᠊᠊᠊᠊᠊᠊᠊᠊᠊᠊᠊᠊᠊᠊᠊ ᠨᠢ᠋ᠮᠠᠨ ᠲᠦᠮᠡ ᠳᠠᠪᠤᠨ ᠮᠢᠩᠭ᠋ᠠᠨ ᠵᠢᠩ᠃

᠊᠊᠊᠊᠊᠊᠊᠊᠊᠊᠊᠊᠊᠊᠊ ᠲ᠋ᠡᠭᠡᠪᠠᠯ ᠡᠨᠡ ᠵᠢᠯ ᠠᠷᠪᠠᠨ ᠲᠦᠮᠡᠨ ᠵᠢᠩ ᠶᠢᠡᠷ ᠮᠡᠳᠡᠭᠦᠯᠭᠦ ᠭᠡᠷᠡᠭ᠍ᠳᠡᠢ᠃   ᠬᠠᠰᠤᠭᠳᠠᠭᠤᠯᠵᠤ ᠪᠣᠯᠬᠤ ᠦᠭᠡᠶ᠃

᠊᠊᠊᠊᠊᠊᠊᠊᠊᠊᠊᠊᠊᠊᠊ ᠡᠰᠢ ᠰᠦᠷᠡᠯ ᠲᠡᠶ ᠨᠢ ᠵᠢᠩᠯᠡᠭᠡᠤᠨ ᠳᠠᠳᠤᠢ ᠭᠦᠷᠭᠦ ᠦᠭᠡᠶ ᠰᠢᠤ᠃

᠊᠊᠊᠊᠊᠊᠊᠊᠊᠊᠊᠊᠊᠊᠊ ᠡᠡᠢ᠂ ᠥᠭᠡᠷ᠎ᠡ ᠶᠠᠮᠠᠷ ᠠᠷᠭ᠎ᠠ ᠪᠠᠢ᠌ᠨ᠎ᠠ ᠳ᠋ᠡ  ᠭᠡᠭᠦ ᠳᠤ ᠡᠷᠭᠢᠯᠡᠭ᠍ᠴᠢ ᠳᠤ ᠴᠤ ᠳᠤᠭᠢᠳᠠᠢ ᠠᠷᠭ᠎ᠠ ᠣᠯᠳᠠᠭᠰᠠᠨ ᠦᠭᠡᠶ ᠳᠤᠭᠤᠢ ᠪᠣᠯᠪᠠ᠃ ᠮᠤᠩᠭ᠋ᠤᠯ ᠤᠨ ᠣᠪᠣᠭᠠᠨ ᠤ ᠡᠩᠭᠡᠷ ᠲᠤ ᠭᠡᠨ ᠨᠢᠭᠡ ᠨᠢ ᠮᠡᠷᠭᠡᠯᠡᠵᠤ ᠪᠠᠢ᠌ᠭ᠎ᠠ ᠪᠣᠯᠤᠯᠳᠠᠢ᠂ ᠪᠠᠢ᠌ᠨ ᠪᠠᠢ᠌ᠨ ᠳᠦᠷᠭᠢᠯᠳᠦᠭᠦ ᠳᠠᠭᠤᠨ ᠭᠠᠷᠴᠤ᠂   ᠦᠬᠢᠳ ᠡᠮᠡᠰ ᠨᠢ ᠠᠯᠴᠢᠭᠤᠷ ᠤᠨ ᠶᠢᠡᠨ ᠥᠵᠦᠭᠦᠷ ᠶᠢᠡᠷ ᠠᠮᠠ ᠪᠠᠨ ᠪᠦᠳᠡᠭᠡᠨ ᠭᠢᠤᠨ ᠬᠠᠤᠨ ᠢᠨᠢᠶᠠᠯᠴᠠᠨ᠎ᠠ᠃ ᠲ᠋ᠠᠮᠷᠢᠨ ᠱᠦᠵᠢ ᠳᠠᠷᠠ ᠣᠷᠤᠭᠤ ᠴᠠᠭᠠᠨ ᠨᠢᠳᠤ ᠪᠠᠷ ᠴᠠᠢ᠌ᠪᠠᠢ᠌ᠵᠤ ᠬᠠᠷᠠᠭᠰᠠᠨ ᠶᠢᠡᠨ ᠭᠠᠷ ᠤᠨ ᠠᠯᠠᠭᠠᠨ ᠳᠡᠭᠡᠷ᠎ᠡ ᠪᠠᠨ ᠯᠠᠭ ᠭᠡᠳᠡᠯ᠎ᠡ ᠨᠤᠯᠮᠤᠵᠤ᠂ ᠲ᠋ᠠᠮᠠᠭᠢ ᠶᠢᠨ ᠭᠠᠯ ᠶᠢᠡᠨ ᠲᠦᠷᠦᠵᠤ ᠣᠠᠳᠠᠷᠠᠭᠠᠭᠰᠠᠨ ᠶᠢᠡᠨ ᠳᠠᠭᠢᠨ ᠭᠤᠳᠤᠯ ᠤᠨ ᠶᠢᠡᠨ ᠬᠤᠩᠰᠢᠶᠠᠷ ᠳᠡᠭᠡᠷ᠎ᠡ ᠱᠤᠳᠤᠷᠤᠨ ᠵᠥᠯᠭᠦᠭᠦ ᠶᠢᠨ ᠳᠠᠭᠠᠤ᠄

᠊᠊᠊᠊᠊᠊᠊᠊᠊᠊᠊᠊᠊᠊᠊ ᠭᠠᠶᠠ ᠡᠨᠡ ᠰᠦᠨᠢ ᠦᠳᠦᠷᠮ᠎ᠠ ᠰᠠᠭᠢᠵᠤ ᠬᠤᠨᠤ᠂  ᠥᠭᠡᠷ᠎ᠡ ᠨᠢ ᠨᠤᠬᠠᠢ ᠶᠢᠨ ᠭᠡᠳᠡᠰᠤ ᠪᠠᠨ ᠳᠦᠭᠦᠷᠭᠡᠭᠦ ᠪᠠᠷ ᠶᠡᠪᠦᠵᠠᠭ᠎ᠠ  ᠭᠡᠯ᠎ᠡ᠃ ᠡ᠊ ᠡᠷᠭᠢᠯᠡᠭ᠍ᠴᠢ ᠨᠢᠭᠡ ᠣᠴᠢᠷ ᠢ ᠰᠠᠨᠠᠭᠠᠨ ᠳᠤ ᠤᠷᠦᠵᠤ᠂ ᠡᠷᠡᠤ ᠪᠠᠨ ᠭᠡᠳᠤ ᠡᠷᠳᠡᠯᠵᠡᠭᠦᠯᠤᠨ᠄

᠊᠊᠊᠊᠊᠊᠊᠊᠊᠊᠊᠊᠊᠊᠊ ᠮᠠᠷᠭᠠᠰᠢ ᠶᠠᠭᠤ ᠭᠢᠨ᠎ᠡ︖  ᠭᠡᠭᠦ ᠳᠤ ᠳᠠᠮᠷᠢᠨ ᠱᠦᠵᠢ᠄

᠊᠊᠊᠊᠊᠊᠊᠊᠊᠊᠊᠊᠊᠊᠊ ᠰᠤᠷᠭᠠᠭᠤᠯᠢ ᠶᠢᠨ ᠭᠡᠦᠭᠡᠤᠨ ᠶᠢᠡᠷ ᠡᠷᠳᠡᠨᠢ ᠰᠢᠰᠢ ᠱᠠᠭᠠᠯᠤᠭᠤᠯᠤᠨ᠎ᠠ᠃ ᠴᠢ ᠣᠷᠤᠢ ᠣᠴᠢᠵᠤ ᠵᠠᠮᠪᠠᠯ ᠳᠤ᠂ 《ᠨᠢᠭᠡ ᠶᠢ ᠴᠤ ᠰᠠᠭᠠᠳᠠᠭᠠᠵᠤ ᠪᠣᠯᠬᠤ ᠦᠭᠡᠶ》 ᠭᠡᠵᠤ ᠭᠡᠯᠡᠵᠤ ᠥᠭ᠌  ᠭᠡᠤᠨ ᠨᠢᠷᠤᠭᠤ ᠪᠠᠨ ᠡᠭᠦᠷᠤᠨ ᠭᠡᠷ ᠥᠭᠡᠳᠡ ᠪᠠᠨ ᠠᠯᠬᠤᠯᠠᠪᠠ᠃


ᠭᠡᠯᠡᠭᠦ ᠡᠴᠡ ᠳᠠᠷᠪᠠ ᠵᠠᠯᠠᠨ ᠤ ᠠᠳᠤᠭᠤᠨ ᠭᠦᠯ ᠶᠢᠡᠷ ᠭᠢᠰᠭᠢᠭᠦᠯᠵᠤ ᠳᠠᠷᠢᠭᠰᠠᠨ ᠨᠢ ᠪᠠᠰᠠ ᠥᠯᠢᠭᠡᠷ ᠲᠡᠶ ᠠᠵᠢ᠃ ᠬᠠᠭᠤᠷᠮᠠᠭ ᠮᠠᠠᠵᠤ ᠡᠭᠢᠯᠡᠭ᠍ᠰᠡᠨ ᠳᠠᠷᠠ ᠵᠢᠯ ᠤᠨ ᠬᠠᠪᠣᠷ ᠤᠨ ᠡᠭᠢᠨ ᠤ ᠴᠠᠰᠤ ᠰᠢᠭᠤᠷᠭ᠎ᠠ ᠲᠡᠶ ᠨᠢᠭᠡ ᠡᠳᠦᠷ᠂ ᠵᠠᠯᠠᠨ ᠤ ᠠᠳᠤᠭᠤᠴᠢᠨ ᠳᠤᠷᠵᠢ᠂ ᠵᠢᠭᠠᠬᠠᠨ ᠪᠠᠶ᠎ᠠ ᠲᠡᠶ ᠮᠡᠭ᠍ᠵᠢᠭᠡᠷ ᠡᠪᠦᠭᠡᠨ ᠢ ᠡᠮᠡᠭᠡᠯ ᠤᠨ ᠠᠷᠤ ᠳᠠᠭᠠᠨ ᠳᠡᠭᠦᠷᠴᠤ ᠢᠷᠠᠪᠠ᠃ ᠣᠷᠠᠩᠬᠠᠢ ᠨᠠᠪᠳᠠᠷᠬᠠᠢ ᠶᠢ ᠡᠮᠦᠰᠴᠤ᠂ ᠡᠪᠠᠰᠤᠨ ᠱᠠᠬᠠᠢ ᠣᠭᠯᠠᠭᠰᠠᠨ ᠡᠴᠡ ᠨᠢ ᠦᠵᠡᠪᠠᠯ ᠠᠷᠭ᠎ᠠ ᠦᠭᠡᠶ ᠶᠠᠳᠠᠭᠤ ᠭᠦᠮᠤᠨ ᠭᠡᠳᠡᠭ᠌ ᠨᠢ ᠦᠵᠡᠳᠠᠯ᠎ᠠ ᠢᠯᠡᠭᠡᠨ᠃ ᠲ᠋ᠡᠷᠡ ᠭᠦᠮᠤᠨ ᠠᠷᠠᠰᠤ ᠶᠠᠰᠤ ᠪᠣᠯᠳᠠᠯ᠎ᠠ ᠪᠠᠨ ᠡᠴᠡᠵᠤ ᠳᠤᠷᠠᠭᠠᠤᠨ ᠠᠮᠢ ᠨᠠᠭᠠᠨ᠎ᠠ ᠳᠠᠮᠤ ᠴᠠᠭᠠᠨ᠎ᠠ ᠭᠡᠮᠡᠷ ᠮᠠᠷ ᠰᠠᠷ ᠠᠮᠢᠰᠬᠤᠭ᠎ᠠ ᠲᠡᠶ ᠪᠠᠢ᠌ᠯ᠎ᠠ᠃ ᠠᠳᠤᠭᠤᠴᠢᠨ ᠤ ᠭᠡᠯᠡᠭᠦ ᠪᠠᠷ ᠳᠠᠮᠵᠢᠭᠤᠷ ᠳᠠᠮᠨᠠᠨ ᠳᠡᠨᠡᠭᠦᠴᠢᠯᠡᠵᠤ ᠪᠠᠢ᠌ᠭᠠᠤᠨ ᠭᠤᠤᠯ ᠤᠨ ᠳᠤᠬᠤᠢ ᠳᠤ ᠬᠠᠷᠠᠯᠠᠵᠤ ᠣᠨᠠᠭᠠᠤᠨ ᠪᠠᠢ᠌ᠭᠰᠠᠨ ᠢ ᠦᠷᠦ ᠡᠪᠠᠳᠦᠭᠡᠤᠨ ᠠᠪᠴᠢᠷᠠᠯ᠎ᠠ ᠭᠡᠨ᠎ᠡ᠃ ᠵᠡᠯᠡᠨ ᠤ ᠬᠠᠳᠤᠨ ᠭᠡᠵᠤ ᠪᠦᠳᠦᠭᠦᠨ ᠳᠠᠷᠭᠤᠨ ᠡᠮ᠎ᠡ ᠥᠵᠡᠮᠡᠭ᠍ᠴᠡ 《ᠳᠦᠢ ᠲᠡᠶ》 ᠪᠠᠨ ᠡᠡᠯᠳᠡᠷᠡᠵᠤ᠂ ᠵᠢᠪᠠᠭᠦᠷᠡᠭᠡᠤᠨ ᠡᠭᠦᠳᠡᠨ ᠳᠡᠭᠡᠨ ᠴᠤ ᠣᠢ᠌ᠷᠠᠳᠤᠭᠤᠯᠤᠭᠰᠠᠨ ᠦᠭᠡᠶ᠃ ᠲ᠋ᠤᠷᠵᠢ ᠠᠷᠭ᠎ᠠ ᠶᠠᠳᠠᠬᠤ ᠳᠠᠭᠠᠨ ᠭᠡᠷ ᠲᠡᠭᠡᠨ ᠡᠭᠦᠷᠴᠤ ᠠᠪᠠᠴᠢᠭᠠᠤᠨ ᠦᠨᠢᠶᠠᠨ ᠰᠥ᠋ ᠶᠢ ᠠᠮᠠᠨ ᠳ᠋ᠤᠨᠢ ᠭᠢᠵᠤ ᠪᠠᠢ᠌ᠮᠠᠨ ᠰᠡᠷᠭᠦᠭᠡᠵᠤ ᠡᠡᠪᠦᠪᠡ᠃ ᠰᠡᠷᠭᠦᠮᠡᠭ᠍ᠴᠡ ᠡᠪᠦᠭᠡᠨ 《ᠭᠧᠤ ᠊᠊᠊᠊᠊᠊᠊᠊᠊᠊᠊᠊᠊᠊᠊ ᠭᠧᠤ》 ᠭᠡᠤᠨ ᠭᠦᠶᠤᠨ ᠪᠣᠰᠴᠤ᠂ ᠬᠠᠨᠠᠨ ᠨᠢᠳᠤᠨ ᠳᠤ ᠳᠤᠯᠤᠭᠠᠢ ᠪᠠᠨ ᠴᠢᠭᠢᠭᠡᠤᠨ ᠴᠡᠴᠡᠷᠡᠨ᠎ᠡ᠃ ᠭᠡᠷ ᠲᠤ ᠪᠠᠢ᠌ᠭᠰᠠᠨ ᠳᠤᠷᠵᠢ᠂ ᠲᠦᠭᠢᠮ᠎ᠠ ᠬᠤᠶᠠᠷ ᠡᠨᠡ ᠥᠭᠡ ᠶᠢ ᠨᠢ ᠳᠦᠭᠦᠭᠡᠷᠡᠭ᠍ᠰᠡᠨ ᠦᠭᠡᠶ᠂ ᠥᠭᠡᠳᠡ ᠥᠭᠡᠳᠡ ᠡᠴᠡ ᠪᠠᠨ ᠬᠠᠷᠠᠨ ᠮᠡᠯᠡᠷᠡᠭᠦ ᠳᠤ ᠪᠢᠴᠢᠬᠠᠨ ᠭᠦᠤ ᠨᠢ ᠬᠠᠷᠢᠨ ᠳᠤᠮᠤ ᠭᠦᠮᠤᠨ ᠤ ᠢᠩᠭᠢᠵᠤ ᠠᠭᠠᠰᠢᠯᠠᠬᠤ ᠶᠢ ᠰᠠᠶ‍ᠢ ᠯᠠ ᠥᠵᠡᠭ᠍ᠰᠡᠨ ᠳᠡᠭᠡᠨ ᠴᠢᠴᠠᠭ᠎ᠠ ᠪᠢᠴᠠᠭ᠎ᠠ ᠠᠯᠳᠠᠨ ᠤᠬᠢᠯᠡᠪᠡ᠃ ᠲ᠋ᠡᠭᠡᠭᠦ ᠳᠤ ᠡᠪᠦᠭᠡᠨ᠂ ᠨᠤᠬᠠᠢ ᠳᠤ ᠣᠷᠠᠭᠤᠯᠵᠤ ᠠᠶᠤᠵᠤ ᠳᠤᠳᠠᠭᠠᠵᠤ ᠪᠠᠢ᠌ᠭᠠᠤᠨ ᠮᠠᠨᠠᠷᠠᠵᠤ ᠣᠨᠠᠭᠰᠠᠨ ᠪᠠᠢ᠌ᠵᠠᠢ᠃

ᠡᠪᠦᠭᠡᠨ ᠪᠠᠭᠠᠬᠠᠨ ᠪᠠᠶ᠎ᠠ ᠲᠡᠶ᠂ ᠮᠦᠷᠤ ᠪᠠᠷ ᠶᠢᠡᠨ ᠮᠡᠭ᠍ᠵᠢᠭᠡᠷ ᠭᠦᠮᠤᠨ ᠳᠤᠯᠠ ᠳᠠᠳᠠ ᠮᠡᠭ᠍ᠵᠢᠭᠡᠷ ᠡᠪᠦᠭᠡᠨ ᠭᠡᠵᠤ ᠳᠠᠭᠤᠳᠠᠬᠤ ᠪᠣᠯᠪᠠ᠃ ᠲ᠋ᠠᠷᠠ ᠨᠢ ᠮᠤᠩᠭ᠋ᠤᠯ ᠥᠭᠡ ᠶᠢ ᠮᠠᠭᠤᠬᠠᠨ ᠮᠡᠳᠡᠳᠡᠭ᠌ ᠴᠤ ᠮᠤᠳᠤ ᠴᠢᠯᠠᠭᠤᠨ ᠤ ᠠᠵᠢᠯ ᠳᠠᠭᠠᠨ ᠭᠡᠴᠡᠭᠦᠤ ᠳᠠᠮᠳᠠᠢ ᠬᠠᠰᠢᠷ ᠭᠦᠮᠤᠨ ᠪᠠᠢ᠌ᠯ᠎ᠠ᠃ ᠲ᠋ᠠᠷᠠ ᠬᠠᠪᠣᠷ ᠪᠠᠶ᠎ᠠ ᠨᠢ ᠳᠡᠩᠭᠡᠷᠡᠭ᠍ᠰᠡᠨ ᠤ ᠰᠡᠭᠦᠯᠡᠷ ᠡᠪᠳᠡᠷᠡᠵᠤ ᠥᠯᠭᠢᠷᠡᠭ᠍ᠰᠡᠨ ᠢ ᠨᠢ ᠭᠡᠳᠤᠨ ᠡᠳᠦᠷ ᠮᠤᠩᠭ᠋ᠠᠨᠢᠵᠤ ᠪᠠᠢ᠌ᠭᠠᠤᠨ ᠵᠠᠰᠠᠨ ᠰᠡᠯᠪᠢᠭᠡᠤᠨ ᠦᠭ‍ᠭᠦ ᠳᠤ ᠵᠠᠯᠠᠨ ᠪᠠᠶᠠᠷᠯᠠᠵᠤ᠂ ᠵᠠᠷᠤᠴᠠ ᠨᠡᠷ ᠳᠠᠭᠠᠨ 《ᠰᠠᠢ᠌ᠨ ᠵᠤᠴᠢᠯᠠ》 ᠭᠡᠵᠤ ᠵᠡᠭᠢᠵᠡᠢ᠃ ᠭᠡᠳᠡᠯ᠎ᠡ ᠰᠠᠢ᠌ᠨ ᠵᠤᠴᠢᠯᠠᠭᠰᠠᠨ ᠨᠢ ᠡᠪᠦᠭᠡᠨ ᠳᠤ ᠬᠠᠷ᠎ᠠ ᠠᠶᠤᠯ ᠪᠣᠯᠤᠨ᠎ᠠ ᠭᠡᠵᠤ ᠭᠡᠨ ᠮᠠᠳᠠᠯ᠎ᠠ  ᠲ᠋ᠠᠮᠠᠢ ᠬᠤᠶᠠᠷ ᠬᠤᠨᠤᠭᠰᠠᠨ ᠦᠭᠡᠶ ᠡᠪᠦᠭᠡᠨ᠂ ᠭᠡᠳᠡᠰᠤ ᠪᠠᠨ ᠳᠠᠪᠠᠷᠢᠨ ᠭᠡᠷ ᠤᠨ ᠠᠷᠤ ᠶᠢᠨ ᠪᠣᠳᠠ ᠣᠷᠤᠭᠤ ᠭᠦᠶ‍ᠦᠭᠦ ᠪᠣᠯᠵᠤ᠄

᠊᠊᠊᠊᠊᠊᠊᠊᠊᠊᠊᠊᠊᠊᠊ ᠲ᠋ᠠᠨ ᠤ ᠡ᠊ᠡᠳᠡ ᠴᠢᠨᠢ ᠮᠢᠬ᠎ᠠ ᠳᠤᠰᠤ ᠡᠴᠡ ᠣᠠᠳᠤᠤ ᠶᠠᠭᠤᠮ᠎ᠠ ᠢᠳᠡᠳᠡᠭ᠌ ᠦᠭᠡᠶ ᠶᠤᠮ ᠦᠦ︖ ᠲ᠋ᠤᠷᠤᠭᠰᠢ ᠭᠤᠭᠤᠵᠢᠭᠤᠯᠤᠭᠠᠤᠨ ᠪᠣᠯᠬᠤ ᠦᠭᠡᠶ ᠯᠡᠢ ᠭᠡᠵᠤ ᠥᠷᠴᠢᠯᠵᠡᠭᠡᠤᠨ᠂ ᠵᠡᠯᠡᠨ ᠢ ᠢᠨᠢᠶᠠᠵᠤ ᠴᠤ ᠴᠢᠳᠠᠬᠤ ᠦᠭᠡᠶ ᠬᠠᠨᠢᠶᠠᠵᠤ ᠴᠤ ᠴᠢᠳᠠᠬᠤ ᠦᠭᠡᠶ ᠪᠣᠯᠭᠠᠵᠠᠢ᠃ ᠣᠷᠤᠢ ᠨᠢ ᠵᠠᠯᠠᠨ ᠮᠡᠭ᠍ᠵᠢᠭᠡᠷ ᠡᠪᠦᠭᠡᠨ ᠢ ᠳᠠᠭᠤᠳᠠᠵᠤ᠄

᠊᠊᠊᠊᠊᠊᠊᠊᠊᠊᠊᠊᠊᠊᠊ ᠨᠢᠳᠤᠨᠤᠨ ᠨᠠᠮᠤᠷ ᠤᠨ ᠰᠤᠯᠢᠵᠤ ᠢᠷᠡᠭ᠍ᠰᠡᠨ ᠮᠤᠩᠭ᠋ᠤᠯ ᠠᠮᠤ ᠪᠣᠢ᠃ ᠭᠤᠤ ᠰᠤᠵᠠᠭ᠂ ᠭᠤᠤᠯ ᠤᠨ ᠳᠤᠬᠤᠢ ᠠᠯᠢ ᠳᠤᠭᠤᠭᠰᠠᠨ ᠭᠠᠵᠠᠷ ᠶᠢᠡᠨ ᠰᠤᠩᠭ᠋ᠤᠵᠤ ᠳᠠᠷᠢᠵᠤ ᠥᠵᠡ  ᠭᠡᠭᠦ ᠳᠤ ᠡᠪᠦᠭᠡᠨ ᠤ ᠰᠢᠭᠢᠭᠡᠷ ᠨᠢᠳᠤᠨ ᠳ᠋ᠤᠨᠢ ᠶᠠᠭᠠᠨ ᠳᠤᠶᠠᠭ᠎ᠠ ᠳᠠᠳᠠᠵᠤ᠂ ᠠᠮᠠ ᠨᠢ ᠠᠩᠭ᠋ᠠᠯᠵᠠᠨ ᠵᠠᠪᠠᠵᠢ ᠨᠢ ᠳᠠᠳᠠᠪᠠᠭᠠᠨᠠᠭᠰᠠᠨ ᠪᠣᠯᠪᠠᠴᠤ ᠥᠭᠡ ᠪᠠᠨ ᠭᠡᠯᠡᠵᠤ ᠭᠠᠷᠤᠭᠰᠠᠨ ᠦᠭᠡᠶ᠂ ᠭᠡᠳᠤ ᠪᠦᠭᠦᠯᠵᠡᠭᠡᠤᠨ ᠭᠠᠷᠴᠤ ᠶᠠᠪᠣᠪᠠ᠃

ᠡᠪᠦᠭᠡᠨ ᠤ ᠨᠢᠳᠤᠨ ᠭᠠᠯ ᠮᠠᠭᠤᠳᠠᠭᠰᠠᠨ ᠪᠣᠯᠪᠠᠴᠤ ᠳᠠᠷᠢᠶᠠᠨ ᠠᠵᠢᠯ ᠳᠤ ᠴᠠᠭᠠᠷᠠᠭᠰᠠᠨ ᠭᠠᠷ ᠪᠠᠢ᠌ᠪᠠ᠃ ᠲ᠋ᠠᠷᠢᠶ᠎ᠠ ᠳᠠᠷᠢᠨ᠎ᠠ ᠭᠡᠵᠤ ᠰᠤᠩᠭ᠋ᠤᠭᠰᠠᠨ ᠬᠤᠳᠤᠭᠤᠷ ᠨᠢ ᠭᠤᠤᠯ ᠤᠨ ᠳᠤᠬᠤᠢ ᠳ᠋ᠠᠭᠢ ᠨᠠᠷᠠ ᠴᠢᠭᠢᠭ᠌ ᠨᠢ ᠳᠡᠩᠴᠡᠭ᠍ᠰᠡᠨ ᠰᠥᠪᠠᠷᠭᠡᠭ᠌ ᠭᠦᠭᠡᠭ᠌ ᠭᠠᠵᠠᠷ ᠪᠠᠢ᠌ᠯ᠎ᠠ᠃ ᠵᠠᠯᠠᠨ ᠤ ᠵᠠᠭᠠᠨ ᠰᠢᠭ ᠠᠮᠪᠠᠨ ᠱᠠᠷ ᠤᠳ ᠣᠯᠠᠨ ᠪᠠᠢ᠌ᠭᠰᠠᠨ ᠴᠤ ᠭᠦᠯᠭᠡ ᠵᠢᠦᠡᠭᠦᠵᠤ ᠳᠠᠷᠢᠶᠠᠨ ᠱᠠᠩ ᠶᠢᠡᠷ ᠶᠠᠪᠣᠵᠤ ᠰᠤᠷᠤᠭᠰᠠᠨ ᠦᠭᠡᠶ ᠠᠷᠳᠠᠭ ᠶᠠᠭᠤᠮ᠎ᠠ ᠨᠤᠭᠤᠳ ᠪᠠᠢ᠌ᠵᠤ᠂ ᠡᠪᠦᠭᠡᠨ ᠤ ᠣᠢ᠌ᠯᠠ ᠳᠠᠮᠤ ᠶᠢ ᠥᠵᠡᠪᠡ᠃ ᠭᠡᠳᠤᠨ ᠡᠳᠦᠷ ᠨᠤᠤᠷᠠᠯᠳᠤᠵᠤ ᠳᠦᠩᠭᠡᠵᠢ ᠥᠭᠡᠷ ᠤᠳ ᠢ ᠵᠥᠭ᠍ᠰᠢᠷᠡᠭᠦᠯᠳᠡᠯ᠎ᠡ ᠳᠠᠮᠤᠷ ᠬᠤᠰᠢᠭᠤ ᠦᠭᠡᠶ ᠪᠠᠰᠠ ᠨᠢᠭᠡ ᠳᠦᠪᠠᠭ᠌ ᠳᠤᠯᠭᠠᠷᠠᠵᠤ᠂ ᠭᠠᠷ ᠶᠢᠡᠨ ᠨᠤᠬᠤᠯᠠᠵᠤ ᠭᠠᠴᠢᠭᠳᠠᠪᠠ᠃ ᠬᠠᠳᠠᠭᠰᠠᠨ ᠬᠠᠢ᠌ᠯᠠᠰᠤᠨ ᠮᠤᠳᠤ ᠪᠠᠷ ᠬᠤᠰᠢᠭᠤ ᠭᠢᠵᠤ ᠥᠵᠡᠭ᠍ᠰᠡᠨ ᠪᠣᠯᠪᠠᠴᠤ ᠳᠠᠷᠠ ᠨᠢ ᠳᠠᠮᠠᠢ ᠶᠠᠪᠣᠬᠤ ᠦᠭᠡᠶ ᠮᠤᠯᠭᠤ ᠥᠰᠦᠷᠦᠭᠡᠤᠨ ᠶᠠᠪᠤᠴᠢᠬᠠᠨ᠎ᠠ᠃ ᠡᠪᠦᠭᠡᠨ ᠵᠤᠷᠢᠭ ᠮᠤᠬᠤᠵᠤ ᠵᠢᠯᠤᠭᠤ ᠪᠠᠨ ᠬᠤᠷᠢᠶᠠᠬᠤ ᠭᠡᠮᠵᠢᠶᠡᠨ ᠳᠤ ᠭᠦᠷᠦᠭᠡᠤᠨ ᠪᠠᠢ᠌ᠳᠠᠯ᠎ᠠ ᠠᠳᠤᠭᠤᠴᠢᠨ ᠳᠤᠷᠵᠢ ᠨᠢᠭᠡ ᠡᠳᠦᠷ ᠵᠠᠬᠠᠭᠤᠷ ᠨᠢ ᠵᠦᠷᠢᠵᠤ ᠭᠠᠷᠬᠤ ᠳᠠᠭᠠᠷᠠᠵᠤ᠄

᠊᠊᠊᠊᠊᠊᠊᠊᠊᠊᠊᠊᠊᠊᠊ ᠡᠨᠡ ᠰᠥᠪᠠᠷᠭᠡᠭ᠌ ᠭᠠᠵᠠᠷ ᠢ ᠣᠷᠪᠠᠭᠤᠯᠬᠤ ᠳᠤ ᠶᠠᠭᠤ ᠨᠢ ᠵᠤᠪᠠᠴᠢᠬᠠᠭᠰᠠᠨ ᠶᠤᠮ  ᠪᠢ ᠠᠳᠤᠭᠤ ᠪᠠᠷ ᠶᠢᠡᠨ ᠨᠢᠭᠡ ᠯᠠ ᠳᠠᠭᠠᠷᠢᠭᠤᠯᠪᠠᠯ ᠡᠨᠡ ᠬᠤᠳᠤᠭᠤᠷ ᠢ ᠴᠢᠨᠢ ᠡᠷᠭᠢ ᠮᠠᠩᠬ᠎ᠠ ᠪᠣᠯᠭᠠᠴᠢᠬᠠᠨ᠎ᠠ ᠭᠡᠵᠤ ᠮᠤᠷᠢᠨ ᠳᠡᠭᠡᠷ᠎ᠡ ᠪᠠᠨ ᠭᠡᠯᠳᠡᠭᠡᠢ ᠰᠠᠭᠤᠨ᠂ ᠠᠮᠠ ᠪᠠᠷᠳᠠᠮ ᠭᠡᠯᠡᠭᠦ ᠳᠤ ᠡᠪᠦᠭᠡᠨ ᠢᠳᠡᠭᠡᠭ᠍ᠰᠡᠨ ᠦᠭᠡᠶ᠂ ᠬᠤᠶᠠᠭᠤᠯᠠ ᠭᠡᠨ ᠭᠡᠨ ᠳᠡᠭᠡᠨ ᠠᠪᠳᠠᠬᠤ ᠦᠭᠡᠶ ᠭᠡᠯᠡᠯᠴᠡᠭ᠍ᠰᠡᠭᠡᠷ ᠪᠠᠢ᠌ᠭᠠᠤᠨ ᠮᠠᠯᠵᠢᠶ᠎ᠠ ᠳᠠᠯᠪᠢᠬᠤ ᠪᠣᠯᠵᠤ᠂ ᠵᠠᠯᠠᠨ ᠤ ᠳᠡᠷᠭᠡᠳᠡ ᠢᠷᠠᠪᠠ᠃ 《ᠬᠠᠯᠳᠠᠪᠠᠯ ᠬᠠᠳᠤᠨ ᠲᠡᠶ ᠨᠢ》 ᠭᠡᠵᠤ ᠭᠡᠷᠡᠭ᠌ ᠶᠡᠭᠡ ᠳᠡᠭᠡᠨ ᠳᠡᠭᠡᠷ᠎ᠡ ᠭᠡᠵᠤ ᠪᠣᠳᠤᠭᠠᠤᠨ ᠳᠤᠷᠵᠢ ᠰᠥᠷᠡᠭᠡᠢ ᠣᠮᠤᠭ ᠠᠪᠴᠤ᠄

᠊᠊᠊᠊᠊᠊᠊᠊᠊᠊᠊᠊᠊᠊᠊ ᠲ᠋ᠤᠭᠤᠯ ᠲᠡᠶ ᠦᠨᠢᠶ᠎ᠡ ᠭᠡᠪᠡ᠃ ᠲ᠋ᠡᠨᠦᠵᠤ ᠢᠷᠡᠭ᠍ᠰᠡᠨ ᠡᠪᠦᠭᠡᠨ ᠳᠤ ᠳᠤᠭᠤᠯ ᠲᠡᠶ ᠦᠨᠢᠶ᠎ᠡ ᠪᠠᠢ᠌ᠳᠤᠭᠠᠢ ᠳᠤᠤᠷ᠎ᠠ ᠪᠠᠨ ᠳᠠᠪᠢᠰᠤᠮᠠᠷ ᠳᠤᠷᠤᠰᠬ᠎ᠠ ᠴᠤ ᠦᠭᠡᠶ ᠪᠣᠯᠬᠤᠷ ᠵᠠᠯᠠᠨ ᠳᠤᠯᠤᠭᠠᠢ ᠮᠡᠳᠡᠵᠤ᠂ ᠲ᠋ᠡᠢ᠌ᠯᠦᠭ᠍ᠳᠡᠪᠠᠯ ᠡᠪᠦᠭᠡᠨ ᠤ ᠣᠷᠤᠨ ᠳᠤ ᠳᠤᠭᠤᠯ ᠲᠡᠶ ᠦᠨᠢᠶ᠎ᠡ ᠦᠭ‍ᠭᠦ ᠪᠠᠷ ᠪᠣᠯᠪᠠ᠃

ᠲ᠋ᠠᠷᠠ ᠡᠳᠦᠷ ᠨᠢ ᠨᠠᠷᠠᠯᠠᠭ ᠰᠠᠢ᠌ᠬᠠᠨ ᠡᠳᠦᠷ ᠪᠤᠯᠤᠯ᠎ᠠ᠃ ᠮᠡᠭ᠍ᠵᠢᠭᠡᠷ ᠡᠪᠦᠭᠡᠨ᠂ ᠭᠤᠤᠯ ᠤᠨ ᠳᠤᠬᠤᠢ ᠳᠤ ᠳᠠᠷᠢᠶᠠᠨ ᠦᠷ᠎ᠡ ᠪᠠᠨ ᠰᠠᠴᠤᠵᠤ ᠪᠠᠷᠠᠭᠠᠤᠨ᠄

᠊᠊᠊᠊᠊᠊᠊᠊᠊᠊᠊᠊᠊᠊᠊   ᠵᠠ᠂ ᠣᠳᠤ ᠳᠠᠨ ᠤ ᠭᠢ ᠶᠢ ᠥᠵᠢ (ᠥᠵᠡᠶ᠎ᠡ) ᠪᠡ︕ ᠭᠡᠪᠡ᠃ ᠲ᠋ᠦᠷᠵᠢ ᠠᠳᠤᠭᠤ ᠪᠠᠨ ᠬᠤᠮᠢᠵᠤ ᠢᠷᠡᠭᠦ ᠪᠠᠷ ᠣᠷᠭ᠎ᠠ ᠪᠠᠨ ᠳᠤᠯᠤᠨ ᠮᠤᠷᠢᠨ ᠳᠠᠭᠠᠨ ᠮᠤᠷᠳᠠᠪᠠ᠃ ᠪᠠᠭ᠎ᠠ ᠦᠳᠡ ᠪᠣᠯᠬᠤ ᠭᠢᠷᠢ ᠪᠠᠷ ᠪᠠᠶᠠᠠᠴᠠᠭᠠᠨ ᠤ ᠡᠩᠭᠡᠷ ᠶᠢᠡᠷ ᠴᠠᠭᠠᠨ ᠳᠤᠭᠤᠰᠤ ᠳᠡᠭ᠍ᠳᠡᠨ᠂ ᠵᠠᠯᠡᠨ ᠤ ᠮᠢᠩᠭ᠋ᠠᠨ ᠠᠳᠤᠭᠤ ᠦᠶᠡᠷ ᠤᠨ ᠣᠰᠤ ᠰᠢᠭ ᠢᠪᠠᠷᠤᠨ ᠣᠷᠤᠵᠤ ᠢᠷᠡᠭᠦ ᠥᠵᠡᠭ᠍ᠳᠡᠪᠡ᠃ ᠮᠢᠩᠭ᠋ᠡᠨ ᠠᠭᠳᠠ ᠶᠢᠨ ᠳᠦᠪᠠᠷᠭᠡᠨ ᠳᠡᠭ᠍ᠷᠢ ᠳᠤᠤᠭᠠᠷᠴᠤ ᠭᠠᠵᠠᠷ ᠶᠡᠭᠦᠷᠡᠵᠤ ᠪᠠᠢ᠌ᠭ᠎ᠠ ᠰᠢᠭ ᠪᠢᠳᠡᠭᠦᠤ ᠳᠡᠭᠡᠨ ᠲᠦᠩᠭᠢᠨᠠᠵᠤ᠂ ᠭᠠᠵᠠᠷ ᠤᠨ ᠭᠦᠷᠦᠰᠤ ᠳᠠᠢ᠌ᠪᠠᠯᠵᠠᠵᠤ ᠪᠠᠢ᠌ᠬᠤ ᠰᠢᠭ ᠰᠠᠨᠠᠭᠳᠠᠨ᠎ᠠ᠃ ᠦᠰᠦ ᠨᠢ ᠭᠤᠭᠤᠵᠢᠵᠤ ᠭᠢᠯᠪᠠᠢ᠌ᠭᠰᠠᠨ ᠬᠤᠷ ᠳᠠᠯ ᠲᠡᠶ ᠡᠡᠵᠢᠷᠭ᠎ᠠ᠂ ᠡᠰᠭᠡᠭᠡᠯ ᠦᠷᠢᠶ᠎ᠠ ᠨᠤᠭᠦᠳ ᠮᠠᠭᠰᠢᠵᠤ᠂ ᠬᠣᠢ᠌ᠨ᠎ᠠ ᠡᠴᠡ ᠨᠢ ᠳᠠᠭ᠎ᠠ ᠰᠠᠷᠪᠠ ᠨᠤᠭᠤᠳ ᠳᠤᠭᠯᠠᠨ᠂ ᠴᠢᠭᠢ ᠨᠢ ᠰᠤᠷᠳᠤᠯᠵᠠᠭᠰᠠᠨ ᠨᠢᠯᠬ᠎ᠠ ᠣᠨᠠᠭ᠎ᠠ ᠨᠤᠭᠤᠳ ᠡᠭᠡ ᠶᠢᠨ ᠶᠢᠡᠨ ᠬᠠᠵᠠᠭᠤ ᠳᠤ ᠪᠦᠮᠪᠣᠯᠵᠠᠨ᠎ᠠ᠃ ᠠᠯᠢᠶ᠎ᠠ ᠶᠢᠨ ᠭᠤᠤᠯ ᠢ ᠭᠡᠳᠦᠯᠵᠤ ᠭᠠᠷᠬᠤ ᠳᠤ ᠨᠠᠷᠢᠨ ᠭᠤᠷᠤᠬ᠎ᠠ ᠶᠢᠨ ᠣᠰᠤ ᠠᠳᠤᠭᠤᠨ ᠭᠦᠯ ᠳᠤ ᠱᠠᠯᠪᠠᠭ ᠳᠠᠳᠤᠢ ᠯᠠ ᠦᠯᠠᠳᠠᠵᠤ᠂ ᠣᠷᠤᠰᠬᠠᠯ ᠳᠤᠤᠷᠠᠭᠢ ᠣᠰᠤ ᠨᠢ ᠬᠠᠳᠠᠭᠠᠤᠨ ᠪᠢᠴᠢᠬᠠᠨ ᠵᠢᠭᠠᠰᠤ ᠨᠤᠭᠤᠳ ᠫᠠᠯ ᠱᠠᠯ ᠦᠰᠦᠷᠴᠤ ᠪᠠᠢ᠌ᠪᠠ᠃ ᠭᠤᠤᠯ ᠤᠨ ᠬᠣᠢ᠌ᠳᠤ ᠳᠤᠬᠤᠢ ᠳᠤ ᠤᠷᠤᠭᠠᠳ᠂ ᠮᠡᠭ᠍ᠵᠢᠭᠡᠷ ᠡᠪᠦᠭᠡᠨ ᠤ ᠦᠷ᠎ᠡ ᠰᠠᠴᠤᠭᠰᠠᠨ ᠭᠠᠵᠠᠷ ᠭᠡᠳᠦᠭᠡᠨ ᠡᠷᠭᠢᠯᠳᠦᠮᠡᠭ᠍ᠴᠡ ᠨᠣᠢ᠌ᠳᠠᠨ ᠭᠠᠵᠠᠷ ᠤᠨ ᠭᠦᠷᠦᠰᠤ ᠠᠳᠤᠭᠤᠨ ᠭᠦᠯ ᠳᠤ ᠰᠡᠴᠢᠭ᠍ᠳᠡᠨ᠂ ᠥᠨᠡᠭᠡᠷ ᠳᠤᠷᠵᠢ ᠶᠢᠨ ᠭᠡᠯᠡᠭ᠍ᠰᠡᠨ ᠰᠢᠭ᠌ ᠡᠷᠭᠢ ᠮᠠᠩᠬ᠎ᠠ ᠪᠣᠯᠤᠨ ᠬᠠᠷᠠᠯᠠᠪᠠ᠃

ᠨᠠᠮᠤᠷ ᠨᠢ ᠣᠴᠢᠭᠠᠤᠨ ᠥᠵᠡᠭᠦ ᠳᠤ ᠨᠡᠯᠥᠢᠭ᠍ᠰᠡᠨ ᠮᠤᠩᠭ᠋ᠤᠯ ᠤᠨ ᠳᠠᠷᠢᠶ᠎ᠠ ᠪᠦᠰᠡᠯᠡᠭᠦᠷ ᠴᠢᠨᠡᠭᠡ ᠣᠷᠭᠤᠵᠤ ᠳᠤᠯᠤᠭᠠᠢ ᠪᠠᠨ ᠳᠠᠭᠠᠭᠠᠬᠤ ᠦᠭᠡᠶ ᠳᠤᠭᠢᠯᠵᠠᠨ᠂ ᠨᠠᠮᠤᠷ ᠤᠨ ᠬᠤᠩᠭ᠋ᠤᠷ ᠰᠠᠯᠭᠢᠨ ᠳᠤ ᠰᠢᠷᠭᠠᠯ ᠥᠩᠭᠡ ᠪᠠᠷ ᠳᠤᠯᠭᠢᠶᠠᠯᠠᠵᠤ ᠪᠠᠢ᠌ᠪᠠ᠃ ᠵᠠᠯᠠᠨ ᠥᠵᠡᠭᠡᠤᠨ ᠪᠠᠶᠠᠷᠯᠠᠭᠰᠠᠨ ᠨᠢ ᠶᠠᠷᠢᠶᠠᠨ ᠦᠭᠡᠶ᠂ ᠨᠠᠮᠤᠷ ᠨᠠᠮᠤᠷ ᠡᠮᠦᠨ᠎ᠡ ᠬᠤᠸᠠᠩ ᠳᠤ ᠣᠴᠢᠵᠤ᠂ ᠪᠣᠳᠠ ᠪᠣᠭ ᠲᠡᠶ ᠨᠡᠢ᠌ᠯᠡᠭᠡᠤᠨ ᠰᠥᠷᠦᠭ᠌ ᠮᠠᠯ ᠶᠢᠡᠷ ᠶᠢᠡᠨ ᠠᠮᠤ ᠰᠤᠯᠢᠵᠤ ᠢᠳᠡᠳᠡᠭ᠌ ᠢ ᠪᠣᠳᠤᠪᠠᠯ ᠨᠢᠭᠡ ᠳᠤᠭᠤᠯ ᠲᠡᠶ ᠦᠨᠢᠶ᠎ᠡ ᠶᠠᠭᠤ ᠪᠠᠢ᠌ᠬᠤ ᠪᠣᠢ ᠭᠡᠵᠤ ᠪᠣᠳᠤᠭᠠᠤᠨ ᠭᠡᠯᠡᠯᠴᠡᠭ᠍ᠰᠡᠨ ᠶᠤᠰᠤᠭᠠᠷ ᠪᠣᠯᠪᠠ᠃

ᠲ᠋ᠠᠷᠠ ᠨᠠᠮᠤᠷ ᠮᠤᠩᠭ᠋ᠤᠯ ᠶᠢᠡᠨ ᠬᠠᠳᠤᠵᠤ ᠬᠤᠷᠢᠶᠠᠭᠰᠠᠨ ᠤ ᠳᠠᠷᠠᠭ᠎ᠠ ᠮᠡᠭ᠍ᠵᠢᠭᠡᠷ ᠡᠪᠦᠭᠡᠨ ᠨᠤᠳᠤᠭ ᠲᠠᠭᠠᠨ ᠬᠠᠷᠢᠬᠤ ᠪᠠᠷ ᠪᠣᠯᠪᠠ᠃ ᠶᠠᠪᠣᠬᠤ ᠳᠠᠷᠠ ᠥᠷᠯᠦᠭᠡ ᠨᠢ ᠳᠠᠷᠪᠠ ᠵᠠᠯᠠᠨ᠂ ᠠᠳᠤᠭᠤᠴᠢᠨ ᠶᠢᠡᠨ ᠳᠠᠭᠤᠳᠠᠵᠤ᠄

᠊᠊᠊᠊᠊᠊᠊᠊᠊᠊᠊᠊᠊᠊᠊ ᠴᠢ ᠮᠤᠷᠳᠠᠭᠠᠤᠨ ᠨᠤᠮᠤᠬᠠᠨ ᠰᠢᠭ ᠮᠤᠷᠢ ᠪᠠᠷᠢᠭᠠᠤᠨ ᠢᠷ᠎ᠠ ᠭᠡᠪᠡ᠃ ᠲ᠋ᠦᠷᠵᠢ᠂   ᠨᠤᠭᠳᠤ ᠭᠠᠠᠵᠤᠭᠯᠠᠵᠤ ᠣᠴᠢᠭᠠᠤᠨ ᠡᠪᠦᠭᠡᠨ ᠡᠴᠡ ᠳᠤᠤᠷ᠎ᠠ ᠦᠭᠡᠶ ᠨᠠᠰᠤᠳᠠᠢ ᠪᠣᠯᠤᠭᠰᠠᠨ ᠭᠦᠭ᠍ᠰᠢᠨ ᠰᠠᠭᠠᠷᠠᠯ ᠭᠡᠭᠦᠤ ᠭᠦᠳᠦᠯᠵᠤ ᠢᠷᠠᠪᠠ᠃ ᠲ᠋ᠠᠷᠠ ᠭᠡᠭᠦᠤ ᠶᠢᠨ ᠨᠢᠷᠤᠭᠤ ᠨᠢ ᠮᠢᠳᠡᠢ᠌ᠵᠤ᠂ ᠭᠡᠳᠡᠰᠤ ᠨᠢ ᠭᠡᠩᠭᠡᠷᠭᠡ ᠰᠢᠭ᠌ ᠳᠦᠩᠭᠦᠢᠭ᠍ᠰᠡᠨ ᠪᠦᠭᠡᠤᠨ ᠬᠤᠨᠢᠨ ᠵᠢᠷᠤᠭ᠎ᠠ ᠪᠠᠷ ᠨᠠᠢ᠌ᠭᠤᠵᠤ ᠵᠠᠮ ᠬᠤᠷᠤᠭᠠᠮᠠᠷ ᠦᠭᠡᠶ ᠪᠠᠢ᠌ᠪᠠ᠃ ᠲ᠋ᠤᠷᠵᠢ᠂ ᠦᠨᠢᠶᠠᠨ ᠮᠠᠯᠵᠢᠶᠠᠨ ᠡᠴᠡ ᠬᠣᠢ᠌ᠰᠢ ᠡᠪᠦᠭᠡᠨ ᠲᠡᠶ ᠢᠯᠡᠭᠦᠤ ᠳᠤᠳᠠᠭᠤ ᠭᠡᠯᠡᠯᠴᠡᠨ ᠱᠤᠭᠯᠠᠯᠴᠠᠬᠤ ᠪᠣᠯᠤᠭᠰᠠᠨ ᠪᠦᠭᠡᠤᠨ ᠮᠡᠭ᠍ᠵᠢᠭᠡᠷ ᠡᠪᠦᠭᠡᠨ ᠴᠤ ᠠᠮᠢ ᠠᠪᠣᠷᠠᠭᠰᠠᠨ ᠠᠴᠢᠳᠠᠨ ᠭᠡᠤᠨ ᠣᠴᠢᠷ ᠪᠣᠯᠭᠠᠨ ᠳᠤ ᠵᠢᠦᠡᠭᠦᠵᠤ ᠥᠭ᠍ᠳᠡᠭ᠌ ᠡᠴᠡ ᠡᠪᠦᠭᠡᠨ ᠢ ᠭᠦᠭᠡᠷᠦᠭᠦᠢᠯᠡᠵᠤ᠂ 《ᠬᠤᠯᠠ ᠭᠠᠵᠠᠷ ᠵᠠᠢ᠌ᠳᠠᠩ ᠶᠠᠪᠣᠪᠠᠯ ᠪᠦᠭ᠍ᠰᠡ ᠦᠭᠡᠶ ᠣᠴᠢᠬᠤ ᠪᠠᠢ᠌ᠬ᠎ᠠ》 ᠭᠡᠵᠤ ᠪᠣᠳᠤᠭᠠᠤᠨ ᠬᠠᠭᠤᠴᠢᠨ ᠡᠮᠡᠭᠡᠯ ᠶᠢᠡᠨ ᠡᠪᠯᠡᠭᠦᠯᠵᠤ᠂ ᠨᠤᠬᠠᠢ ᠶᠢᠨ ᠳᠤᠤᠷ᠎ᠠ ᠳᠠᠪᠢᠰᠴᠤ ᠪᠠᠢ᠌ᠭᠰᠠᠨ ᠢᠰᠡᠭᠡᠢ ᠪᠠᠨ ᠠᠪᠴᠤ ᠳᠤᠬᠤᠮ ᠪᠣᠯᠭᠠᠭᠠᠤᠨ ᠳᠤᠬᠤᠭᠰᠠᠨ ᠴᠢᠨᠢ ᠪᠠᠷᠭᠡ ᠡᠪᠳᠡᠢ ᠡᠮᠡᠭᠡᠯ ᠪᠤᠯᠴᠢᠬᠠᠪᠠ᠃ ᠡᠪᠦᠭᠡᠨ ᠳᠤᠬᠤ ᠦᠭᠡᠶ ᠪᠠᠶᠡᠷᠯᠡᠵᠤ᠂ ᠨᠢᠭᠡ ᠭᠠᠷ ᠶᠢᠡᠷ ᠶᠢᠡᠨ ᠡᠮᠡᠭᠡᠯ ᠤᠨ ᠪᠦᠭᠦᠷᠭᠡ ᠡᠴᠡ ᠵᠢᠭᠦᠷᠡᠨ᠂ ᠨᠥᠭᠦᠭᠡ ᠭᠠᠷ ᠶᠢᠡᠷ ᠶᠢᠡᠨ ᠵᠢᠯᠤᠭᠤ ᠪᠠᠨ ᠡᠪ ᠬᠠᠪᠣ ᠦᠭᠡᠶ ᠠᠤᠠᠬᠤᠵᠤ᠂ ᠬᠠᠱᠠᠩ ᠰᠠᠭᠠᠷᠠᠯ ᠢ ᠳᠠᠪᠢᠵᠤ ᠰᠠᠪᠠᠭᠰᠠᠭᠠᠷ ᠶᠠᠪᠣᠵᠤ ᠣᠤᠠᠪᠠ᠃ ᠣᠯᠤᠭᠰᠠᠨ ᠮᠤᠩᠭ᠋ᠤᠯ ᠶᠢᠡᠨ ᠭᠠᠵᠠᠷ ᠵᠤᠭᠤᠷᠢ ᠵᠤᠭᠤᠵᠤ ᠭᠦᠯᠳᠡᠭᠦᠤ ᠣᠷᠤᠬᠤ ᠶᠢᠨ ᠭᠢᠷᠢ ᠪᠠᠷ ᠵᠤᠭᠤᠷᠢᠯᠠᠵᠤ ᠳᠠᠯᠪᠢᠪᠠ᠃ ᠣᠭ ᠨᠢ ᠠᠮᠤ ᠪᠠᠭ᠎ᠠ ᠪᠠᠢ᠌ᠬᠤ ᠳᠤ ᠣᠭᠤᠷ ᠲᠤ ᠨᠥᠳᠦᠭᠡᠤᠨ ᠴᠠᠢ᠌ᠯᠭᠠᠵᠤ ᠪᠠᠢ᠌ᠭᠰᠠᠨ᠃ ᠪᠠᠰᠠ ᠳᠤᠰᠬᠠᠢ ᠣᠭᠤᠷᠴᠢᠨ ᠴᠤ ᠵᠠᠯᠠᠵᠤ ᠥᠩᠭᠡᠷᠡᠭ᠍ᠰᠡᠨ ᠶᠤᠮ᠃ ᠲ᠋ᠠᠷᠠ ᠣᠭᠤᠷᠴᠢᠨ ᠨᠢ ᠳᠠᠪᠠᠭᠠᠨ ᠠᠷᠤ ᠵᠢᠨ 《ᠶᠡᠭᠡ ᠭᠡᠳᠡᠰᠤ》 ᠴᠤᠯᠠ ᠲᠡᠶ ᠭᠧᠯᠦᠩ ᠭᠡᠰᠡᠨ ᠭᠦᠮᠤᠨ ᠪᠠᠢ᠌ᠪᠠ᠃ 《ᠶᠡᠭᠡ ᠭᠡᠳᠡᠰᠤ》 ᠭᠡᠭᠦᠷ ᠪᠠᠷ᠎ᠠ ᠶᠡᠭᠡ᠂ ᠭᠦᠴᠤ ᠴᠢᠳᠠᠯ ᠲᠡᠶ ᠴᠤ ᠢᠳᠡᠭᠦ ᠨᠢ ᠪᠠᠰᠠ ᠭᠡᠳᠤᠨ ᠭᠦᠮᠤᠨ ᠤ ᠢᠳᠡᠭᠦ ᠶᠢ ᠨᠢᠭᠡ ᠯᠠ ᠳᠤᠰᠬᠠᠴᠢᠬᠠᠳᠠᠭ ᠪᠠᠢ᠌ᠪᠡ᠃ ᠢᠷᠡᠭ᠍ᠰᠡᠨ ᠳᠠᠷᠠ ᠡᠳᠦᠷ ᠲᠡᠭᠡᠨ ᠳ᠋ᠠᠨ ᠬᠤᠶᠠᠷ ᠳ᠋ᠸᠤ ᠪᠣᠳᠠᠭ᠎ᠠ ᠶᠢ ᠨᠦᠳᠤᠵᠤ ᠴᠠᠢ᠌ᠯᠭᠠᠭᠠᠤᠨ᠂ ᠣᠷᠤᠢ ᠨᠢ ᠬᠤᠶᠠᠷ ᠱᠸᠩ ᠬᠠᠭᠤᠷᠠᠢ ᠪᠣᠳᠠᠭ᠎ᠠ ᠶᠢ ᠨᠢᠭᠡ ᠱᠥᠭᠦᠮᠡᠯ ᠦᠷᠦᠮ᠎ᠡ ᠪᠠᠷ ᠨᠤᠬᠤᠵᠤ ᠢᠳᠡᠴᠢᠭᠡᠭᠡᠤᠨ ᠠᠶᠠᠭ᠎ᠠ ᠪᠠᠨ ᠭᠢᠯᠠᠢ᠌ᠳᠠᠯ᠎ᠠ ᠳᠤᠯᠢᠶᠠᠭᠠᠤᠨ ᠳᠠᠯᠪᠢᠯ᠎ᠠ ᠭᠡᠳᠡᠭ᠌᠃ ᠵᠡᠯᠡᠨ ᠤ ᠰᠠᠩ ᠬᠠᠮᠢᠶᠠᠷᠤᠭᠴᠢ ᠭᠦᠮᠦᠰᠭᠡ ᠠᠳᠤᠷᠢᠵᠤ᠄

᠊᠊᠊᠊᠊᠊᠊᠊᠊᠊᠊᠊᠊᠊᠊   ᠵᠠ᠂ ᠲ᠋ᠠ ᠡᠨᠡ ᠰᠦᠨᠢ ᠰᠠᠢ᠌ᠬᠠᠨ ᠨᠣᠢ᠌ᠷᠰᠤᠭᠠᠤᠨ᠂ ᠮᠠᠷᠭᠠᠰᠢ ᠶᠠᠪᠣᠳᠠᠭ ᠭᠠᠵᠠᠷ ᠶᠢᠡᠨ ᠶᠠᠪᠣ ᠡ ᠭᠡᠰᠡᠨ ᠪᠠᠢ᠌ᠪᠠ᠃ ᠣᠳᠤ ᠮᠤᠩᠭ᠋ᠤᠯ ᠠᠷᠪᠢᠨ ᠬᠤᠷᠢᠶᠠᠭᠰᠠᠨ ᠡᠴᠡ ᠢᠩ ᠵᠠᠯᠠᠬᠤ ᠭᠡᠷᠡᠭ᠍ᠳᠡᠢ ᠪᠣᠯᠪᠠ᠃ ᠣᠢ᠌ᠷ᠎ᠠ ᠣᠷᠴᠢᠮ ᠳᠤ ᠢᠩ ᠤᠨ ᠴᠢᠯᠠᠭᠤ ᠭᠠᠷᠳᠠᠭ ᠦᠭᠡᠶ᠂ ᠴᠠᠪᠴᠢᠵᠤ ᠴᠢᠳᠠᠬᠤ ᠭᠦᠮᠤᠨ ᠴᠤ ᠦᠭᠡᠶ ᠪᠠᠢ᠌ᠪᠡ᠃ ᠡ᠊ᠡᠳᠡ ᠡᠴᠡ ᠵᠠᠭᠤᠨ ᠭᠠᠵᠠᠷ ᠤᠨ ᠥᠵᠦᠭᠦᠷ ᠳᠠᠭᠢ ᠴᠢᠯᠠᠭᠤᠳᠤ ᠶᠢᠨ ᠠᠭᠤᠯᠠ ᠡᠴᠡ ᠢᠩ ᠤᠨ ᠴᠢᠯᠠᠭᠤ ᠭᠠᠷᠳᠠᠭ ᠭᠡᠭᠦ ᠰᠤᠷᠠᠭ ᠶᠢᠡᠷ ᠵᠡᠯᠡᠨ᠂ ᠭᠡᠳᠤᠨ ᠰᠠᠢ᠌ᠨ ᠡᠷᠡᠰ ᠢ ᠴᠤᠭᠯᠠᠭᠤᠯᠵᠤ᠂ ᠠᠷᠪᠠᠨ ᠬᠠᠰᠠᠭ ᠴᠥᠷᠭᠦᠯᠡᠭᠦᠯᠦᠭᠡᠤᠨ ᠢᠩ ᠵᠠᠯᠠᠬᠤ ᠪᠠᠷ ᠶᠠᠪᠣᠭᠤᠯᠪᠠ᠃ ᠲ᠋ᠠᠪᠣ ᠬᠤᠨᠤᠭ ᠤᠨ ᠳᠠᠷᠠᠭ᠎ᠠ ᠠᠷᠪᠠᠨ ᠬᠠᠰᠠᠭ ᠤᠨ ᠶᠡᠭᠡ ᠬᠠᠭᠠᠰ ᠨᠢ ᠪᠠᠯᠪᠠᠷᠡᠵᠤ᠂ ᠨᠢᠭᠡ ᠥᠭᠡᠷ ᠤᠨ ᠰᠡᠭᠦᠵᠢ ᠨᠢ ᠭᠠᠷᠤᠭᠠᠤᠨ ᠢᠷᠠᠵᠤ ᠴᠢᠳᠠᠭᠰᠠᠨ ᠦᠭᠡᠶ ᠪᠣᠯᠪᠠᠴᠤ ᠨᠠᠯᠢᠶᠠᠤᠨ ᠶᠡᠭᠡ ᠢᠩ ᠠᠪᠴᠢᠷᠠᠭᠰᠠᠨ ᠡᠴᠡ ᠳᠠᠷᠪᠠ ᠵᠠᠯᠠᠨ ᠥᠵᠡᠭᠡᠤᠨ ᠪᠠᠶᠡᠷᠯᠡᠨ᠂ ᠶᠡᠭᠡ ᠭᠡᠷ ᠤᠨ ᠶᠢᠡᠨ ᠪᠠᠷᠠᠭᠤᠨ ᠡᠮᠦᠨ᠎ᠡ ᠨᠠᠯᠢᠶᠠᠤᠨ ᠵᠠᠢ᠌ᠳᠠᠭᠤ ᠭᠠᠵᠠᠷ ᠢᠩ ᠶᠢᠡᠨ ᠪᠣᠰᠬᠠᠪᠠ᠃

ᠡᠪᠦᠯ ᠤᠨ ᠡᠭᠢᠨ ᠤ ᠨᠢᠭᠡᠨ ᠡᠳᠦᠷ ᠮᠡᠭ᠍ᠵᠢᠭᠡᠷ ᠡᠪᠦᠭᠡᠨ᠂ ᠭᠦᠭ᠍ᠰᠢᠨ ᠰᠠᠭᠠᠷᠠᠯ ᠢ ᠭᠡᠢ ᠭᠦᠷᠳᠤ ᠲᠡᠶ ᠳᠡᠷᠭᠡᠨ ᠳᠤ ᠠᠷᠠᠯᠳᠠᠵᠤ᠂ ᠬᠠᠵᠠᠭᠤ ᠳ᠋ᠤᠨᠢ ᠪᠠᠰᠠ ᠨᠢᠭᠡ ᠲᠠᠭᠠᠨ ᠡᠯᠵᠢᠭᠡ ᠬᠤᠤᠰᠯᠠᠭᠠᠤᠨ ᠰᠠᠯᠭᠢ ᠡᠰᠡᠷᠭᠦ ᠵᠢᠦᠡᠭᠦᠭᠦᠯᠦᠭ᠍ᠰᠡᠭᠡᠷ ᠭᠦᠷᠴᠤ ᠢᠷᠡᠪᠡ᠃ ᠭᠦᠭ᠍ᠰᠢᠨ ᠰᠠᠭᠠᠷᠠᠯ᠂ ᠲ᠋ᠡᠷᠭᠡᠨ ᠮᠤᠷᠢ ᠪᠣᠯᠤᠭᠰᠠᠨ ᠢ ᠥᠵᠡᠭᠡᠤᠨ ᠵᠠᠯᠠᠨ ᠤ ᠬᠤᠳᠠ ᠶᠢᠨ ᠭᠢᠨ᠂ ᠡᠵᠡᠨ ᠵᠠᠷᠤᠴᠠ ᠦᠭᠡᠶ ᠭᠠᠢ᠌ᠬᠠᠨ ᠬᠠᠷᠠᠵᠤ ᠪᠠᠢ᠌ᠳᠠᠯ᠎ᠠ ᠳᠡᠷᠭᠡᠨ ᠳᠡᠭᠡᠷ᠎ᠡ ᠡᠴᠡ ᠭᠡᠦᠭᠡᠤᠨ ᠳᠡᠪᠠᠷᠢᠭ᠍ᠰᠡᠨ ᠵᠠᠯᠠᠭᠤ ᠪᠦᠰᠡᠭᠦᠢ ᠴᠠᠴᠠᠷᠠᠵᠤ ᠳᠠᠭᠵᠢᠭᠰᠠᠭᠠᠷ ᠪᠠᠭᠤᠵᠤ ᠢᠷᠠᠪᠠ᠃ ᠮᠡᠭ᠍ᠵᠢᠭᠡᠷ ᠡᠪᠦᠭᠡᠨ ᠢ ᠭᠡᠷ ᠲᠡᠭᠡᠨ ᠭᠦᠷᠭᠦ ᠳᠤ ᠭᠦᠤ ᠨᠢ ᠮᠠᠠᠵᠤ ᠶᠢᠨ ᠴᠡᠷᠢᠭ᠌ ᠲᠤ ᠳᠠᠳᠠᠭᠳᠠᠨ ᠶᠡᠪᠦᠵᠤ᠂ ᠭᠦᠭ᠍ᠰᠢᠨ ᠨᠢ ᠭᠦᠤ ᠶᠢᠨ ᠶᠢᠡᠨ ᠬᠣᠢ᠌ᠨ᠎ᠠ ᠡᠴᠡ ᠵᠤᠪᠠᠭᠰᠠᠭᠠᠷ ᠪᠠᠢ᠌ᠭᠠᠤᠨ ᠨᠠᠰᠤ ᠪᠣᠯᠴᠢᠬᠠᠭᠰᠠᠨ ᠪᠠᠢ᠌ᠵᠤ᠂ ᠪᠠᠷᠢ ᠨᠢ ᠨᠢᠯᠬ᠎ᠠ ᠭᠦᠤ ᠲᠡᠶ ᠪᠠᠨ ᠬᠤᠶᠠᠭᠤᠯᠠ ᠣᠳᠠᠰᠤᠨ ᠠᠮᠢ ᠲᠡᠶ ᠠᠮᠢᠳᠤᠷᠠᠵᠤ ᠪᠠᠢ᠌ᠭᠰᠠᠨ ᠠᠵᠢ᠃

ᠡᠪᠦᠯ ᠤᠨ ᠭᠦᠢᠳᠡᠨ ᠳᠤ ᠡᠪᠦᠭᠡᠨ ᠤ ᠠᠮᠠ ᠨᠢ ᠬᠠᠪᠭᠢᠨᠠᠵᠤ᠂ ᠥᠭᠡ ᠪᠠᠨ ᠭᠡᠯᠡᠵᠤ ᠭᠠᠷᠬᠤ ᠦᠭᠡᠶ ᠳᠠᠭᠵᠢᠨ᠎ᠠ᠃ ᠬᠠᠯᠠᠭᠤᠨ ᠣᠰᠤ ᠣᠭᠤᠴᠢᠭᠠᠤᠨ ᠨᠠᠯᠢᠶᠠᠤᠨ ᠣᠳᠠᠬᠤ ᠳᠤ ᠰᠠᠶ‍ᠢ ᠪᠠᠶ᠎ᠠ ᠨᠢ ᠳᠠᠯᠪᠢᠭᠤᠷᠠᠵᠤ᠄

᠊᠊᠊᠊᠊᠊᠊᠊᠊᠊᠊᠊᠊᠊᠊ ᠵᠠᠯᠠᠨ ᠤ ᠵᠠᠷᠤᠴᠠ ᠪᠣᠯᠵᠤ ᠵᠢᠯ ᠵᠢᠯ ᠳᠠᠷᠢᠶ᠎ᠠ ᠶᠢ ᠴᠢᠨᠢ ᠳᠠᠷᠢᠵᠤ ᠦᠭ‍ᠭᠦᠶ᠎ᠡ᠂ ᠥᠨᠦᠴᠢᠨ ᠥᠷᠦᠭᠡᠰᠤᠨ ᠪᠢᠳᠠᠨ ᠢ ᠥᠯᠡᠳᠡᠭᠡᠵᠤ ᠠᠪᠬᠤ ᠪᠣᠯᠪᠠ ᠦᠦ︖ ᠭᠡᠵᠤ ᠴᠠᠴᠠᠷᠠᠵᠤ ᠪᠦᠭ᠍ᠴᠦᠭᠡᠷᠡᠭ᠍ᠰᠡᠭᠡᠷ ᠮᠥᠷᠭᠦᠨ ᠭᠤᠶᠤᠬᠤ ᠳᠤ ᠵᠠᠯᠠᠨ᠂ ᠰᠢᠳᠤ ᠪᠠᠨ ᠰᠢᠭᠢᠴᠢᠯᠠᠨ ᠭᠡᠰᠡᠭ᠌ ᠣᠳᠠᠭᠰᠠᠨ ᠶᠢᠡᠨ᠄

᠊᠊᠊᠊᠊᠊᠊᠊᠊᠊᠊᠊᠊᠊᠊ ᠪᠢ ᠢᠩ ᠠᠪᠴᠢᠷᠠᠭᠠᠤᠨ ᠪᠠᠢ᠌ᠨ᠎ᠠ᠃ ᠪᠠᠶ᠎ᠠ ᠴᠢᠨᠢ ᠬᠠᠯᠠᠰᠠᠭᠰᠠᠨ ᠪᠣᠯ ᠴᠢ ᠣᠴᠢᠵᠤ ᠦᠵᠡ ᠭᠡᠪᠡ᠃ ᠶᠡᠭᠤ ᠭᠡᠭᠦ ᠪᠤᠯ  ᠭᠡᠵᠤ ᠠᠮᠢᠰᠬᠤᠭ᠎ᠠ ᠳᠠᠷᠤᠨ ᠴᠢᠩᠨᠠᠵᠤ ᠪᠠᠢ᠌ᠭᠰᠠᠨ ᠡᠪᠦᠭᠡᠨ᠂ ᠡᠨᠡ ᠥᠭᠡ ᠶᠢ ᠨᠢ ᠰᠤᠨᠤᠰᠤᠭᠠᠤᠨ ᠪᠠᠶᠠᠷᠯᠠᠨ᠂ ᠪᠣᠳᠠᠭ᠎ᠠ ᠳᠤᠶ‍ᠢᠬᠤ ᠳᠠᠭᠢᠶ᠎ᠠ ᠰᠢᠭ ᠪᠦᠭᠦᠯᠵᠡᠨ ᠭᠠᠷᠴᠤ ᠶᠠᠪᠣᠪᠠ᠃ ᠪᠢᠴᠢᠬᠠᠨ ᠭᠦᠤ ᠨᠢ ᠭᠡᠷ ᠲᠤ ᠣᠷᠤᠵᠤ ᠢᠷᠡᠭᠡᠤᠨ ᠪᠠᠶ᠎ᠠ ᠨᠢ ᠳᠤᠯᠠᠭᠠᠴᠠᠭᠰᠠᠨ ᠪᠣᠯᠤᠯᠳᠠᠢ᠂ ᠭᠠᠷ ᠭᠦᠯ ᠶᠢᠡᠨ ᠠᠷᠪᠠᠯᠵᠠᠭᠤᠯᠵᠤ᠂ ᠲ᠋ᠤᠭᠤᠷᠢᠵᠤ ᠰᠠᠭᠤᠭᠰᠠᠨ ᠭᠦᠮᠦᠰ ᠢ ᠡᠭᠡᠯᠵᠢᠯᠡᠨ ᠬᠠᠷᠠᠵᠤ ᠪᠠᠢ᠌ᠭᠰᠠᠨ ᠶᠢᠡᠨ ᠡᠭᠡ ᠶᠢᠨ ᠶᠢᠡᠨ ᠡᠪᠦᠷ ᠳᠡᠭᠡᠷ᠎ᠡ ᠳᠤᠭᠳᠠᠵᠤ ᠦᠭ‍ᠭᠦ ᠦᠭᠡᠶ ᠳᠡᠢ᠌ᠴᠢᠯᠡᠭᠦ ᠶᠢ ᠥᠵᠡᠭᠡᠤᠨ ᠵᠠᠯᠠᠨ ᠤ ᠬᠠᠳᠤᠨ᠄

᠊᠊᠊᠊᠊᠊᠊᠊᠊᠊᠊᠊᠊᠊᠊ ᠠᠯᠢ ᠨᠠᠭᠠᠰᠢ ᠪᠠᠨ ᠭᠡᠵᠤ ᠭᠦᠤ ᠶᠢ ᠳᠠᠪᠠᠷᠢᠨ ᠠᠪᠣᠪᠠ᠃ ᠬᠠᠳᠤᠨ ᠦᠪᠡᠷ ᠶᠢᠡᠨ ᠭᠡᠦᠭᠡᠤᠨ ᠦᠭᠡᠶ ᠶᠢᠨ ᠬᠠᠷᠠᠭ᠎ᠠ ᠪᠢᠵᠠ᠂ ᠪᠢᠴᠢᠬᠠᠨ ᠭᠡᠦᠭᠡᠤᠨ ᠢ ᠦᠵᠡᠪᠠᠯ ᠥᠭᠦᠭᠡᠷᠳᠡᠵᠤ᠂ ᠡᠩᠭᠡᠷ ᠳᠡᠭᠡᠷ᠎ᠡ ᠪᠠᠨ ᠳᠤᠭᠯᠠᠭᠤᠯᠳᠠᠭ ᠶᠤᠮ᠃ ᠪᠢᠴᠢᠬᠠᠨ ᠭᠦᠤ᠂ ᠬᠠᠳᠤᠨ ᠤ ᠡᠪᠦᠷ ᠳᠡᠭᠡᠷ᠎ᠡ ᠭᠠᠷᠴᠤ ᠮᠥᠩᠭᠦᠨ ᠪᠠᠭᠤᠪᠴᠢ᠂ ᠠᠯᠳᠠᠨ ᠪᠦᠭᠡᠵᠢ ᠶᠢ ᠨᠢ ᠰᠤᠨᠢᠷᠬᠠᠨ᠂ ᠠᠪᠬᠤ ᠰᠠᠨᠠᠭ᠎ᠠ ᠲᠡᠶ ᠣᠷᠤᠯᠳᠤᠵᠤ ᠪᠠᠢ᠌ᠭᠰᠠᠨ ᠶᠢᠡᠨ ᠭᠡᠨᠡᠳᠳᠡ ᠬᠤᠷᠤᠭᠤ ᠶᠢ ᠨᠢ ᠮᠦᠷ ᠣᠷᠤᠳᠠᠯ᠎ᠠ ᠬᠠᠵᠠᠪᠠ᠃ ᠰᠠᠶ‍ᠢ ᠰᠢᠳᠤᠯᠠᠵᠤ ᠪᠠᠢ᠌ᠭᠰᠠᠨ ᠠᠵᠢ᠃ ᠬᠠᠳᠤᠨ ᠰᠠᠨᠠᠭᠠᠨ ᠳᠤ ᠦᠭᠡᠶ ᠪᠠᠢ᠌ᠭᠰᠠᠨ ᠶᠢᠡᠨ ᠶᠤᠤ ᠳᠠᠭᠤ ᠪᠠᠨ ᠳᠡᠯᠪᠢᠨ᠂ ᠭᠦᠤ ᠶᠢᠨ ᠪᠦᠭ᠍ᠰᠡᠨ ᠳᠡᠭᠡᠷ᠎ᠡ ᠭᠦᠩᠭᠡᠨ ᠳᠠᠪᠰᠢᠬᠤ ᠳᠤ ᠬᠣᠢ᠌ᠮᠤᠷ ᠳᠠᠩᠭ᠋ᠠᠢ᠌ᠵᠤ ᠪᠠᠢ᠌ᠭᠰᠠᠨ ᠵᠠᠯᠠᠨ ᠰᠠᠮᠰᠠ ᠶᠢᠨ ᠳᠤᠳᠤᠷ᠎ᠠ ᠪᠠᠨ 《ᠭᠡᠭ᠌᠂ ᠭᠡᠭ᠌》 ᠢᠨᠢᠶᠠᠵᠤ᠄

᠊᠊᠊᠊᠊᠊᠊᠊᠊᠊᠊᠊᠊᠊᠊ ᠭᠦ᠋᠂ ᠰᠥᠷᠡᠭᠡᠢ ᠵᠠᠭᠤᠳᠠᠭ ᠭᠦᠯᠦᠭᠡ ᠶᠤᠮ ᠪᠠᠢ᠌ᠨ᠎ᠡ᠃ ᠭᠦᠤ ᠳᠡᠭᠡᠨ ᠶᠠᠮᠠᠷ ᠨᠠᠷ᠎ᠠ ᠥᠭ᠍ᠪᠡ  ᠭᠡᠵᠤ ᠠᠰᠠᠭᠤᠪᠠ᠃ ᠵᠠᠢ᠌ᠴᠠ ᠶᠢᠨ ᠳᠠᠠᠳᠠ ᠴᠤᠮᠴᠣᠢ᠌ᠵᠤ ᠪᠠᠢ᠌ᠭᠰᠠᠨ ᠡᠭᠡ ᠨᠢ ᠭᠦᠤ ᠪᠠᠨ ᠳᠠᠪᠠᠷᠢᠨ ᠠᠪᠴᠤ᠂ ᠰᠠᠠᠳᠤᠷᠬᠤ ᠳᠠᠭᠠᠨ ᠴᠢᠷᠠᠢ ᠨᠢ ᠴᠢᠰ ᠣᠯᠠᠢ᠌ᠨ ᠳᠤᠷᠤᠭᠰᠢ ᠬᠠᠷᠠᠪᠠ᠃ ᠵᠠᠯᠠᠨ᠄

᠊᠊᠊᠊᠊᠊᠊᠊᠊᠊᠊᠊᠊᠊᠊ ᠭᠦᠮᠤᠨ ᠵᠠᠭᠤᠳᠠᠭ ᠶᠤᠮ ᠴᠢᠨᠢ ᠨᠤᠬᠠᠳᠠᠢ ᠭᠡᠳᠡᠭ᠌ ᠨᠠᠷ᠎ᠠ ᠥᠭ᠍ᠴᠢᠭᠡ ᠭᠡᠤᠨ ᠭᠦᠰ ᠭᠦᠰ ᠢᠨᠢᠶᠠᠪᠠ᠃ ᠡᠨᠡ ᠨᠠᠷᠢᠬᠠᠨ ᠴᠠᠭᠠᠨ ᠴᠢᠷᠠᠢ ᠲᠡᠶ ᠳᠤᠷᠮᠤᠯᠵᠠᠭᠰᠠᠨ ᠰᠠᠢ᠌ᠬᠠᠨ ᠪᠦᠰᠡᠭᠦᠢ ᠶᠢ ᠺᠠᠢ ᠬᠤᠧᠨ ᠭᠡᠳᠡᠭ᠌᠃ ᠺᠠᠢ ᠬᠤᠧᠨ ᠭᠠᠯ ᠳᠤᠭᠤᠭᠠᠨ ᠳᠠᠭᠠᠨ ᠡᠪ ᠳᠣᠢ᠌ᠳᠠᠢ᠂ ᠬᠠᠭᠤᠷᠢᠯᠭ᠎ᠠ ᠬᠠᠭᠠᠷᠢᠯᠭ᠎ᠠ ᠶᠢ ᠰᠠᠩᠭᠢᠨᠠᠳᠠᠯ᠎ᠠ ᠰᠠᠢ᠌ᠬᠠᠨ ᠦᠨᠦᠷ ᠳᠠᠨᠤᠷ ᠲᠡᠶ ᠭᠢᠳᠡᠭ᠌ ᠶᠢᠡᠷ ᠵᠡᠯᠡᠨ᠂ ᠲ᠋ᠡᠭᠦᠨ ᠤ ᠪᠠᠯᠡᠳᠦᠭ᠍ᠰᠡᠨ ᠨᠤᠭᠤᠭ᠎ᠠ ᠵᠠᠭᠤᠰᠢ ᠶᠢ ᠠᠮᠳᠠᠷᠬᠠᠨ ᠵᠤᠭᠤᠭᠯᠠᠬᠤ ᠵᠠᠭᠤᠷ᠎ᠠ᠄ 《ᠳᠠᠷᠠ ᠵᠢᠯ ᠪᠢ ᠱᠠᠭᠠᠵᠠᠭᠠᠢ ᠬᠤᠳᠠ ᠶᠢᠨ ᠭᠤᠸᠠᠠᠵᠠᠨ ᠳᠤ ᠡᠢ᠌ᠮᠤ ᠬᠤᠭᠤᠯᠠ ᠢᠳᠠᠵᠤ ᠥᠩᠭᠡᠷᠡᠭ᠍ᠰᠡᠨ》 ᠭᠡᠵᠤ ᠶᠠᠷᠢᠳᠠᠭ ᠪᠠᠢ᠌ᠪᠠ᠃

ᠮᠡᠭ᠍ᠵᠢᠭᠡᠷ ᠡᠪᠦᠭᠡᠨ᠂   ᠠᠳᠠᠭᠤᠴᠢᠨ ᠳᠤᠷᠵᠢ ᠶᠢᠨ ᠭᠡᠷ ᠲᠤ ᠲᠦᠷ ᠰᠠᠭᠤᠵᠤ᠂ ᠬᠠᠪᠣᠷ ᠨᠢ ᠭᠠᠵᠠᠷ ᠭᠡᠰᠦᠮᠡᠭ᠍ᠴᠡ ᠳᠠᠯ᠎ᠠ ᠶᠢᠨ ᠵᠡᠭᠡᠰᠤ ᠶᠢ ᠳᠦᠷᠪᠡᠯᠵᠢᠨ ᠤᠬᠤᠵᠤ᠂ ᠭᠦᠭ᠍ᠰᠢᠨ ᠰᠠᠭᠠᠷᠠᠯ ᠮᠤᠷᠢ ᠶᠢ ᠲᠠᠭᠠᠨ ᠡᠯᠵᠢᠭᠡ ᠲᠡᠶ ᠪᠠᠨ ᠬᠤᠤᠰᠯᠠᠵᠤ ᠵᠥᠭᠡᠭᠡᠪᠦᠷᠢᠯᠡᠭᠡᠤᠨ᠂ ᠢᠩ ᠢ ᠳᠤᠭᠤᠷᠢᠭᠤᠯᠤᠨ ᠭᠡᠷ ᠪᠠᠷᠢᠵᠤ ᠡᠭᠢᠯᠡᠪᠡ᠃ ᠰᠡᠷ᠎ᠡ ᠭᠠᠷᠤᠢ ᠮᠤᠩᠭ᠋ᠠᠨᠢᠭᠠᠤᠨ ᠡᠪᠦᠭᠡᠨ ᠭᠡᠷ ᠶᠢᠡᠨ ᠪᠣᠰᠬᠠᠴᠢᠬᠠᠪᠠ᠃ ᠲ᠋ᠤᠳᠤᠷ᠎ᠠ ᠨᠢ ᠣᠷᠤᠭᠠᠤᠨ ᠦᠵᠡᠪᠠᠯ ᠬᠤᠶᠠᠷ ᠳᠠᠰᠤᠯᠭ᠎ᠠ ᠭᠡᠷ ᠪᠠᠢ᠌ᠵᠤ᠂ ᠢᠩ ᠪᠠᠢ᠌ᠬᠤ ᠵᠡᠭᠦᠨ ᠳᠠᠰᠤᠯᠭ᠎ᠠ ᠨᠢ ᠭᠠᠳᠠᠭ᠎ᠠ ᠭᠡᠷ ᠭᠡᠵᠤ᠂ ᠪᠠᠷᠡᠭᠤᠨ ᠳᠠᠰᠤᠯᠭ᠎ᠠ ᠳ᠋ᠤᠨᠢ ᠦᠪᠡᠷ ᠶᠢᠡᠨ ᠰᠠᠭᠤᠬᠤ ᠪᠠᠷ ᠬᠠᠠᠵᠤ ᠲᠡᠶ ᠵᠤᠬᠢᠶᠠᠵᠤ᠂ ᠲ᠋ᠤᠮᠳᠠ ᠨᠢ ᠮᠤᠳᠤ ᠪᠠᠷ ᠵᠠᠭᠠᠭᠯᠠᠨ ᠬᠤᠶᠠᠷ ᠳᠠᠯ᠎ᠠ ᠡᠴᠡ ᠨᠢ ᠥᠭᠡᠷ ᠤᠨ ᠪᠠᠭᠠᠰᠤ ᠪᠠᠷ ᠰᠢᠪᠠᠭᠰᠠᠨ ᠪᠠᠢ᠌ᠪᠡ᠃ ᠡᠪᠦᠭᠡᠨ ᠡᠨᠡ ᠭᠡᠷ ᠲᠡᠭᠡᠨ ᠰᠠᠭᠤᠬᠤ ᠪᠣᠯᠵᠤ᠂ ᠺᠠᠢ ᠬᠤᠧᠨ ᠭᠠᠯ ᠣᠰᠤᠨ ᠳᠤ ᠬᠠᠪᠰᠤᠷᠤᠨ ᠭᠦᠤ ᠲᠡᠶ ᠪᠠᠨ ᠬᠤᠶᠠᠭᠤᠯᠠ ᠳᠤᠭᠤᠭᠠᠨ ᠭᠡᠷ ᠲᠤ ᠰᠠᠭᠤᠬᠤ ᠪᠣᠯᠪᠠ᠃

ᠨᠢᠭᠡ ᠡᠳᠦᠷ ᠵᠠᠯᠠᠨ᠂ ᠭᠠᠯ ᠳᠤᠭᠤᠭᠠᠨ ᠭᠡᠷ ᠲᠤ ᠣᠷᠤᠬᠤ ᠳᠤ ᠺᠠᠢ ᠬᠤᠧᠨ ᠭᠠᠭᠴᠠᠭᠠᠷ ᠶᠢᠡᠨ ᠵᠤᠯᠤᠭ ᠬᠠᠢ᠌ᠴᠢᠯᠠᠨ ᠰᠠᠭᠤᠵᠤ ᠪᠠᠢ᠌ᠪᠠ᠃ ᠵᠠᠯᠠᠨ ᠢ ᠥᠵᠡᠮᠡᠭ᠍ᠴᠡ ᠰᠠᠠᠳᠤᠷᠤᠨ ᠪᠣᠰᠴᠤ᠄

᠊᠊᠊᠊᠊᠊᠊᠊᠊᠊᠊᠊᠊᠊᠊ ᠵᠠᠯᠠᠨ ᠳᠡᠭᠡᠭ᠍ᠰᠢ ᠰᠠᠭᠠᠳᠠ ᠭᠡᠪᠡ᠃ ᠲ᠋ᠡᠷᠪᠡ᠂ ᠺᠠᠢ ᠬᠤᠧᠨ ᠶᠢ ᠯᠠᠪᠯᠠᠬᠤ ᠳᠤ ᠳᠡᠭᠦᠨ ᠤ ᠨᠢᠭᠤᠷ ᠴᠢᠷᠠᠢ ᠨᠢ ᠣᠯᠠᠭᠠᠨ ᠴᠠᠭᠠᠨ ᠨᠢ ᠢᠯᠭᠠᠷᠠᠵᠤ᠂ ᠰᠤᠭᠳᠠᠢ᠌ᠭᠰᠠᠨ ᠨᠠᠷᠢᠬᠠᠨ ᠪᠠᠶ᠎ᠠ ᠪᠠᠨ ᠪᠠᠭ᠎ᠠ ᠮᠡᠭᠦᠰᠭᠢᠨ ᠵᠤᠭᠰᠤᠭᠰᠠᠨ ᠨᠢ ᠨᠠᠢ᠌ᠯᠵᠠᠭᠤᠷ ᠪᠣᠷᠭᠠᠰᠤ ᠠᠶᠠᠰ ᠤᠨ ᠰᠠᠯᠭᠢᠨ ᠳᠤ ᠭᠠᠩᠬᠤᠵᠤ ᠪᠠᠢ᠌ᠬᠤ ᠮᠠᠳᠤ ᠰᠠᠨᠠᠭᠳᠠᠪᠠ᠃ ᠵᠠᠯᠠᠨ ᠤ ᠨᠠᠭᠠᠤᠠᠬᠤ ᠳᠤᠷ᠎ᠠ ᠭᠦᠷᠴᠤ ᠪᠠᠷᠢᠭᠠᠤᠨ ᠠᠪᠬᠤ ᠭᠡᠳᠡᠯ᠎ᠡ ᠪᠦᠰᠡᠭᠦᠢ ᠶᠢᠨ ᠴᠢᠷᠠᠢ ᠨᠢᠯ ᠣᠯᠠᠢ᠌ᠵᠤ᠂ ᠢᠯᠳᠠᠮᠬᠠᠨ ᠢᠨᠢᠶᠠᠳᠤ ᠬᠠᠶᠠᠭᠠᠤᠨ ᠪᠣᠯᠳᠠᠨ ᠭᠠᠷᠪᠠ᠃ ᠲ᠋ᠠᠷᠪᠠ ᠶᠢᠨ ᠨᠢᠳᠤ ᠣᠯᠠᠮ ᠨᠠᠷᠢᠰᠴᠤ ᠵᠢᠷᠪᠢᠭᠡᠷ ᠰᠠᠬᠠᠯ ᠶᠢᠡᠨ ᠢᠮᠠᠷᠤᠨ ᠳᠤᠳᠤᠷ᠎ᠠ ᠪᠠᠨ ᠶᠠᠭᠤ ᠨᠢᠭᠡ ᠶᠢ ᠪᠢᠰᠢᠯᠭᠠᠭᠰᠠᠨ ᠲᠦᠯᠦᠪᠳᠠᠢ ᠵᠠᠪᠠᠵᠢ ᠪᠠᠷ ᠶᠢᠡᠨ ᠢᠨᠢᠶᠡᠭ᠍ᠰᠡᠨ ᠶᠢᠡᠨ ᠭᠡᠷ ᠳᠤᠳᠤᠷᠠᠭᠢ ᠶᠢ ᠨᠢᠭᠡ ᠳᠤᠭᠤᠷᠢᠭᠤᠯᠤᠨ ᠬᠠᠷᠠᠭᠠᠤᠨ ᠭᠠᠷᠴᠤ ᠶᠠᠪᠣᠪᠠ᠃

ᠲ᠋ᠠᠷᠠ ᠣᠷᠤᠢ ᠵᠠᠯᠠᠨ᠂ ᠭᠠᠯ ᠳᠤᠭᠤᠭᠠᠨ ᠤ ᠭᠡᠷ ᠲᠤ ᠣᠷᠤᠪᠠᠯ ᠺᠠᠢ ᠬᠤᠧᠨ ᠪᠠᠢ᠌ᠭᠰᠠᠨ ᠦᠭᠡᠶ᠃ ᠲ᠋ᠠᠷᠠ ᠬᠠᠷᠠᠩᠭ᠋ᠤᠢ ᠳᠤ ᠭᠡᠰᠡᠭ᠌ ᠠᠯᠮᠠᠢ᠌ᠷᠠᠨ ᠵᠤᠭᠰᠤᠭᠰᠠᠨ ᠶᠢᠡᠨ ᠪᠠᠶ᠎ᠠ ᠡᠷᠭᠢᠭᠦ ᠭᠡᠳᠡᠯ᠎ᠡ ᠠᠷᠤ ᠳ᠋ᠤᠨᠢ ᠨᠢᠭᠡ ᠭᠦᠮᠤᠨ ᠢᠷᠠᠵᠤ ᠬᠤᠶᠠᠷ ᠭᠠᠷ ᠶᠢᠡᠷ ᠶᠢᠡᠨ ᠨᠢᠳᠤ ᠶᠢ ᠨᠢ ᠪᠦᠳᠡᠭᠡᠪᠡ᠃ ᠲ᠋ᠡᠷᠪᠡ᠂ ᠲ᠋ᠡᠷᠡ ᠭᠠᠷ ᠢ ᠪᠠᠷᠢᠵᠤ ᠦᠵᠡᠪᠠᠯ ᠰᠠᠪᠬ᠎ᠠ ᠰᠢᠭ ᠨᠠᠷᠢᠬᠠᠨ ᠬᠤᠷᠤᠭᠤᠳ ᠲᠡᠶ ᠵᠥᠭᠡᠯᠡᠨ ᠭᠠᠷ ᠪᠦᠭᠡᠤᠨ ᠬᠠᠮᠠᠷ ᠳᠤᠨᠢ ᠣ ᠡᠩᠭᠡᠰᠭᠡ ᠶᠢᠨ ᠰᠤᠳᠤᠨ ᠦᠨᠦᠷ ᠬᠠᠩᠬᠤᠯᠠᠬᠤ ᠳᠤ ᠭᠡᠨ ᠪᠣᠯᠬᠤ ᠶᠢ ᠮᠠᠳᠠᠵᠤ᠂ ᠨᠠᠷᠢᠨ ᠬᠤᠷᠤᠭᠤᠳ ᠲᠡᠶ ᠭᠠᠷ ᠢ ᠠᠤᠠᠬᠤᠨ ᠦᠨᠦᠰᠴᠤ ᠵᠤᠭᠰᠦᠪᠡ᠃ ᠪᠦᠰᠡᠭᠦᠢ ᠭᠦᠮᠤᠨ ᠤ ᠵᠥᠭᠡᠯᠡᠨ ᠠᠮᠢᠰᠬᠤᠭ᠎ᠠ ᠰᠢᠯᠢᠨ ᠭᠦᠵᠦᠭᠦᠤ ᠶᠢ ᠨᠢ ᠡᠷᠪᠠᠭᠡᠨᠡᠭᠦᠯᠵᠤ᠂ ᠪᠦᠭᠦ ᠪᠠᠶ᠎ᠠ ᠳ᠋ᠤᠨᠢ ᠨᠡᠪᠳᠡᠷᠡᠭᠦ ᠳᠤ ᠳᠠᠷᠠ ᠣᠷᠪᠠᠵᠤ ᠬᠠᠠᠳᠤᠭᠠᠤᠨ ᠺᠠᠢ ᠬᠤᠧᠨ ᠶᠢ ᠬᠤᠮᠢᠨ ᠠᠪᠴᠤ ᠡᠪᠦᠷ ᠲᠡᠭᠡᠨ ᠨᠠᠭᠠᠯᠳᠤᠭᠤᠯᠪᠠ᠃ ᠡᠢ᠌ᠮᠤ ᠣᠴᠢᠷ ᠪᠣᠯᠤᠨ᠎ᠠ ᠭᠡᠵᠤ ᠪᠦᠰᠡᠭᠦᠢ ᠭᠡᠳᠥᠢᠨ ᠮᠠᠳᠠᠵᠤ ᠪᠠᠢ᠌ᠭᠰᠠᠨ ᠠᠵᠢ᠃ ᠲ᠋ᠠᠷᠠ᠄

᠊᠊᠊᠊᠊᠊᠊᠊᠊᠊᠊᠊᠊᠊᠊ ᠵᠠᠯᠠᠨ ᠤ ᠪᠠᠶ᠎ᠠ ᠡᠴᠡ ᠵᠠᠭᠠᠷ ᠤᠨ ᠦᠨᠦᠷ ᠭᠠᠷᠤᠨ᠎ᠠ ᠭᠡᠵᠤ ᠪᠣᠳᠤᠭᠰᠠᠨ ᠴᠢᠨᠢ ᠮᠢᠬ᠎ᠠ ᠳᠤᠰᠤᠨ ᠤ ᠦᠨᠦᠷ ᠰᠢᠩᠭᠡᠴᠢᠭᠡᠵᠡᠢ ᠭᠡᠵᠤ ᠡᠷᠭᠡᠯᠡᠨ ᠭᠡᠯᠡᠭᠦ ᠳᠤ ᠵᠠᠯᠠᠨ᠄

᠊᠊᠊᠊᠊᠊᠊᠊᠊᠊᠊᠊᠊᠊᠊ ᠲ᠋ᠡᠭᠡᠪᠠᠯ ᠴᠢᠨᠤ ᠪᠠᠶ᠎ᠠ ᠡᠴᠡ ᠶᠠᠮᠠᠷ ᠦᠨᠦᠷ ᠭᠠᠷᠬᠤ ᠶᠢ ᠦᠵᠡᠶ᠎ᠠ ᠭᠡᠵᠤ ᠳᠤᠮᠳᠠᠭᠤᠷ ᠨᠢ ᠭᠦᠩᠭᠡᠨ ᠡᠷᠭᠦᠵᠤ ᠣᠷᠤ ᠥᠭᠡᠳᠡ ᠠᠪᠴᠤ ᠶᠠᠪᠣᠪᠠ᠃

ᠲ᠋ᠠᠷᠠ ᠰᠦᠨᠢ᠂ ᠵᠠᠯᠠᠭᠤ ᠪᠦᠰᠡᠭᠦᠢ ᠶᠢᠨ ᠣᠷᠠᠨ ᠨᠠᠷᠢᠨ ᠭᠦᠳᠡᠯᠦᠯ᠂   ᠤᠬᠠᠭ᠎ᠠ ᠪᠠᠯᠠᠷᠠᠮ᠎ᠠ ᠢᠷᠠᠭᠯᠠᠯᠳᠠ ᠳᠤ ᠳᠠᠷᠪᠠ ᠵᠠᠯᠠᠨ ᠣᠰᠤᠨ ᠬᠤᠯᠤᠭᠠᠨ᠎ᠠ ᠪᠣᠯᠳᠠᠯ᠎ᠠ ᠭᠦᠯᠦᠷᠡᠵᠤ᠂ ᠰᠢᠨ᠎ᠡ ᠠᠪᠳᠠᠯ ᠳ᠋ᠤᠨᠢ ᠰᠤᠭᠳᠤᠭᠤᠷᠠᠵᠤ ᠪᠣᠴᠠᠬᠤ ᠳᠠᠭᠠᠨ᠄ 《ᠴᠢᠦᠡᠭᠦᠷ ᠤᠨ ᠪᠠᠭ᠎ᠠ ᠨᠢ ᠬᠤᠤᠷᠳᠠᠢ ᠭᠡᠳᠡᠭ᠌ ᠶᠢᠡᠷ ᠡᠨᠡ ᠡᠮ᠎ᠡ ᠶᠢᠨ ᠪᠠᠬ᠎ᠠ᠁》 ᠭᠡᠵᠤ ᠪᠣᠳᠤᠵᠤ ᠶᠠᠪᠣᠪᠠ᠃

ᠲ᠋ᠠᠷᠪᠠ ᠵᠠᠯᠠᠨ᠂ ᠺᠠᠢ ᠬᠤᠧᠨ ᠶᠢ ᠪᠠᠭ᠎ᠠ ᠡᠭᠡᠨᠡᠷ ᠶᠢᠡᠨ ᠪᠣᠯᠭᠠᠨ ᠠᠪᠬᠤ ᠦᠶ᠎ᠡ ᠳᠤ ᠳᠠᠷᠠ ᠨᠢᠭᠡᠡᠳᠡ ᠳᠠᠪᠬᠤᠷ ᠪᠣᠯᠵᠤ ᠭᠡᠳᠤᠨ ᠰᠠᠷ᠎ᠠ ᠪᠣᠯᠴᠢᠬᠠᠭᠰᠠᠨ ᠪᠠᠢ᠌ᠯ᠎ᠠ᠃ ᠲ᠋ᠠᠷᠠ ᠨᠠᠮᠤᠷ ᠪᠠᠭ᠎ᠠ ᠬᠠᠳᠤᠨ ᠨᠢ ᠪᠣᠬᠠᠨ ᠴᠠᠭᠠᠨ ᠭᠦᠤ ᠳᠦᠷᠦᠭ᠍ᠰᠡᠨ ᠳᠤ ᠵᠠᠯᠠᠨ ᠭᠦᠯ ᠨᠢ ᠭᠠᠵᠠᠷ ᠭᠦᠷᠭᠦ ᠦᠭᠡᠶ ᠪᠠᠶᠠᠷᠯᠠᠨ᠂ ᠰᠠᠷ᠎ᠠ ᠳᠦᠭᠦᠷᠡᠮᠡᠭ᠍ᠴᠡ ᠳᠤᠯᠤᠭ᠎ᠠ ᠬᠤᠨᠤᠭ ᠤᠨ ᠳᠠᠯᠠᠢ ᠶᠡᠭᠡ ᠬᠤᠷᠢᠮ ᠳᠡᠯᠪᠢᠵᠤ᠂ ᠭᠦᠤ ᠳᠡᠭᠡᠨ ᠭᠠᠶᠠ ᠭᠡᠳᠡᠭ᠌ ᠨᠠᠷ᠎ᠠ ᠥᠭ᠍ᠪᠡ᠃ ᠵᠡᠯᠡᠨ᠂ ᠨᠤᠬᠠᠳᠡᠢ ᠶᠢ ᠴᠢᠨ᠋ᠸ᠎ᠠ ᠶᠢᠨ ᠬᠠᠷᠠᠴᠠ ᠲᠡᠶ ᠭᠡᠤᠨ ᠦᠵᠡᠨ ᠶᠠᠳᠠᠳᠠᠭ ᠡᠴᠡ ᠮᠡᠭ᠍ᠵᠢᠭᠡᠷ ᠡᠪᠦᠭᠡᠨ ᠣᠮᠪᠣᠯᠤ ᠪᠠᠨ ᠠᠪᠴᠤ᠂ ᠬᠤᠶᠠᠭᠤᠯᠠ ᠢᠩ ᠤᠨ ᠭᠡᠷ ᠲᠤ ᠠᠮᠢᠳᠤᠷᠠᠬᠤ ᠪᠣᠯᠪᠠ ᠁


ᠭᠠᠶᠠ᠂ ᠦᠳᠦᠷᠮ᠎ᠠ ᠰᠠᠭᠢᠵᠤ ᠦᠯᠠᠳᠠᠯ᠎ᠠ᠃ ᠣᠪᠣᠭ᠎ᠠ ᠠᠢ᠌ᠯ ᠭᠡᠵᠤ ᠬᠤᠷᠢᠭᠠᠤᠨ ᠡᠷᠦᠭᠡ ᠲᠡᠶ᠂ ᠵᠠᠭᠤ ᠢᠯᠡᠭᠦᠤ ᠭᠦᠮᠤᠨ ᠠᠮᠠ ᠲᠡᠶ ᠪᠠᠭ᠎ᠠ ᠠᠢ᠌ᠯ ᠪᠣᠯᠬᠤ ᠶᠤᠮ᠃ ᠠᠢ᠌ᠯ ᠤᠨ ᠪᠠᠷᠠᠭᠤᠨ ᠡᠮᠦᠨ᠎ᠡ ᠭᠡᠦᠭᠡᠤᠨ ᠤᠨ ᠣᠪᠣᠭ᠎ᠠ ᠭᠡᠭᠦ ᠪᠣᠮᠪᠣᠭᠠᠷ ᠣᠪᠣᠭ᠎ᠠ ᠪᠠᠢ᠌ᠬᠤ ᠡᠴᠡ ᠳᠡᠭᠡᠵᠤ ᠨᠡᠷᠡᠯᠡᠭ᠍ᠰᠡᠨ ᠡᠴᠡ ᠪᠢᠰᠢ ᠦᠨᠡᠨ ᠳᠡᠭᠡᠨ ᠡᠨᠡ ᠠᠢ᠌ᠯ ᠭᠡᠳᠤᠨ ᠳᠠᠯ᠎ᠠ ᠪᠠᠷ ᠶᠢᠡᠨ ᠪᠦᠷ ᠠᠭᠤᠯᠠᠨ ᠳᠤ ᠭᠦᠷᠢᠶᠡᠯᠡᠭ᠍ᠳᠡᠵᠤ᠂   ᠭᠠᠭᠴᠠ ᠪᠠᠷᠠᠭᠤᠨ ᠡᠮᠦᠨᠡᠰᠢ ᠭᠠᠷᠬᠤ ᠳᠡᠭ᠍ᠰᠢ ᠵᠠᠮ ᠲᠡᠶ᠂ ᠪᠣᠢ᠌ᠳᠠ ᠪᠦᠭᠯᠡᠭᠦᠤ ᠬᠤᠳᠤᠭᠤᠷ ᠲᠤ ᠰᠠᠭᠤᠭᠰᠠᠨ ᠠᠢ᠌ᠯ ᠪᠣᠯᠬᠤ ᠶ‍ᠦᠮ᠃ ᠡᠨᠡ ᠠᠢ᠌ᠯ ᠳᠤ ᠢᠯᠡᠭᠦᠤ ᠳᠤᠳᠠᠭᠤ ᠠᠵᠢᠯ ᠭᠠᠷᠤᠭᠰᠠᠭᠠᠷ ᠭᠠᠶᠠ ᠶᠢᠨ ᠳᠤᠯᠤᠭᠠᠢ ᠳᠡᠭᠡᠷ᠎ᠡ ᠪᠠᠭᠤᠳᠠᠭ ᠨᠢ ᠵᠤᠷᠰᠢᠯ ᠪᠣᠯᠴᠢᠬᠠᠭᠰᠠᠨ ᠡᠴᠡ ᠦᠳᠦᠷᠮ᠎ᠠ ᠰᠠᠭᠢᠬᠤ ᠨᠢ ᠶᠠᠷᠢᠶᠠᠨ ᠦᠭᠡᠶ ᠳᠡᠭᠦᠨ ᠳᠤ ᠣᠨᠤᠭᠳᠠᠬᠤ ᠨᠢ ᠵᠠᠢ᠌ᠯᠠᠰᠢ ᠦᠭᠡᠶ᠃

ᠵᠤᠬᠢᠶᠠᠭᠴᠢ᠄ ᠬᠠᠷᠭᠤᠢ
ᠳᠠᠷᠤᠮ᠄ 47180
ᠴᠠᠭ᠄ 2005 ᠤᠨ ᠤ 08 ᠰᠠᠷ᠎ᠠ ᠶᠢᠨ 08
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ