ᠨᠡᠪᠲᠡᠷᠡᠨ ᠤᠷᠤᠬᠤ
ᠲᠤᠯᠤᠭ᠎ᠠ ᠂ 1740 ᠤᠨ ᠡᠴᠡ 1771 ᠤᠨ ᠬᠦᠷᠲᠡᠯ᠎ᠡ

1740 ᠣᠨ ( ᠴᠠᠭᠠᠨ ᠪᠠᠴᠢᠨ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠳᠠᠪᠣᠳᠤᠭᠠᠷ ᠣᠨ )᠄

ᠮᠦᠨ ᠣᠨ ᠳᠤ ᠴᠢᠩ ᠣᠯᠤᠰ ᠡᠴᠡ ᠵᠡᠭᠦᠡᠭᠠᠷ ᠬᠠᠭᠠᠠᠳᠤ ᠣᠯᠤᠰ ᠢ ᠳᠦᠷᠪᠡᠨ ᠵᠢᠯ ᠳᠤ ᠨᠢᠭᠡ ᠣᠳᠠᠭ᠎ᠠ ᠳᠤᠳᠤᠷ ᠭᠠᠵᠠᠷ ᠣᠴᠢᠵᠤ ᠠᠷᠠᠯᠵᠢᠶ᠎ᠠ ᠬᠤᠳᠠᠯᠳᠤᠭ᠎ᠠ ᠭᠢᠵᠤ ᠪᠣᠯᠬᠤ ᠪᠦᠭᠡᠤᠨ ᠣᠳᠠᠭ᠎ᠠ ᠪᠦᠷᠢ ᠵᠠᠭᠤᠨ ᠭᠦᠮᠤᠨ ᠡᠴᠡ ᠭᠡᠳᠦᠷᠡᠵᠤ ᠦᠯᠦ ᠪᠣᠯᠤᠨ᠎ᠠ ᠭᠡᠵᠤ ᠭᠢᠵᠠᠭᠠᠷᠯᠠᠵᠠᠢ᠃

1745 ᠣᠨ ( ᠭᠦᠭᠡᠭ᠍ᠴᠢᠨ ᠥᠭᠡᠷ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠠᠷᠪᠠᠳᠤᠭᠠᠷ ᠣᠨ )᠄

ᠮᠦᠨ ᠣᠨ ᠳᠤ ᠵᠡᠭᠦᠡᠭᠠᠷ ᠬᠠᠭᠠᠠᠳᠤ ᠣᠯᠤᠰ ᠤᠨ ᠬᠠᠭᠠᠨ ᠭᠠᠯᠳᠠᠠᠴᠠᠷᠢᠨ ᠨᠠᠰᠤ ᠨᠥᠭ᠍ᠴᠢᠪᠠᠢ᠃ ᠡᠭᠦᠡᠴᠡ ᠡᠭᠢᠯᠡᠨ ᠵᠡᠭᠦᠡᠭᠠᠷ ᠬᠠᠭᠠᠠᠳᠤ ᠣᠯᠤᠰ ᠨᠢ ᠪᠦᠭᠦ ᠳᠠᠯ᠎ᠠ ᠶᠢᠨ ᠭᠢᠮᠤᠷᠠᠯ ᠤᠨ ᠪᠠᠢ᠌ᠳᠠᠯ ᠳᠤ ᠣᠷᠤᠪᠠᠢ᠃

ᠮᠦᠨ ᠣᠨ ᠳᠤ ᠭᠠᠯᠳᠠᠠᠴᠠᠷᠢᠨ ᠬᠠᠭᠠᠨ ᠤ ᠳᠠᠳ᠋ ᠭᠦᠪᠠᠭᠦᠨ ᠴᠧᠸᠠᠩᠳᠤᠷᠵᠢᠨᠠᠮᠵᠢᠯ ᠬᠠᠭᠠᠨ ᠰᠢᠷᠡᠭᠡᠨ᠎ᠡ ᠰᠠᠭᠤᠪᠠᠢ᠃

1750 ᠣᠨ ( ᠴᠠᠭᠠᠨ ᠮᠤᠷᠢᠨ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠠᠷᠪᠠᠨ ᠳᠠᠪᠣᠳᠤᠭᠠᠷ ᠣᠨ )᠄

ᠮᠦᠨ ᠣᠨ ᠳᠤ ᠴᠧᠸᠠᠩᠳᠤᠷᠵᠢᠨᠠᠮᠵᠢᠯ ᠰᠠᠭᠤᠷᠢᠨ ᠡᠴᠡ ᠪᠠᠨ ᠣᠭᠴᠠᠷᠠᠭᠳᠠᠨ ᠯᠠᠮᠠᠳᠠᠷᠵᠢᠶ᠎ᠠ ᠵᠡᠭᠦᠡᠭᠠᠷ ᠤᠨ ᠬᠠᠭᠠᠨ ᠰᠠᠭᠤᠷᠢᠨ ᠢ ᠵᠠᠯᠭᠠᠮᠵᠢᠯᠠᠪᠠᠢ᠃

1752 ᠣᠨ ( ᠬᠠᠷ᠎ᠠ ᠪᠠᠴᠢᠨ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠠᠷᠪᠠᠨ ᠳᠤᠯᠤᠳᠤᠭᠠᠷ ᠣᠨ )᠄

ᠮᠦᠨ ᠣᠨ᠎ᠠ᠂ ᠬᠣᠢ᠌ᠤᠨ ᠤᠨ ᠠᠮᠤᠷᠰᠠᠨᠠᠭ᠎ᠠ ᠳᠠᠢ᠌ᠵᠢ ᠶᠢᠨ ᠳᠡᠮᠵᠢᠯᠭᠡ ᠪᠠᠷ ᠳᠠᠸᠠᠴᠢ ᠵᠡᠭᠦᠡᠭᠠᠷ ᠤᠨ ᠬᠠᠭᠠᠨ ᠰᠠᠭᠤᠷᠢᠨ ᠢ ᠡᠵᠡᠯᠡᠪᠠᠢ᠃

1753 ᠣᠨ ( ᠬᠠᠷᠠᠭᠴᠢᠨ ᠳᠠᠭᠢᠶ᠎ᠠ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠠᠷᠪᠠᠨ ᠨᠢ᠋ᠮᠠᠳᠤᠭᠠᠷ ᠣᠨ )᠄

ᠮᠦᠨ ᠣᠨ ᠳᠤ ᠳᠦᠷᠪᠡᠤᠨ ᠤᠨ ᠭᠤᠷᠪᠠᠨ ᠴᠡᠷᠢᠩ ( ᠴᠡᠷᠢᠩ᠂ ᠴᠡᠷᠢᠩᠤᠪᠰᠢ᠂ ᠴᠡᠷᠢᠩᠦ᠋ᠮᠡᠩᠭᠡ )᠂ ᠬᠠᠷᠢᠶᠠᠳᠤ ᠠᠯᠪᠠᠳᠤ ᠪᠠᠨ ᠳᠠᠭᠠᠭᠤᠯᠵᠤ ᠵᠡᠭᠦᠡᠭᠠᠷ ᠬᠠᠭᠠᠠᠳᠤ ᠣᠯᠤᠰ ᠡᠴᠡ ᠬᠠᠯᠬ᠎ᠠ ᠶᠢᠨ ᠭᠢᠯᠢ ᠳᠤ ᠣᠷᠤᠵᠤ ᠢᠷᠡᠭᠡᠤᠨ ᠮᠠᠠᠵᠤ ᠴᠢᠩ ᠭᠦᠷᠤᠨ ᠳᠤ ᠪᠠᠭᠤᠵᠤ ᠥᠭ᠍ᠪᠠᠢ᠃

1754 ᠣᠨ ( ᠭᠦᠭᠡ ᠨᠤᠬᠠᠢ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠠᠷᠪᠠᠨ ᠶ‍ᠢᠰᠦᠳᠦᠭᠡᠷ ᠣᠨ )᠄

ᠮᠦᠨ ᠣᠨ ᠤ ᠳᠠᠪᠣᠳᠤᠭᠠᠷ ᠰᠠᠷᠠᠳᠠ ᠮᠠᠠᠵᠤ ᠶᠢᠨ ᠳᠡᠭ᠍ᠷᠢ ᠳᠡᠳᠭᠦᠭ᠍ᠴᠢ ᠬᠠᠭᠠᠨ ᠴᠸᠩ ᠳ᠋ᠧ ᠶᠢᠨ ᠵᠤᠰᠠᠬᠤ ᠣᠷᠳᠤᠨ ᠳᠠᠭᠠᠨ ᠭᠤᠷᠪᠠᠨ ᠴᠠᠷᠢᠩ ᠳᠡᠷᠢᠭᠦᠳᠡᠢ ᠳᠦᠷᠪᠡᠤᠨ ᠤᠨ ᠣᠯᠠᠨ ᠳᠠᠢ᠌ᠵᠢ ᠨᠡᠷ ᠢ ᠭᠦᠯᠢᠶᠡᠨ ᠠᠪᠴᠤ ᠠᠭᠤᠯᠵᠠᠭᠠᠤᠨ ᠳᠠᠳᠠᠨ ᠳᠤ ᠳᠤᠰ ᠳᠤᠰ ᠭᠡᠷᠭᠡᠮ ᠵᠡᠷᠭᠡ ᠱᠠᠩᠨᠠᠪᠠᠢ᠃

ᠪᠠᠰᠠ ᠮᠦᠨ ᠣᠨ᠎ᠠ᠂ ᠬᠣᠢ᠌ᠤᠨ ᠤᠨ ᠠᠮᠤᠷᠰᠠᠨᠠᠭ᠎ᠠ ᠳᠠᠢ᠌ᠵᠢ ᠳᠦᠷᠪᠡᠤᠨ ᠤᠨ ᠳᠠᠢ᠌ᠵᠢ ᠨᠡᠮᠡᠭᠦ ᠶᠢᠨ ᠬᠠᠮᠳᠤ ᠬᠠᠷᠢᠶᠠᠳᠤ ᠠᠯᠪᠠᠳᠤ ᠪᠠᠨ ᠠᠪᠴᠤ ᠮᠠᠠᠵᠤ ᠳᠤ ᠳᠠᠭᠠᠷ᠎ᠠ ᠢᠷᠠᠪᠠᠢ᠃ ᠲ᠋ᠡᠭᠷᠢ ᠳᠡᠳᠭᠦᠭ᠍ᠴᠢ ᠬᠠᠭᠠᠨ ᠴᠸᠩ ᠳ᠋ᠧ ᠶᠢᠨ ᠵᠤᠰᠠᠬᠤ ᠣᠷᠳᠤᠨ᠎ᠠ ᠡᠡᠮᠦᠷᠰᠡᠨᠡᠭ᠎ᠠ᠂ ᠨᠡᠮᠡᠭᠦ ᠨᠡᠷ ᠢ ᠠᠪᠴᠤ ᠠᠭᠤᠯᠵᠠᠪᠠᠢ᠃

ᠴᠢᠩ ᠣᠯᠤᠰ ᠤᠨ ᠵᠠᠰᠠᠭ ᠤᠨ ᠭᠠᠵᠠᠷ ᠳᠠᠷᠠᠭ᠎ᠠ ᠵᠢᠯ ᠳᠤ ᠢᠯᠢ ᠶᠢᠨ ᠭᠠᠵᠠᠷ ᠴᠡᠷᠢᠭᠯᠡᠨ ᠣᠷᠤᠬᠤ ᠪᠠᠷ ᠳᠤᠭᠳᠠᠪᠠᠢ᠃

1755 ᠣᠨ ( ᠭᠦᠭᠡᠭ᠍ᠴᠢᠨ ᠭᠠᠬᠠᠢ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠬᠤᠷᠢᠳᠤᠭᠠᠷ ᠣᠨ )᠄

ᠮᠦᠨ ᠣᠨ ᠳᠤ ᠬᠤᠷᠴᠢᠨ ᠤ ᠪᠠᠠᠳᠢ ᠴᠢᠩ ᠣᠯᠤᠰ ᠤᠨ ᠬᠤᠶᠠᠷ ᠵᠠᠮ ᠤᠨ ᠴᠡᠷᠢᠭ᠌ ᠢ ᠶᠡᠷᠦᠩᠭᠡᠢ᠌ᠯᠡᠨ ᠵᠡᠭᠢᠷᠴᠤ᠂ ᠵᠡᠭᠦᠨ᠂ ᠡᠮᠦᠨ᠎ᠡ᠂ ᠬᠤᠶᠠᠷ ᠳᠠᠯ᠎ᠠ ᠡᠴᠡ ᠳᠤᠪᠳᠤᠯᠵᠤ᠂ ᠵᠡᠭᠦᠨᠭᠠᠷ ᠬᠠᠭᠠᠠᠳᠤ ᠣᠯᠤᠰ ᠤᠨ ᠬᠠᠭᠠᠨ ᠳᠠᠸᠠᠴᠢ ᠶᠢ ᠣᠯᠵᠠᠯᠠᠪᠠᠢ᠃

ᠮᠦᠨ ᠣᠨ ᠤ ᠨᠢ᠋ᠮᠠᠨ ᠰᠠᠷᠠᠳᠠ ᠬᠣᠢ᠌ᠤᠨ ᠤᠨ ᠳᠠᠢ᠌ᠵᠢ ᠠᠮᠤᠷᠰᠠᠨᠠᠭ᠎ᠠ ᠵᠡᠭᠦᠡᠭᠠᠷ ᠤᠨ ᠭᠠᠵᠠᠷ ᠲᠤ ᠴᠢᠩ ᠣᠯᠤᠰ ᠤᠨ ᠡᠰᠡᠷᠭᠦ ᠪᠣᠰᠤᠯᠭ᠎ᠠ ᠭᠠᠷᠭᠠᠭᠠᠤᠨ᠂ ᠢᠯᠢ ᠣᠷᠤᠨ ᠢ ᠡᠵᠡᠯᠡᠨ ᠠᠪᠣᠪᠠᠢ᠃

1756 ᠣᠨ ( ᠣᠯᠠᠭᠠᠨ ᠬᠤᠯᠤᠭᠠᠨ᠎ᠠ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠬᠤᠷᠢᠨ ᠨᠢᠭᠡᠨ ᠣᠨ )᠄

ᠮᠦᠨ ᠣᠨ ᠳᠤ ᠴᠢᠩ ᠣᠯᠤᠰ ᠤᠨ ᠵᠠᠰᠠᠭ ᠤᠨ ᠭᠠᠵᠠᠷ ᠡᠴᠡ ᠶᠡᠭᠡ ᠴᠡᠷᠢᠭ᠌ ᠳᠤᠮᠢᠯᠠᠨ ᠠᠮᠤᠷᠰᠠᠨᠠᠭ᠎ᠠ ᠶᠢᠨ ᠪᠣᠰᠤᠯᠭ᠎ᠠ ᠶᠢᠨ ᠴᠡᠷᠢᠭ᠌ ᠲᠡᠶ ᠪᠠᠢ᠌ᠯᠳᠤᠭᠤᠯᠵᠠᠢ᠃ ᠮᠠᠠᠵᠤ ᠶᠢᠨ ᠬᠠᠭᠠᠨ ᠤ ᠵᠠᠷᠯᠢᠭ ᠶᠢᠡᠷ ᠵᠡᠭᠦᠡᠭᠠᠷ ᠤᠨ ᠭᠠᠵᠠᠷ ᠳᠠᠢ᠌ᠳᠤᠵᠤ ᠶᠠᠪᠣᠭᠰᠠᠨ ᠬᠠᠯᠬ᠎ᠠ ᠵᠢᠶᠦ᠋ᠨ ᠸᠠᠩ ᠴᠢᠩᠭᠦᠡᠵᠠᠪ ᠮᠠᠠᠵᠤ ᠶᠢᠨ ᠳᠠᠢ᠌ᠯᠠᠭᠴᠢᠳ ᠡᠴᠡ ᠮᠤᠩᠭ᠋ᠤᠯ ᠤᠨ ᠠᠷᠠᠤᠨ ᠲᠦᠮᠡᠨ ᠳᠤ ᠳᠤᠯᠭᠠᠵᠤ ᠪᠠᠢ᠌ᠭᠰᠠᠨ ᠵᠣᠢ᠌ᠯ ᠵᠣᠢ᠌ᠯ ᠤᠨ ᠬᠠᠷᠭᠢᠰ ᠠᠵᠢᠯᠯᠠᠭ᠎ᠠ ᠶᠢ ᠥᠵᠡᠭᠡᠤᠨ ᠬᠤᠷᠤᠰᠤᠨ ᠭᠢᠯᠢᠩᠨᠠᠵᠤ᠂ ᠮᠦᠨ ᠣᠨ ᠤ ᠵᠤᠨ ᠦᠪᠡᠷ ᠤᠨ ᠣᠳᠤᠷᠢᠳᠤᠭᠰᠠᠨ ᠭᠡᠳᠤᠨ ᠮᠢᠩᠭ᠋ᠠᠨ ᠮᠤᠩᠭ᠋ᠤᠯ ᠴᠡᠷᠢᠭ᠌ ᠶᠢᠡᠨ ᠠᠪᠴᠤ ᠳᠠᠢ᠌ᠨ ᠤ ᠹᠷᠦᠠᠲ᠋ ᠡᠴᠡ ᠳᠦᠷᠦᠭ᠍ᠰᠡᠨ ᠨᠤᠳᠤᠭ ᠭᠦᠪᠰᠦᠭᠦᠯ ᠨᠠᠭᠤᠷ ᠲᠠᠭᠠᠨ ᠭᠦᠷᠦᠭᠡᠤᠨ ᠮᠠᠠᠵᠤ ᠶᠢᠨ ᠡᠰᠡᠷᠭᠦ ᠪᠣᠰᠤᠯᠭ᠎ᠠ ᠭᠠᠷᠭᠠᠪᠠᠢ᠃

1757 ᠣᠨ ( ᠣᠯᠠᠭᠴᠢᠨ ᠥᠭᠡᠷ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠬᠤᠷᠢᠨ ᠬᠤᠶᠠᠳᠤᠭᠠᠷ ᠣᠨ )᠄

ᠮᠦᠨ ᠣᠨ ᠤ ᠵᠢᠷᠭᠤᠭᠠᠨ ᠰᠠᠷᠠᠳᠠ ᠠᠮᠤᠷᠰᠠᠨᠠᠭ᠎ᠠ ᠦᠪᠡᠷ ᠤᠨ ᠳᠤᠭ ᠤᠨ ᠳᠤᠤᠷᠠᠭᠢ ᠭᠤᠷᠪᠠᠨ ᠮᠢᠩᠭ᠋ᠠᠨ ᠮᠤᠷᠢᠳᠤ ᠴᠡᠷᠢᠭ᠌ ᠢ ᠠᠪᠴᠤ ᠰᠢᠷ᠎ᠠ ᠪᠠᠯ ᠨᠠᠷᠠᠳᠤ ᠭᠠᠵᠠᠷ ᠮᠠᠠᠵᠤ ᠴᠢᠩ ᠤᠨ ᠲᠦᠮᠡ ᠭᠠᠷᠤᠢ ᠴᠡᠷᠢᠭ᠌ ᠲᠡᠶ ᠰᠢᠷᠦᠭᠦᠨ ᠳᠤᠯᠤᠯᠳᠤᠭᠠᠨ ᠪᠣᠯᠪᠠᠢ᠃ ᠲ᠋ᠠᠢ᠌ᠨ ᠤ ᠦᠷ᠎ᠡ ᠳ᠋ᠦ᠋ᠩ ᠳᠤ᠂ ᠠᠮᠤᠷᠰᠠᠨᠠᠭ᠎ᠠ ᠬᠤᠶᠠᠷ ᠮᠢᠩᠭ᠋᠎ᠠ ᠳᠠᠪᠤᠨ ᠵᠠᠭᠤᠭᠠᠤᠨ ᠴᠡᠷᠢᠭ᠌ ᠶᠢᠡᠨ ᠬᠤᠭᠢᠷᠠᠭᠤᠯᠵᠤ᠂ ᠲ᠋ᠠᠠᠳᠠ ᠡᠴᠡ ᠡᠷᠴᠢᠰ ᠭᠤᠤᠯ ᠤᠨ ᠣᠷᠤᠰᠬᠠᠯ ᠳᠠᠭᠠᠤ ᠠᠪᠠᠯᠢ ᠭᠡᠢ᠌ᠤᠨ ᠤᠨ ᠣᠷᠴᠢᠮ ᠭᠦᠷᠦᠭᠡᠤᠨ ᠬᠠᠭᠠᠠᠳᠤ ᠣᠷᠤᠰ ᠤᠨ ᠴᠡᠷᠢᠭ᠌ ᠲᠤ ᠪᠠᠷᠢᠪᠴᠢᠯᠠᠭᠳᠠᠪᠠᠢ᠃

ᠲ᠋ᠡᠭᠡᠭᠡᠤᠨ ᠳᠠᠠᠳᠠ ᠡᠪᠠᠦᠡᠴᠢᠨ ᠶᠢᠡᠷ ᠨᠠᠰᠤ ᠨᠥᠭ᠍ᠴᠢᠪᠠᠢ᠃

ᠮᠦᠨ ᠣᠨ ᠳᠤ ᠴᠢᠩᠭᠦᠡᠵᠡᠪ ᠣᠷᠤᠰ ᠮᠤᠩᠭ᠋ᠤᠯ ᠤᠨ ᠭᠢᠯᠢ ᠳᠡᠭᠡᠷ᠎ᠡ ᠮᠠᠠᠵᠤ ᠶᠢᠨ ᠴᠡᠷᠢᠭ᠌ ᠲᠤ ᠪᠠᠷᠢᠪᠴᠢᠯᠠᠭᠳᠠᠵᠤ ᠪᠠᠭᠡᠵᠢᠭ᠌ ᠳᠤ ᠭᠦᠷᠭᠡᠭ᠍ᠳᠡᠵᠤ ᠣᠴᠢᠭᠠᠤᠨ᠂ ᠮᠦᠨ ᠳᠠᠠᠳᠠ ᠨᠠᠰᠤ ᠪᠠᠷᠠᠪᠠᠢ᠃

1761 ᠣᠨ ( ᠴᠠᠭᠠᠭᠴᠢᠨ ᠮᠤᠭᠠᠢ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠬᠤᠷᠢᠨ ᠵᠢᠷᠭᠤᠳᠤᠭᠠᠷ ᠣᠨ )᠄

ᠳᠤᠠᠳᠤᠭ ᠳ᠋ᠠᠱᠢ ( ᠪᠠᠰᠠ ᠳᠤᠠᠳᠤᠭ ᠷᠠᠰᠢ ᠭᠡᠳᠡᠭ᠌ ᠪᠣᠶᠤ ) ᠨᠠᠰᠤ ᠨᠥᠭ᠍ᠴᠢᠭ᠍ᠰᠡᠨ ᠤ ᠳᠠᠷᠠᠭ᠎ᠠ ᠮᠦᠨ ᠣᠨ ᠳᠤ ᠣᠪᠠᠰᠢ ᠳᠤᠷᠭᠤᠳ ᠤᠨ ᠬᠠᠭᠠᠨ ᠰᠠᠭᠤᠷᠢᠨ ᠢ ᠵᠠᠯᠭᠠᠮᠵᠢᠯᠠᠪᠠᠢ᠃

1763 ᠣᠨ ( ᠰᠢᠷ᠎ᠠ ᠬᠤᠯᠤᠭᠠᠨ᠎ᠠ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠭᠤᠴᠢᠨ ᠭᠤᠷᠪᠠᠳᠤᠭᠠᠷ ᠣᠨ )᠄

ᠮᠦᠨ ᠣᠨ ᠳᠤ ᠮᠤᠩᠭ᠋ᠤᠯ ᠤᠨ ᠱᠠᠰᠢᠨ ᠤ ᠵᠢᠦᠡᠭᠦᠯᠳᠡᠨ ᠪᠦᠭᠡᠤᠨ ᠡᠷᠳᠡᠮᠳᠡᠨ ᠯᠤᠪᠰᠠᠩᠴᠤᠯᠳᠠᠮ ᠪᠠᠭᠡᠵᠢᠩ ᠤᠨ ᠶᠦᠩ ᠾᠧ ᠭᠦᠩ ᠭᠡᠢ᠌ᠤᠨ ᠡᠴᠡ ᠦᠪᠡᠷ ᠤᠨ ᠲᠦᠷᠦᠯᠭᠢ ᠨᠤᠳᠤᠭ ᠊᠊᠊᠊᠊᠊᠊᠊᠊᠊᠊᠊᠊᠊᠊ ᠴᠠᠬᠠᠷ ᠤᠨ ᠭᠦᠪᠠᠭᠡᠳᠤ ᠴᠠᠭᠠᠨ ᠬᠤᠰᠢᠭᠤᠨ ᠳᠠᠭᠠᠨ ᠪᠣᠴᠠᠨ ᠢᠷᠡᠭᠡᠤᠨ ᠨᠤᠮ ᠱᠠᠰᠢᠨ ᠳᠡᠯᠭᠡᠷᠡᠭᠦᠯᠵᠤ ᠰᠠᠭᠤᠪᠠᠢ᠃

1770 ᠣᠨ ( ᠴᠠᠭᠠᠨ ᠪᠠᠷᠰ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠭᠤᠴᠢᠨ ᠳᠠᠪᠣᠳᠤᠭᠠᠷ ᠣᠨ )᠄

ᠮᠦᠨ ᠣᠨ᠎ᠠ᠂ ᠢᠵᠢᠯ ᠮᠦᠷᠠᠨ ᠤ ᠣᠷᠤᠰᠬᠠᠯ ᠳᠠᠭᠠᠤ ᠣᠷᠤᠨ ᠳᠤ ᠨᠡᠭᠦᠳᠡᠯᠯᠡᠨ ᠣᠳᠤᠭᠰᠠᠨ ᠳᠤᠷᠭᠤᠤᠠᠴᠤᠳ ᠣᠪᠠᠰᠢ ᠶᠢᠨ ᠣᠳᠤᠷᠢᠳᠤᠯᠭ᠎ᠠ ᠳᠤᠤᠷ᠎ᠠ 《ᠪᠣᠷᠬᠠᠨ ᠰᠢᠳᠦᠭᠡᠨ ᠶᠢᠡᠨ ᠵᠡᠯᠡᠵᠤ᠂ ᠡᠳ᠋ ᠠᠭᠤᠷᠰᠤᠨ ᠶᠢᠡᠨ ᠠᠪᠣᠭᠠᠤᠨ᠂ ᠬᠠᠮᠤᠭ ᠮᠠᠯ ᠶᠢᠡᠨ ᠳᠠᠭᠤᠵᠤ᠂ ᠥᠷᠦᠭᠡ ᠠᠯᠪᠠᠳᠤ ᠪᠠᠨ ᠡᠮ᠎ᠡ ᠭᠡᠦᠭᠡᠤᠨ ᠲᠡᠶ ᠨᠢ ᠳᠠᠭᠠᠭᠤᠯᠤᠨ》 ᠵᠡᠭᠦᠨᠭᠠᠷ ᠬᠠᠭᠤᠴᠢᠨ ᠨᠤᠳᠤᠭ ᠶᠢᠡᠨ ᠵᠤᠷᠢᠨ ᠮᠤᠷᠳᠠᠪᠠ᠃

1771 ᠣᠨ ( ᠴᠠᠭᠠᠭᠴᠢᠨ ᠳᠠᠤᠯᠠᠢ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠭᠤᠴᠢᠨ ᠵᠢᠷᠭᠤᠳᠤᠭᠠᠷ ᠣᠨ )᠄

ᠢᠵᠢᠯ ᠵᠠᠢ ᠡᠴᠡ ᠮᠤᠷᠳᠠᠵᠤ ᠭᠠᠷᠴᠤ ᠢᠷᠡᠭ᠍ᠰᠡᠨ ᠳᠤᠷᠭᠤᠤᠠᠴᠤᠳ ᠲᠦᠮᠡᠨ ᠭᠦᠴᠢᠷ ᠮᠢᠩᠭ᠋ᠠᠨ ᠪᠠᠷᠭᠡ ᠶᠢ ᠳᠤᠭᠤᠯᠤᠨ᠂ ᠮᠦᠨ ᠣᠨ ᠤ ᠬᠠᠪᠣᠷ ᠵᠡᠭᠦᠡᠭᠠᠷ ᠤᠨ ᠣᠢ᠌ᠷ᠎ᠠ ᠳᠠᠮᠠᠭᠠᠨ ᠭᠡᠮᠡᠭᠦ ᠭᠠᠵᠠᠷ ᠲᠤ ᠭᠦᠷᠴᠤ ᠢᠷᠠᠪᠠᠢ᠃ ᠢᠵᠢᠯ ᠡᠴᠡ ᠮᠤᠷᠳᠠᠭᠰᠠᠨ ᠭᠤᠷᠪᠠᠨ ᠲᠦᠮᠡ ᠭᠤᠷᠪᠠᠨ ᠮᠢᠩᠭ᠋ᠠᠨ ᠡᠷᠦᠭᠡ ᠪᠤᠮᠡ ᠵᠢᠷᠭᠤᠭᠠᠨ ᠲᠦᠮᠡ ᠶ‍ᠢᠰᠤᠨ ᠮᠢᠩᠭ᠋ᠠᠨ ᠠᠮᠠ ᠭᠦᠮᠤᠨ ᠡᠴᠡ ᠡᠴᠦᠰ ᠲᠤ ᠳᠤᠯᠤᠭᠠᠨ ᠲᠦᠮᠡᠨ ᠭᠦᠮᠤᠨ ᠨᠢ ᠯᠠ ᠦᠯᠠᠳᠠᠪᠠᠢ᠃

ᠪᠠᠰᠠ ᠮᠦᠨ ᠣᠨ ᠤ ᠶ‍ᠢᠰᠤᠨ ᠰᠠᠷ᠎ᠠ ᠳᠤ ᠳᠡᠭ᠍ᠷᠢ ᠳᠡᠳᠭᠦᠭ᠍ᠴᠢ ᠬᠠᠭᠠᠨ ᠣᠪᠠᠰᠢ ᠪᠣᠯᠤᠨ ᠳᠤᠷᠭᠤᠳ ᠤᠨ ᠪᠣᠰᠤᠳ ᠨᠤᠶᠠᠤᠨ ᠢ ᠴᠸᠩᠳ᠋ᠧ ᠶᠢᠨ ᠵᠤᠰᠠᠬᠤ ᠣᠷᠳᠤᠨ ᠳᠠᠭᠠᠨ ᠭᠦᠯᠢᠶᠡᠨ ᠠᠪᠴᠤ ᠠᠭᠤᠯᠵᠠᠭᠠᠤᠨ᠂ ᠲ᠋ᠤᠰ ᠳᠤᠰ ᠭᠡᠷᠭᠡᠮ ᠵᠡᠷᠭᠡ ᠪᠠ ᠵᠠᠰᠠᠭ ᠱᠠᠩᠨᠠᠵᠤ᠂ ᠪᠠᠰᠠ ᠳᠠᠳᠠᠨ ᠤ ᠬᠠᠷᠢᠶᠠᠳᠤ ᠢᠷᠭᠡᠤᠨ ᠢ ᠢᠯᠢ ᠶᠢᠨ ᠵᠠᠩᠵᠤᠨ ᠤ ᠵᠠᠭᠢᠷᠭᠠᠨ ᠳᠤᠤᠷ᠎ᠠ ᠳᠦᠷᠪᠡᠨ ᠴᠢᠭᠤᠯᠭᠠᠨ ᠪᠣᠯᠭᠠᠨ ᠳᠤᠭᠢᠷᠠᠭᠤᠯᠤᠨ ᠰᠠᠭᠤᠯᠭᠠᠪᠠᠢ᠃

ᠳᠠᠷᠤᠮ᠄ 22886
ᠴᠠᠭ᠄ 2006 ᠤᠨ ᠤ 04 ᠰᠠᠷ᠎ᠠ ᠶᠢᠨ 16
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ