ᠨᠡᠪᠲᠡᠷᠡᠨ ᠤᠷᠤᠬᠤ
ᠪᠦᠰᠡᠭᠦᠢᠴᠦᠦᠯ ᠴᠢᠮ᠎ᠠ ᠪᠠᠷ ᠭᠠᠢ᠌ᠬᠠᠭᠤᠯᠬᠤ ᠳ᠋ᠤ

《ᠴᠠᠭᠠᠳᠤᠭᠢ ᠴᠢᠨᠢ ᠨᠠᠳᠠ ᠳᠡᠭᠡᠷ᠎ᠡ ᠢᠷᠡᠭ᠍ᠰᠡᠨ

ᠶᠠᠷᠢᠶ᠎ᠠ ᠭᠦᠭᠡᠷᠦᠭᠡ ᠲᠡᠶ ᠯᠠ᠂ ᠶᠦᠮᠦᠷᠯᠢᠭ᠌ ᠭᠡᠪ ᠶᠢᠡᠷ》 ᠭᠡᠵᠡᠭᠡᠨ᠎ᠡ

《ᠢᠱᠢ》 ᠭᠡᠵᠤ ᠪᠢ ᠳᠤᠭᠤ ᠶᠠᠳᠠᠮᠠᠷ ᠪᠣᠯᠵᠤ ᠪᠠᠢ᠌ᠨ᠎ᠠ

ᠢᠯᠳᠠᠮᠬᠠᠨ ᠮᠦᠰᠢᠶᠠᠵᠤ ᠬᠠᠵᠠᠭᠤ ᠪᠠᠷ ᠭᠠᠷᠬᠤ ᠶᠢᠨ ᠳᠠᠰᠢᠷᠠᠮ ᠶᠢᠡᠷ

ᠨᠢᠳᠤ ᠮᠢᠨᠢ ᠪᠣᠯᠵᠤᠵᠤ ᠠᠮᠵᠢᠭᠰᠠᠨ ᠢ ᠳᠡᠨᠡᠭ᠍ᠭᠡᠨ ᠳᠠᠳᠠ ᠮᠡᠳᠡᠭᠦ ᠤᠤ

ᠬᠤᠠᠳᠠᠭᠠᠨ ᠳᠤ ᠮᠡᠯᠮᠡᠯᠵᠡᠭᠦ ᠦᠵᠦᠮ ᠤᠨ ᠰᠠᠷᠬᠤᠤᠨ ᠰᠢᠭ

ᠳᠠᠩᠰᠤᠭ ᠵᠢᠷᠭᠠᠯ ᠶᠢᠡᠷ ᠢᠯᠪᠢᠭᠦᠯᠵᠤ ᠮᠢᠰᠢᠶᠡᠭᠰᠡᠨ ᠳᠠᠷᠠ ᠦᠳᠡᠰᠢ ᠶᠢᠨ ᠰᠠᠷᠠ

ᠶᠠᠮᠠᠷᠬᠠᠨ ᠳᠤᠩᠭ᠋ᠠᠯᠠᠭ ᠪᠠᠢ᠌ᠭᠰᠠᠨ ᠢ ᠶᠠᠭᠠᠭᠢᠵᠤ ᠮᠡᠳᠡᠭᠦᠪ ᠳᠠᠳᠠ

ᠠᠶᠠᠰ ᠠᠶᠠᠰ ᠤᠨ ᠳᠤᠭᠢᠶ᠎ᠠ ᠪᠠᠷ

ᠠᠢ᠌ᠰᠤᠢ ᠳᠤᠷᠠᠯᠠᠯ ᠤᠨ ᠴᠢᠮᠡᠭᠡ

ᠰᠠᠪᠬᠠᠨ ᠬᠤᠷᠤᠭᠤᠳ ᠤᠨ ᠵᠠᠪᠰᠠᠷ ᠶᠢᠡᠷ

ᠨᠠᠭᠢᠯᠵᠠᠬᠤ ᠳᠠᠰᠢᠶᠠᠨ ᠤ ᠰᠠᠯᠭᠢᠨ ᠳᠤᠤᠭᠤᠷ

ᠨᠠᠢ᠌ᠭᠤᠬᠤ ᠭᠦᠯ ᠤᠨ ᠵᠦᠷᠢᠯᠳᠦᠭᠡᠨ ᠳᠤᠮᠳᠠᠭᠤᠷ

ᠦᠨᠳᠦᠷ ᠥᠰᠦᠭᠡᠢ ᠶᠢᠨ ᠳᠤᠭᠢᠯᠳᠠ ᠪᠠᠷ

ᠣᠯᠠᠮ ᠣᠯᠠᠮ ᠶᠢᠡᠷ ᠨᠠᠭᠠᠰᠢᠯᠠᠭᠰᠠᠨ ᠢ

ᠶᠠᠭᠠᠭᠢᠵᠤ ᠠᠵᠢᠶᠠᠷᠠᠬᠤ ᠶᠤᠮ ᠳᠠᠳᠠ


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2647
ᠴᠠᠭ᠄ 2011 ᠤᠨ ᠤ 02 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ