☆ ᠨᠡᠷᠡᠡᠴᠡᠴᠡᠭ᠌
ᠡᠵᠢ ᠶᠢᠨ ᠮᠢᠨᠢ ᠨᠢᠳᠤ
ᠡᠵᠢ ᠶᠢᠨ ᠮᠢᠨᠢ ᠨᠢᠳᠤ ᠪᠣᠯ
ᠣᠷᠢᠳᠠ ᠲᠦᠷᠦ ᠶᠢᠨ ᠰᠢᠷᠦᠭᠦᠨ ᠣᠷᠤᠰᠬᠠᠯ ᠳᠤ
ᠣᠬᠠᠭᠠᠨ ᠣᠷᠤᠭ᠎ᠠ ᠦᠭᠡᠶ ᠦᠨᠦᠴᠢᠷᠠᠨ ᠨᠢᠯᠪᠣᠰᠤᠷᠠᠵᠤ
ᠠᠢ᠌ᠯ ᠤᠨ ᠡᠭᠦᠳᠡ ᠶᠢ ᠳᠠᠮᠵᠢᠵᠤ ᠶᠠᠪᠣᠭᠰᠠᠨ
ᠪᠦᠱᠦᠷᠭᠡᠭ᠌ ᠬᠠᠷᠠᠴᠠ ᠲᠡᠶ ᠭᠦᠭᠡᠷᠦᠭᠦᠨ ᠳᠦᠷᠯᠡᠭᠡᠷ ᠨᠢᠳᠤ ᠪᠠᠢ᠌ᠵᠠᠢ᠃
ᠠᠰᠬᠠᠨ ᠵᠠᠯᠠᠭᠤ ᠶᠢᠨ ᠦᠶ᠎ᠡ ᠳᠡᠭᠡᠨ ᠪᠣᠯ
ᠠᠢ᠌ᠯ ᠤᠨ ᠭᠦᠦᠴᠦᠦᠯ ᠤᠨ ᠬᠠᠷᠠᠭ᠎ᠠ ᠰᠤᠭᠤᠯᠵᠤ ᠪᠠᠢ᠌ᠭᠰᠠᠨ
ᠳᠠᠪᠬᠤᠷ ᠬᠤᠰᠢ ᠲᠡᠶ ᠠᠯᠠᠭ ᠴᠤᠬᠤᠷ ᠨᠢᠳᠤ ᠪᠠᠢ᠌ᠵᠠᠢ᠃
ᠦᠨᠦᠳᠤᠷ ᠤᠨ ᠨᠠᠷᠠᠨ ᠤ ᠳᠤᠤᠷ᠎ᠠ ᠪᠣᠯ
ᠡᠵᠢ ᠶᠢᠨ ᠮᠢᠨᠢ ᠨᠢᠳᠤ
ᠡᠨᠡᠭᠡᠨ ᠬᠤᠷᠸ᠎ᠠ ᠶᠢᠨ ᠡᠷᠢᠶᠡᠨ ᠪᠠᠷᠠᠭᠠᠨ ᠢ
ᠡᠯᠳᠡᠯ᠎ᠡ ᠥᠵᠡᠭ᠍ᠰᠡᠨ
ᠢᠮᠠᠬᠤ ᠵᠤᠵᠠᠭᠠᠨ ᠰᠢᠯ ᠶᠢᠡᠷ ᠬᠠᠷᠠᠭ᠎ᠠ ᠳᠤᠳᠤᠷᠠᠭᠤᠯᠳᠠᠭ
ᠡᠨᠡᠷᠢᠩᠭᠦᠢ ᠬᠠᠷᠠᠴᠠ ᠲᠡᠶ ᠡᠷᠢᠶᠡᠨ ᠬᠤᠶᠠᠷ ᠨᠢᠳᠤ ᠪᠠᠢ᠌ᠨ᠎ᠠ᠃
ᠡᠵᠢ ᠶᠢᠨ ᠮᠢᠨᠢ ᠨᠢᠳᠤ ᠪᠣᠯ
ᠨᠡᠯᠦᠭᠡᠷ ᠶᠡᠭᠡ ᠭᠦᠳᠡᠭᠡ ᠳᠡᠭᠡᠨ ᠰᠥᠷᠦᠭ᠌ ᠶᠢᠡᠨ ᠬᠠᠷᠠᠵᠤ
ᠨᠠᠷᠠ ᠨᠢ ᠨᠢᠭᠤᠬᠤ ᠪᠠᠷ᠂ ᠯᠠ ᠶᠢᠨ ᠭᠡᠷᠡᠯ ᠳᠤᠤᠷ᠎ᠠ
ᠵᠡᠭᠦᠤ ᠪᠠᠨ ᠰᠦᠪᠡᠯᠠᠵᠤ ᠶᠠᠪᠣᠭᠰᠠᠨ
ᠭᠡᠷᠡᠯᠳᠤ ᠬᠤᠶᠠᠷ ᠨᠢᠳᠤ ᠶᠤᠮ᠃
ᠨᠢ᠋ᠮᠠᠨ ᠦᠷ᠎ᠡ ᠶᠢᠨ ᠶᠢᠡᠨ ᠰᠠᠢ᠌ᠬᠠᠨ ᠤ ᠳᠦᠯᠦᠭᠡ
ᠨᠠᠰᠤᠨ ᠳᠤᠷᠰᠢᠳᠠ ᠴᠢᠷᠮᠠᠯᠠᠨ ᠭᠦᠳᠡᠯᠦᠭᠰᠡᠨ
ᠣᠬᠠᠭᠠᠠᠳᠤ ᠳᠤᠩᠭ᠋ᠠᠯᠠᠭ ᠴᠡᠴᠡᠭᠡᠢ ᠶᠤᠮ᠃
ᠣᠳᠤ ᠪᠣᠯ ᠡᠵᠢ ᠶᠢᠨ ᠮᠢᠨᠢ ᠨᠢᠳᠤ
ᠠᠴᠢ ᠵᠢᠭᠡ ᠨᠡᠷ ᠶᠢᠡᠨ ᠡᠷᠭᠦᠵᠤ ᠰᠤᠷᠭᠠᠬᠤ
ᠠᠵᠢᠯ ᠤᠨ ᠶᠡᠭᠡ ᠳᠤ ᠡᠷᠭᠢᠯᠳᠦᠵᠤ ᠶᠠᠪᠣᠭ᠎ᠠ
ᠣᠰᠬᠠᠯ ᠵᠥᠭᠡᠯᠡᠨ ᠨᠢᠳᠤ ᠪᠠᠢ᠌ᠨ᠎ᠠ᠃
ᠣᠷᠭᠤᠬᠤ ᠨᠠᠷᠠᠨ ᠤ ᠳᠤᠯᠠᠭᠠᠬᠠᠨ ᠰᠠᠴᠤᠷᠠᠭ ᠪᠣᠶᠤ
ᠣᠶᠠᠩᠭ᠋ᠠᠳᠤ ᠣᠷᠳᠤ ᠶᠢᠨ ᠳᠠᠭᠤᠨ ᠤ ᠪᠠᠨ ᠨᠠᠭᠢᠯᠭᠠᠨ ᠠᠶᠠᠰ ᠲᠤ
ᠠᠷᠭ᠎ᠠ ᠦᠭᠡᠶ ᠣᠶᠠᠷᠠᠨ ᠴᠢᠭᠢᠭ᠍ᠳᠡᠳᠡᠭ᠌
ᠡᠭᠡᠯ ᠠᠷᠠᠤᠨ ᠤᠨ ᠴᠡᠯᠮᠡᠭ᠌ ᠪᠣᠷᠤ ᠨᠢᠳᠤ ᠪᠠᠢ᠌ᠨ᠎ᠠ᠃
ᠡᠵᠢ ᠶᠢᠨ ᠮᠢᠨᠢ ᠨᠢᠳᠤ ᠨᠠᠳᠠ ᠳᠠᠭᠠᠨ ᠪᠣᠯ
ᠡᠭᠡᠳᠡᠷᠭᠡᠨ ᠲᠡᠶ ᠡᠨᠡ ᠨᠡᠢ᠌ᠭᠡᠮ ᠤᠨ
ᠡᠪᠭᠡᠭᠡᠰᠤ ᠲᠡᠶ ᠣᠨᠢᠰᠤᠭ᠎ᠠ ᠶᠢ ᠳᠠᠢ᠌ᠯᠵᠤ ᠦᠭᠳᠡᠭ᠌
ᠠᠮᠢᠳᠤᠷᠠᠬᠤᠢ ᠶᠢᠨ ᠣᠬᠠᠭᠠᠨ ᠤ
ᠦᠨᠡᠨ ᠮᠦᠨ ᠢ ᠢᠯᠭᠠᠵᠤ ᠦᠭᠳᠡᠭ᠌
ᠮᠦᠰᠢᠶᠠᠳᠤ ᠢᠪᠢᠯᠭᠡᠭ᠍ᠰᠡᠨ ᠮᠠᠯᠮᠠᠢ ᠪᠠᠢ᠌ᠨ᠎ᠠ᠃
(《ᠭᠤᠷᠪᠠᠳᠤᠭᠠᠷ ᠳᠦᠢᠯ》 ᠰᠡᠳᠭᠦᠯ ᠳᠤ ᠨᠡᠢ᠌ᠳᠡᠯᠡᠭ᠍ᠳᠡᠪᠡ)
ᠵᠤᠬᠢᠶᠠᠭᠴᠢ᠄ ᠨᠡᠷᠡᠡᠴᠡᠴᠡᠭ᠌
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3492
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ