ᠨᠡᠪᠲᠡᠷᠡᠨ ᠤᠷᠤᠬᠤ
ᠪᠣᠷᠤᠭᠠᠨ ᠲᠡᠶ ᠡᠳᠦᠷ ᠤᠨ ᠪᠣᠯᠵᠤᠭ᠎ᠠ

ᠪᠣᠷᠤ ᠵᠢᠷᠦᠭᠡ ᠮᠢᠨᠢ ᠳᠦᠭ᠍ᠰᠢᠨ ᠪᠠᠢ᠌ᠵᠤ

ᠪᠣᠳᠤᠯ ᠰᠡᠳᠭᠢᠯ ᠮᠢᠨᠢ ᠰᠠᠮᠠᠭᠠᠷᠳᠠᠨ ᠪᠠᠢ᠌ᠵᠤ

ᠪᠣᠯᠵᠤᠭᠰᠠᠨ ᠡᠳᠦᠷ ᠪᠣᠷᠤᠭᠠᠨ ᠣᠷᠤᠵᠠᠢ᠃

ᠪᠣᠯᠵᠤᠭᠠᠨ ᠳᠠᠭᠠᠨ ᠴᠢ ᠢᠷᠡᠭ᠍ᠰᠡᠨ ᠦᠭᠡᠶ᠃


ᠪᠣᠷᠤᠭᠠᠨ ᠲᠡᠶ ᠡᠳᠦᠷ ᠤᠨ ᠳᠠᠷᠠ ᠪᠣᠯᠵᠤᠭ᠎ᠠ

ᠪᠣᠭᠢ ᠲᠡᠶ ᠣᠳᠤᠭᠠᠨ ᠳᠤ ᠬᠠᠬᠠᠵᠤ ᠥᠩᠭᠡᠷᠡᠵᠡᠢ᠃

ᠪᠣᠯᠪᠠᠰᠤᠷᠠᠵᠤ ᠴᠢᠳᠠᠭᠰᠠᠨ ᠦᠭᠡᠶ ᠳᠤᠷᠠᠯᠠᠯ ᠮᠢᠨᠢ ᠴᠤ

ᠪᠣᠴᠠᠭᠠᠵᠤ ᠳᠡᠢ᠌ᠯᠭᠦ ᠦᠭᠡᠶ ᠲᠤᠢ᠌ᠯᠵᠤ ᠬᠤᠯᠠᠳᠠᠵᠠᠢ︕


ᠪᠣᠭᠢᠨᠢᠳᠤᠯ ᠭᠤᠳᠤᠷᠠᠯ ᠤᠨ ᠬᠠᠮᠳᠤ ᠮᠠᠨᠠᠭᠰᠠᠨ

ᠣᠩᠭ᠋ᠤᠨ ᠭᠡᠢ᠌ᠷᠭᠡᠯ ᠊᠊᠊᠊᠊᠊᠊᠊᠊᠊᠊᠊᠊᠊᠊  ᠠᠩᠬᠠᠨ ᠤ ᠬᠠᠢ᠌ᠷ᠎ᠠ

ᠪᠣᠴᠠᠵᠤ ᠢᠷᠡᠭᠦ ᠦᠭᠡᠶ ᠴᠠᠭ ᠮᠦᠴᠡ ᠲᠡᠶ ᠪᠠᠨ

ᠪᠣᠳᠤᠵᠤ ᠣᠶᠠᠷᠠᠬᠤ ᠶᠢᠨ ᠳᠤᠷᠠᠰᠤᠮᠵᠢ ᠯᠠ ᠦᠯᠠᠳᠠᠵᠠᠢ ᠁


ᠰᠠᠮᠠᠷᠠᠨ ᠣᠷᠤᠬᠤ ᠦᠨᠦᠳᠤᠷ ᠤᠨ ᠪᠣᠷᠤᠭ᠎ᠠ

ᠰᠤᠨᠤᠷ ᠳᠠᠯᠠᠳᠤᠨ ᠱᠠᠭᠢᠨ ᠰᠢᠪᠠᠷᠠᠨ᠎ᠡ᠃

ᠰᠡᠳᠭᠢᠯ ᠳ᠋ᠤ ᠬᠤᠨᠤᠭᠰᠢᠭᠰᠠᠨ ᠳᠠᠷᠠ ᠪᠣᠯᠵᠤᠭ᠎ᠠ

ᠰᠠᠷᠠᠯ ᠭᠦᠡᠳᠡᠵᠤ ᠰᠡᠮᠡᠭᠡᠷ ᠭᠦᠡᠳᠦᠴᠢᠯᠡᠨ᠎ᠡ ᠡ︕


ᠵᠤᠬᠢᠶᠠᠭᠴᠢ ᠶᠢᠨ ᠬᠠ‍‌ᠶᠢᠭ ᠄ ᠲᠦᠩᠯᠢᠶᠤᠤ ᠬᠤᠳᠠ ᠬᠣᠢ᠌ᠳᠤ ᠬᠤᠰᠢᠭᠤ

ᠵᠤᠬᠢᠶᠠᠭᠴᠢ᠄ ᠪᠣᠷᠵᠢᠭᠢᠨ·ᠪᠦᠷᠢᠨ‍ᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2623
ᠴᠠᠭ᠄ 2011 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ