ᠨᠡᠪᠲᠡᠷᠡᠨ ᠤᠷᠤᠬᠤ
ᠲᠡᠭᠷᠢ ᠶᠢᠨ ᠵᠠᠬᠢᠶ᠎ᠠ

ᠪᠢᠯᠢᠭ᠌ ᠤᠨ ᠰᠤᠷ᠂ ᠣᠬᠠᠭᠠᠨ ᠤ ᠰᠤᠷ

ᠪᠢᠴᠢᠭ᠌ ᠤᠨ ᠭᠦᠮᠤᠨ ᠤ ᠵᠢᠷᠦᠭᠡᠨ ᠰᠤᠷ

ᠳᠠᠷᠠ ᠰᠤᠷ ᠤᠨ ᠠᠯᠳᠠᠨ ᠬᠤᠷᠮᠤᠢ ᠡᠴᠡ ᠪᠢ

ᠳᠡᠭᠡᠳᠦᠰ ᠤᠨ ᠮᠢᠨᠢ ᠳᠠᠷᠢᠭᠰᠠᠨ ᠪᠣᠰᠤᠭ᠎ᠠ ᠭᠡᠯᠡᠨ ᠤ

ᠳᠡᠯᠭᠡᠷ ᠽᠠᠠᠳᠠᠨ ᠮᠤᠳᠤ ᠶᠢ ᠠᠪᠠᠷᠢᠶᠤ ᠭᠡᠮᠡᠨ ᠢᠷᠠᠯ᠎ᠠ

ᠳᠠᠮᠤᠵᠢᠨ ᠡᠪᠦᠭᠡ ᠶᠢᠨ ᠱᠠᠩᠨᠠᠭᠰᠠᠨ ᠨᠠᠢ᠌ᠷᠠᠭ ᠤᠨ ᠭᠡᠰᠢᠭ᠌ ᠡᠴᠡ

ᠳᠡᠭ᠍ᠷᠢ ᠶᠢᠨ ᠵᠠᠷᠯᠢᠭ ᠢ ᠣᠩᠰᠢᠶᠤ ᠭᠡᠮᠡᠨ ᠢᠷᠠᠯ᠎ᠠ

ᠪᠢ ᠨᠡᠭᠦᠳᠡᠯ ᠤᠨ ᠳᠤᠭᠤᠰᠤᠨ ᠡᠴᠡ ᠣᠨᠠᠭᠰᠠᠨ ᠭᠦᠮᠤᠨ

ᠪᠢᠳᠡᠭᠦᠤ ᠳᠡᠨᠦᠭ᠍ᠰᠡᠨ ᠳᠡᠦᠭᠡ ᠶᠢᠨ ᠠᠶᠠᠨ ᠤ ᠳᠡᠷᠭᠡᠨ ᠡᠴᠡ

ᠪᠢᠳᠠᠭᠤ ᠪᠠᠭᠤᠭᠰᠠᠨ ᠶᠠᠳᠠᠭᠤ ᠪᠢᠴᠢᠭ᠌ ᠤᠨ ᠭᠦᠮᠤᠨ

ᠪᠢᠯᠢᠭ᠌ ᠤᠨ ᠰᠤᠷ ᠲᠡᠶ ᠮᠤᠩᠭ᠋ᠤᠯ ᠨᠠᠢ᠌ᠷᠠᠭᠴᠢᠤᠨ ᠤᠨ

ᠪᠢᠷ ᠤᠨ ᠥᠵᠦᠭᠦᠷ ᠳᠠᠭᠢ ᠣᠶᠠᠩᠭ᠋᠎ᠠ ᠶᠢᠨ ᠰᠥ᠋ ᠶᠢ

ᠪᠢᠳᠡᠭᠦᠯᠡᠨ ᠪᠢᠳᠡᠭᠦᠯᠡᠨ ᠠᠮᠰᠠᠵᠤ ᠢᠷᠡᠭ᠍ᠰᠡᠨ ᠭᠦᠮᠤᠨ

ᠣᠶᠤᠨ ᠴᠤᠭᠤᠷᠤᠬᠤ ᠴᠠᠭᠠᠨ ᠳᠤᠯᠤᠭᠠᠢ ᠲᠡᠶ

ᠣᠬᠠᠭᠠᠨ ᠰᠠᠭᠤᠬᠤ ᠮᠥᠩᠭᠡ ᠳᠡᠭ᠍ᠷᠢ ᠲᠡᠶ

ᠣᠵᠤᠭᠤᠷ ᠤᠨ ᠭᠦᠮᠤᠨ ᠤ ᠡᠷᠢᠯ ᠤᠨ ᠮᠦᠷ ᠳᠠᠭᠢ

ᠣᠭᠠᠯᠵᠠ ᠳᠡᠭ᠍ᠳᠡᠭ᠍ᠰᠡᠨ ᠭᠤᠪᠢ ᠶᠢᠨ ᠳᠤᠷᠠᠰᠬᠠᠯ ᠶᠢᠡᠷ

ᠣᠴᠠᠷᠠᠭᠰᠠᠨ ᠭᠦᠮᠤᠨ ᠲᠡᠶ ᠰᠠᠢ᠌ᠨ ᠦᠦ ᠭᠡᠵᠤ

ᠣᠯᠠ ᠳᠡᠭᠡᠷ᠎ᠡ ᠪᠠᠨ ᠵᠤᠭᠰᠤᠨ ᠮᠡᠡᠳᠦᠯᠡᠭᠦ

ᠮᠢᠳᠠᠭᠠᠵᠤ ᠴᠢᠳᠠᠬᠤ ᠦᠭᠡᠶ ᠵᠤᠷᠢᠭ ᠰᠠᠨᠠᠭ᠎ᠠ ᠲᠡᠶ

ᠮᠢᠩᠭ᠋ᠠᠨ ᠣᠨ ᠤ ᠴᠤᠪᠣᠭᠠᠨ ᠳ᠋ᠠᠭᠢ ᠮᠠᠨᠠᠭᠠᠴᠢ ᠭᠦᠮᠤᠨ ᠡ ︕

ᠬᠤᠷᠢᠨ ᠨᠢᠭᠡᠳᠦᠭᠡᠷ ᠵᠠᠭᠤᠨ ᠡᠴᠡ ᠴᠠᠭ ᠨᠠᠮᠠᠶ᠋ᠢ ᠳᠠᠭᠤᠳᠠᠪᠠ

ᠬᠤᠷᠢᠮ ᠪᠢᠰᠢ ᠨᠠᠢ᠌ᠷᠠᠭ ᠤᠨ ᠨᠠᠭᠠᠳᠤᠮ ᠳᠤ ᠵᠠᠯᠠᠪᠠ

ᠬᠤᠷᠤᠭᠤᠨ ᠥᠡᠳᠡᠭᠡ ᠶᠢᠨ ᠳᠠᠮᠠᠭ᠎ᠠ ᠲᠡᠶ ᠨᠠᠭᠠᠳᠤᠮ ᠤᠨ ᠳᠤᠯᠭ᠎ᠠ

ᠬᠤᠯᠠ ᠶᠢᠨ ᠵᠠᠭᠤᠨ ᠤ ᠳᠡᠭ᠍ᠷᠢ ᠶᠢᠨ ᠰᠠᠨᠠᠭ᠎ᠠ ᠶᠢ ᠥᠭ᠍ᠪᠡ

ᠮᠤᠩᠭ᠋ᠤᠯ ᠶᠠᠳᠤᠭ᠎ᠠ ᠪᠠᠷ ᠳᠦᠩᠭᠢᠨᠡᠭᠦᠯᠵᠤ ᠢᠷᠡᠭ᠍ᠰᠡᠨ ᠭᠦᠭᠡ ᠳᠡᠭ᠍ᠷᠢ ᠪᠠᠨ

ᠮᠤᠩᠭ᠋ᠤᠯ ᠨᠠᠢ᠌ᠷᠠᠭ ᠤᠨ ᠳᠠᠯ ᠲᠡᠶ ᠰᠠᠯᠭᠢ ᠪᠠᠷ ᠭᠤᠶᠠᠳᠠ ᠭᠡᠵᠤ ᠵᠠᠭᠢᠪᠠ

ᠮᠤᠳᠤᠨ ᠳᠡᠷᠭᠡ ᠭᠦᠭᠡᠭᠡᠭᠦ ᠭᠦᠭᠡ ᠳᠤᠯᠪᠣ ᠶᠢᠨ ᠳᠠᠷᠢᠭᠢ ᠳᠤᠯᠤᠭᠠᠢ ᠶᠢ

ᠮᠤᠷᠢᠨ ᠳᠤ ᠰᠤᠠᠳᠠᠯᠠᠬᠤ ᠳᠠᠷ ᠳᠠᠮᠢᠷ ᠶᠢᠡᠷ ᠰᠤᠯᠢ ᠭᠡᠵᠤ ᠵᠠᠭᠢᠪᠠ

ᠵᠤᠯᠠ ᠠᠰᠠᠭᠠᠨ ᠰᠥᠭᠦᠦᠡᠴᠤ ᠪᠠᠢ᠌ᠭᠠᠤᠨ ᠶᠠᠩᠵᠢᠠᠯᡁᠠᠮᠤ ᠪᠣᠷᠬᠠᠨ ᠡᠴᠡ

ᠵᠤᠳᠠᠭᠠᠵᠤ ᠳᠡᠢ᠌ᠯᠭᠦ ᠦᠭᠡᠶ ᠳᠤᠳᠤᠷ ᠳᠠᠮᠢᠷ ᠭᠤᠶᠤ ᠭᠡᠵᠤ ᠵᠠᠭᠢᠪᠠ

ᠳᠡᠭ᠍ᠷᠢ ᠪᠠᠨ ᠡᠷᠭᠦᠭ᠍ᠰᠡᠨ ᠰᠦᠨᠠᠰᠤ ᠶᠢ ᠡᠷᠢ ᠭᠡᠵᠤ ᠵᠠᠭᠢᠪᠠ

ᠳᠡᠦᠭᠡ ᠪᠠᠨ ᠡᠭᠦᠷᠦᠭ᠍ᠰᠡᠨ ᠭᠦᠨᠡᠰᠤ ᠶᠢ ᠡᠷᠢ ᠭᠡᠵᠤ ᠵᠠᠭᠢᠪᠠ

ᠪᠢ ᠨᠡᠭᠦᠳᠡᠯ ᠤᠨ ᠳᠤᠭᠤᠰᠤᠨ ᠡᠴᠡ ᠣᠨᠠᠭᠰᠠᠨ ᠭᠦᠮᠤᠨ

ᠪᠢᠳᠡᠭᠦᠤ ᠳᠡᠨᠦᠭ᠍ᠰᠡᠨ ᠳᠡᠦᠭᠡ ᠶᠢᠨ ᠠᠶᠠᠨ ᠤ ᠳᠡᠷᠭᠡᠨ ᠡᠴᠡ

ᠪᠢᠳᠠᠭᠤ ᠪᠠᠭᠤᠭᠰᠠᠨ ᠶᠠᠳᠠᠭᠤ ᠪᠢᠴᠢᠭ᠌ ᠤᠨ ᠭᠦᠮᠤᠨ

ᠳᠠᠮᠠᠭ᠎ᠠ ᠦᠭᠡᠶ ᠮᠥᠩᠭᠡ ᠳᠡᠭ᠍ᠷᠢ ᠶᠢᠨ ᠵᠠᠭᠢᠶ᠎ᠠ ᠶᠢ

ᠳᠠᠮᠵᠢᠭᠤᠯᠵᠤ ᠨᠢᠭᠡ ᠦᠭ‍ᠭᠦᠶᠤ ᠭᠡᠮᠡᠨ ᠢᠷᠡᠭ᠍ᠰᠡᠨ ᠶᠤᠮ

ᠳᠠᠷᠠ ᠵᠠᠭᠢᠶ᠎ᠠ ᠳᠤ ᠢᠪᠠᠭᠡᠭ᠍ᠰᠡᠨ ᠳᠡᠭ᠍ᠷᠢ ᠶᠢᠨ ᠰᠤᠶᠤᠷᠬᠠᠯ ᠶᠢᠡᠷ

ᠳᠡᠦᠭᠡ ᠶᠢᠨ ᠵᠠᠯᠠᠭ᠎ᠠ ᠶᠢ ᠮᠢᠯᠢᠶᠠᠶᠤ ᠭᠡᠮᠡᠨ ᠢᠷᠡᠭ᠍ᠰᠡᠨ ᠶᠤᠮ

ᠪᠢᠯᠢᠭ᠌ ᠤᠨ ᠰᠤᠷ ᠂ ᠣᠬᠠᠭᠠᠨ ᠤ ᠰᠤᠷ

ᠪᠢᠴᠢᠭ᠌ ᠤᠨ ᠭᠦᠮᠤᠨ ᠤ ᠪᠣᠰᠤᠭ᠎ᠠ ᠵᠢᠷᠦᠭᠡᠨ ᠰᠤᠷ

ᠵᠤᠳᠤᠭ ᠰᠡᠭ᠍ᠰᠦᠷᠭᠦ ᠶᠢᠨ ᠨᠢᠷᠤᠭᠤ ᠬᠠᠳᠠᠭᠤ ᠰᠤᠷ

ᠵᠤᠷᠢᠭ ᠰᠡᠭ᠍ᠰᠦᠷᠭᠦ ᠶᠢᠨ ᠨᠢᠳᠤᠷᠭ᠎ᠠ ᠬᠠᠳᠠᠭᠤ ᠰᠤᠷ

ᠳᠠᠷᠠ ᠰᠤᠷ ᠤᠨ ᠠᠯᠳᠠᠨ ᠵᠤᠭᠳᠤᠷ ᠶᠢᠡᠷ

ᠳᠠᠮᠤᠷ ᠨᠠᠷ᠎ᠠ ᠪᠠᠨ ᠪᠣᠰᠤᠭ᠎ᠠ ᠪᠢᠴᠢᠭ᠍ᠰᠡᠨ ᠭᠦᠮᠤᠨ ᠢ

ᠳᠡᠭ᠍ᠷᠢ ᠤᠨ ᠵᠠᠭᠢᠶ᠎ᠠ ᠡᠴᠡ ᠮᠤᠩᠭ᠋ᠤᠯ ᠭᠡᠵᠤ ᠵᠠᠷᠯᠠᠨ᠎ᠠ ︕

ᠵᠤᠬᠢᠶᠠᠭᠴᠢ᠄ ᠵᠢ᠊·ᠠᠩᠭᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2007 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ