☆ ᠱᠠ᠊·ᠬᠠᠳᠠᠪᠴᠢ
ᠪᠦᠰᠡᠭᠦᠢ ᠭᠦᠮᠤᠨ
᠊᠊᠊᠊᠊᠊᠊᠊᠊᠊᠊᠊᠊᠊᠊ ᠰᠠᠶ᠎ᠠ ᠮᠢᠩᠭ᠋ᠠᠨ ᠰᠠᠢ᠌ᠬᠠᠨ ᠮᠤᠩᠭ᠋ᠤᠯ ᠪᠦᠰᠡᠭᠦᠢᠴᠦᠳ ᠲᠡᠭᠡᠨ ᠵᠤᠷᠢᠭᠤᠯᠪᠠ
ᠪᠣᠷᠤ ᠭᠡᠷ ᠢ ᠴᠢᠨᠢ ᠪᠣᠳᠤᠩᠭ᠋ᠤᠢ ᠪᠦᠷᠭᠦᠭ᠌ ᠲᠦᠷ ᠣᠷᠢᠶᠠᠯᠭᠠᠯᠠ ᠴᠤ
ᠪᠦᠰᠡᠭᠦᠢ ᠭᠦᠮᠤᠨ ᠴᠢᠮ᠎ᠠ ᠳᠤ ᠭᠡᠭᠡ ᠨᠢᠭᠡ ᠱᠠᠩᠨᠠᠬᠤ ᠶᠤᠮ
ᠪᠦᠳᠡᠭᠡᠢ᠌ᠷᠡᠵᠤ ᠰᠠᠮᠪᠠᠭᠠᠷᠳᠠᠵᠤ﹒ᠣᠴᠠᠭᠠᠷ ᠦᠭᠡᠶ ᠵᠣᠢ᠌ᠯ ᠳᠤ ᠣᠴᠠᠭᠠᠷᠯᠠᠵᠤ
ᠵᠠᠩᠨᠠᠬᠤ ᠳᠤ
ᠪᠠᠷᠠᠭᠠᠨ ᠴᠢᠷᠠᠢ ᠶᠢ ᠴᠢᠨᠢ ᠵᠥᠭᠯᠡᠵᠤ
ᠪᠦᠰᠡᠭᠦᠢ ᠭᠦᠮᠤᠨ ᠴᠢᠮ᠎ᠠ ᠳᠤ ᠣᠬᠠᠭᠠᠨ ᠨᠢᠭᠡ ᠱᠠᠩᠨᠠᠬᠤ ᠶᠤᠮ
ᠠᠮᠠᠷᠠᠭ ᠬᠠᠢ᠌ᠷ᠎ᠠ ᠪᠣᠷᠤ ᠨᠢᠳᠤ ᠠᠯᠢ ᠨᠢᠭᠡ ᠬᠡᠦᠭᠡᠨ ᠳᠤ ᠴᠢᠯᠠᠭᠤᠳᠠᠯᠠ ᠴᠤ
ᠠᠳᠠᠭᠠᠷᠬᠠᠯ ᠭᠤᠮᠤᠷᠬᠠᠯ ᠭᠦᠮᠤᠨ ᠤ ᠡᠮᠦᠨ᠎ᠡ
ᠪᠦᠰᠡᠭᠦᠢ ᠭᠦᠮᠤᠨ ᠴᠢᠮ᠎ᠠ ᠳᠤ ᠠᠭᠤᠴᠢᠯᠠᠯ ᠨᠢᠭᠡ ᠬᠠᠢ᠌ᠷᠠᠯᠠᠬᠤ ᠶᠤᠮ
ᠠᠮᠢᠨ ᠳᠠᠭᠠᠨ ᠠᠷᠴᠠᠭ᠎ᠠ ᠦᠭᠡᠶ
ᠠᠷᠭ᠎ᠠ ᠦᠭᠡᠶ ᠶᠠᠳᠠᠭᠤᠬᠠᠨ ᠭᠡᠵᠤ ᠴᠢᠮ᠎ᠠ ᠳᠤ ᠭᠤᠮᠤᠷᠬᠠᠯ ᠦᠭᠡᠶ
ᠠᠢ᠌ᠯ ᠭᠡᠷ ᠭᠡᠵᠤ ᠠᠶᠠᠭ᠎ᠠ ᠴᠠᠢ ᠶᠢ ᠴᠢᠨᠢ ᠨᠡᠢ᠌ᠯᠡᠭᠦᠯᠭᠦ ᠳ᠋ᠤ
ᠪᠦᠰᠡᠭᠦᠢ ᠭᠦᠮᠤᠨ ᠴᠢᠮ᠎ᠠ ᠳᠤ ᠮᠦᠰᠢᠶᠠᠯ ᠨᠢᠭᠡ ᠪᠠᠯᠡᠭᠯᠡᠭᠦ ᠶᠤᠮ
ᠵᠤᠬᠢᠶᠠᠭᠴᠢ᠄ ᠱᠠ᠊·ᠬᠠᠳᠠᠪᠴᠢ
ᠢᠷᠡᠯᠲᠡ᠄ ᠱᠠ᠊·ᠬᠠᠳᠠᠪᠴᠢ
ᠬᠠᠷᠢᠶ᠎ᠠ᠄
ᠰᠢᠯᠦᠭᠳᠠᠷᠤᠮ᠄ 2923
ᠴᠠᠭ᠄ 2008 ᠤᠨ ᠤ 12 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ