ᠨᠡᠪᠲᠡᠷᠡᠨ ᠤᠷᠤᠬᠤ
ᠳᠡᠭ᠍ᠷᠢ ᠡᠷᠭᠦᠭ᠍ᠰᠡᠨ ᠬᠤᠷᠸ᠎ᠠ

ᠬᠠᠯᠠᠭᠤᠨ ᠠᠮᠢᠯᠠᠯ ᠤᠨ ᠣᠷᠤᠰᠢᠯ ᠳᠡᠨᠢᠭᠦ

ᠬᠠᠨᠠᠭᠠᠷ ᠭᠦᠪᠴᠢ ᠶᠢᠨ ᠰᠤᠷᠭᠤᠭ ᠵᠠᠢ ᠡᠴᠡ

ᠬᠠᠤᠠᠬᠤᠬᠤ ᠭᠡ ᠶᠢ ᠨᠢ ᠪᠢ ᠬᠠᠢ᠌ᠶ᠎ᠠ

ᠬᠠᠨᠢ ᠶᠢᠨ ᠵᠠᠶᠠᠭᠠᠨ ᠳᠤ ᠬᠤᠷᠸ᠎ᠠ ᠪᠠᠶᠠᠰᠬᠤ

ᠬᠠᠢ᠌ᠷ᠎ᠠ ᠶᠢᠨ ᠴᠠᠭᠠᠨ ᠢᠷᠦᠭᠡᠯ ᠬᠠᠢ᠌ᠷᠠᠯᠠᠭᠰᠠᠨ

ᠬᠠᠪᠳᠠᠭ᠎ᠠ ᠳᠡᠭᠡᠷ᠎ᠡ ᠪᠠᠨ ᠴᠢ ᠣᠷᠠᠯᠠᠭᠠᠴᠢ


ᠨᠢᠭᠡ


ᠴᠠᠭᠠᠨ ᠬᠤᠷᠳᠤᠴᠠ ᠶᠢᠨ ᠥᠵᠦᠭᠦᠷ ᠳᠠᠷᠤᠵᠤ

ᠴᠠᠭᠠᠨ ᠶᠤᠯᠤ ᠶᠢᠨ ᠳᠠᠯᠠᠪᠴᠢ ᠡᠯᠡᠭᠡᠭ᠍ᠰᠡᠨ

ᠴᠡᠩᠭᠡᠷ ᠠᠰᠬ᠎ᠠ ᠶᠢᠨ ᠱᠤᠭᠤᠨ ᠰᠡᠵᠢᠭᠦᠷ

ᠴᠠᠰᠤᠨ ᠡᠭᠦᠯᠡ ᠡᠴᠡ ᠳᠤᠳᠤᠷᠠᠨ ᠭᠡᠢ᠌ᠭᠦ ᠪᠠᠷ

ᠴᠡᠯᠡᠭᠡᠷ ᠬᠠᠷᠠᠭᠠᠢ ᠲᠡᠶ ᠦᠨᠳᠦᠷ ᠬᠠᠢ᠌ᠷᠠᠬᠠᠨ ᠤ

ᠴᠡᠴᠡᠭ᠍ᠳᠤ ᠨᠤᠭᠤᠭᠠᠨ ᠳᠡᠪᠰᠡᠭ᠌ ᠥᠭ᠍ᠰᠦᠭᠡᠤᠨ

ᠠᠯᠠᠭ ᠭᠦᠪᠴᠢ ᠶᠢᠨ ᠣᠷᠴᠢᠨ ᠳᠤ ᠵᠤᠭᠢᠴᠠᠨ

ᠠᠵᠠ ᠶᠢᠨ ᠬᠤᠷᠸ᠎ᠠ ᠳᠤ ᠴᠠᠭᠢᠯᠤᠨ ᠶᠠᠪᠣᠬᠤ

ᠳᠤᠷᠭᠠᠨ ᠰᠤᠷ ᠲᠡᠶ ᠬᠠᠯᠢᠭᠤᠨ ᠪᠣᠭᠤ

ᠳᠤᠯᠪᠤᠨ ᠴᠤᠬᠤᠷ ᠭᠠᠩᠭ᠋ᠠᠨ ᠪᠣᠭᠤ

ᠦᠷ ᠤᠨ ᠰᠡᠷᠢᠭᠦᠨ ᠨᠠᠮᠢᠷᠠᠭ᠎ᠠ ᠪᠣᠳᠠᠷᠠᠭᠠᠵᠤ

ᠡᠮᠳᠤ ᠨᠠᠪᠴᠢᠰ ᠤᠨ ᠨᠣᠢ᠌ᠷ ᠰᠡᠷᠢᠭᠡᠭ᠍ᠰᠡᠨ

ᠡᠷᠭᠡ ᠴᠡᠭᠡᠯ ᠤᠨ ᠵᠢᠪᠠᠷ ᠶᠢᠡᠷ ᠨᠠᠭᠠᠳᠤᠨ

ᠬᠠᠨᠢ ᠶᠢᠨ ᠪᠠᠶ᠎ᠠ ᠳᠤ ᠰᠠᠤᠠᠭᠢᠯ ᠥᠶ‍ᠦᠭ᠍ᠳᠡᠵᠤ

ᠬᠠᠩᠭ᠋ᠠᠯ ᠣᠢ ᠳᠠᠭᠠᠨ ᠡᠩᠭᠡᠭᠡᠨ ᠪᠠᠢ᠌ᠬᠤ ᠶᠢ ᠣᠷᠠᠯᠠᠭᠠᠴᠢ᠃


ᠬᠤᠶᠠᠷ


ᠡᠳᠦᠷ ᠤᠨ ᠴᠠᠭᠠᠨ ᠨᠡᠭᠦᠳᠡᠯ ᠰᠦᠮᠠᠢ᠌ᠵᠤ

ᠣᠳᠤᠷ ᠤᠨ ᠴᠢᠮᠡᠭᠡ ᠬᠤᠯᠠᠳᠠᠨ ᠣᠤᠠᠬᠤ

ᠠᠯᠳᠠᠨ ᠰᠢᠷᠭᠠᠯ ᠵᠡᠷᠭᠡᠯᠭᠡᠨ ᠪᠣᠰᠤᠭᠰᠠᠨ

ᠠᠭᠢ ᠶᠢᠨ ᠭᠤᠪᠢ ᠲᠡᠶ ᠵᠠᠶᠠᠭ᠎ᠠ ᠪᠠᠨ ᠬᠤᠯᠪᠤᠨ

ᠭᠠᠯᠳᠤ ᠵᠡᠪᠰᠡᠭ᠌ ᠤᠨ ᠳᠠᠭᠤ ᠭᠠᠷᠬᠤ ᠦᠭᠡᠶ

ᠭᠠᠵᠠᠷ ᠤᠨ ᠳᠠᠷᠠ ᠡᠩᠭᠡ ᠶᠢ ᠬᠠᠷᠠᠮᠨᠠᠬᠤ

ᠠᠮᠠᠷᠠᠭᠰᠢᠨ ᠳᠠᠰᠬᠤ ᠠᠷᠭᠠᠮᠵᠢ ᠳᠤ ᠣᠶᠠᠭᠳᠠᠭᠰᠠᠨ

ᠠᠪᠬᠠᠯᠵᠢ ᠳᠠᠩᠭᠢᠯ ᠣᠭᠤᠨᠤ ᠰᠢᠷᠠᠭᠴᠢᠨ

ᠬᠤᠯᠠ ᠶᠢᠨ ᠠᠨᠢᠷ ᠲᠤ ᠥᠷᠭᠦᠨ ᠪᠣᠰᠴᠤ

ᠬᠤᠷᠭᠤᠢ ᠳᠡᠭ᠍ᠷᠢ ᠲᠡᠶ ᠵᠠᠬ᠎ᠠ ᠬᠠᠪᠣᠭᠰᠠᠨ

ᠬᠤᠷ᠎ᠠ ᠲᠡᠶ ᠨᠠᠮᠤᠭᠤᠨ ᠰᠢᠯᠢ ᠶᠢ ᠴᠢᠭᠯᠡᠨ

ᠬᠤᠷᠳᠤᠨ ᠭᠦᠶ‍ᠦᠳᠡᠯ ᠶᠢᠡᠷ ᠳᠠᠪᠭᠢᠨ ᠪᠠᠢ᠌ᠬᠤ ᠶᠢ ᠣᠷᠠᠯᠠᠭᠠᠴᠢ᠃


ᠭᠤᠷᠪᠠ


ᠵᠤᠳ ᠤᠨ ᠴᠢᠮᠡᠭᠡ ᠳᠠᠰᠤᠷᠠᠭᠰᠠᠨ

ᠵᠤᠰᠠᠭᠠᠯ ᠤᠨ ᠰᠡᠷᠢᠭᠦᠨ ᠳᠠᠠᠵᠢᠨ ᠳᠤ

ᠣᠰᠤᠨ ᠵᠣᠢ᠌ᠳᠠᠯ ᠰᠠᠷᠠ ᠡᠷᠭᠦᠭ᠍ᠰᠡᠨ

ᠠᠭᠤᠵᠢᠮᠬᠠᠨ ᠮᠠᠠᠳᠠᠯ ᠳᠠᠳᠠᠬᠤ

ᠮᠢᠠᠳᠠᠰᠤ ᠰᠠᠵᠢᠭᠰᠠᠨ ᠰᠤᠯᠤᠩᠭ᠋ᠠᠨ ᠭᠤᠭᠴᠤᠭ᠎ᠠ

ᠮᠢᠩᠭ᠋ᠠᠨ ᠠᠶ᠎ᠠ ᠶᠢᠨ ᠱᠤᠤᠭᠢᠶ᠎ᠠ ᠡᠯᠭᠦᠴᠢᠭᠦ ᠪᠠᠷ

ᠵᠤᠯᠠᠨ ᠳᠡᠭ᠍ᠷᠢ ᠶᠢᠨ ᠣᠷᠤᠢ ᠢᠯᠪᠢᠭᠦ

ᠵᠤᠯᠠᠢ ᠦᠨᠳᠦᠷ ᠲᠤ ᠬᠠᠯᠢᠬᠤ ᠦᠭᠡᠶ ᠭᠡᠯ᠎ᠡ ᠴᠤ

ᠵᠤᠨ ᠭᠦᠮᠤᠨ ᠤ ᠭᠦᠰᠡᠯ ᠳᠡᠷᠪᠠᠭᠦ

ᠵᠠᠭᠤᠨ ᠥᠩᠭᠡ ᠶᠢᠨ ᠴᠡᠴᠡᠭᠡᠰ ᠭᠦᠪᠢᠵᠤ

ᠵᠢᠯ ᠤᠨ ᠵᠢᠰᠤ ᠠᠭᠤᠰᠬᠠᠬᠤ

ᠵᠢᠵᠢᠭ᠍‍ᠬᠡᠨ ᠬᠤᠤᠰ ᠡᠷᠪᠠᠭᠡᠢ

ᠭᠤᠸ᠎ᠠ ᠵᠦᠢ ᠳᠡᠩᠭᠡᠭᠡ ᠠᠯᠳᠠᠮ᠎ᠠ

ᠭᠤᠴᠤᠬᠠᠨ ᠪᠠᠢ᠌ᠭᠠᠯᠢ ᠢᠯᠳᠠᠮ ᠬᠠᠷᠠᠭᠰᠠᠨ

ᠢᠯᠠᠭ᠎ᠠ ᠶᠢᠨ ᠵᠢᠭᠦᠷ ᠱᠥᠷᠭᠦᠮ ᠦᠭᠡᠶ

ᠢᠷᠭᠤᠢ ᠶᠢᠨ ᠳᠠᠯᠪᠢᠨ ᠳᠤ ᠬᠠᠮᠳᠤᠬᠠᠨ ᠪᠠᠢ᠌ᠬᠤ ᠶᠢ ᠣᠷᠠᠯᠠᠭᠠᠴᠢ᠃


ᠳᠦᠷᠪᠠ


ᠳᠤᠯᠠᠭᠠᠨ ᠬᠤᠷᠭᠤᠳᠠᠬᠤ ᠠᠭᠤᠯᠠᠨ ᠨᠠᠭᠤᠷ ᠲᠤ

ᠳᠤᠨᠢᠶᠠᠷᠬᠠᠨ ᠨᠠᠮᠤᠷ ᠤᠨ ᠰᠡᠷᠢᠭᠦᠨ ᠣᠨᠠᠵᠤ

ᠳᠠᠭᠤᠯᠠᠨ ᠵᠤᠰᠠᠭᠰᠠᠨ ᠬᠠᠷᠢ ᠶᠢᠨ ᠰᠢᠪᠠᠭᠤᠳ

ᠳᠤᠷᠠᠰᠤᠯ ᠣᠷᠭᠢᠨ ᠪᠣᠳᠠᠷᠠᠨ᠎ᠠ ᠭᠡᠭᠦ ᠪᠠᠷ

ᠨᠠᠭᠤᠷ ᠶᠢᠡᠨ ᠭᠡᠭᠦ ᠰᠠᠤᠠᠭᠢᠯ ᠤᠨ ᠳᠡᠭᠡᠳᠤ

ᠨᠤᠳᠤᠭ ᠤᠨ ᠭᠢᠯᠢ ᠳᠤ ᠳᠠᠯᠠᠪᠴᠢ ᠳᠡᠪᠢᠭᠦ ᠦᠭᠡᠶ

ᠨᠡᠭᠦᠳᠡᠯ ᠤᠨ ᠵᠠᠢ ᠲᠡᠶ ᠳᠠᠯ᠎ᠠ ᠰᠠᠨᠠᠭᠰᠠᠨ

ᠢᠵᠢᠯᠢᠭᠡᠨ ᠬᠤᠶᠠᠷ ᠬᠤᠨ

ᠢᠠᠵᠠᠭ᠎ᠠ ᠬᠤᠷ᠎ᠠ ᠲᠡᠶ ᠡᠷᠭᠢᠴᠡᠭᠦ

ᠢᠷᠠᠭᠤ ᠭᠦᠭᠡ ᠳᠤᠭᠤᠷᠢᠮ ᠶᠢᠡᠨ ᠰᠠᠭᠢᠭᠰᠠᠭᠠᠷ

ᠢᠷᠠᠵᠤ ᠶᠠᠪᠣᠭ᠎ᠠ ᠡᠪᠦᠯ ᠢ ᠣᠭᠳᠤᠨ

ᠢᠳᠡᠭᠡᠯ ᠤᠨ ᠢᠯᠴᠢᠨ ᠳᠤ ᠪᠠᠶᠠᠰᠤᠨ ᠪᠠᠢ᠌ᠬᠤ ᠶᠢ ᠣᠷᠠᠯᠠᠭᠠᠴᠢ᠃


ᠲ᠋ᠠᠪᠣ


ᠠᠯᠤᠰ ᠳᠡᠷᠳᠡᠭᠡ ᠣᠨᠢᠶᠠᠷ ᠨᠠᠢ᠌ᠮᠠᠯᠵᠠᠵᠤ

ᠠᠢ᠌ᠯ ᠤᠨ ᠪᠠᠷᠠᠭ᠎ᠠ ᠣᠢ᠌ᠷᠠᠬᠠᠨ ᠬᠠᠷᠠᠭᠳᠠᠭᠠᠤᠨ

ᠠᠩᠭ᠋ᠠᠭ᠎ᠠ ᠳᠠᠢ᠌ᠯᠬᠤ ᠴᠡᠭᠡ ᠶᠢᠨ ᠦᠨᠦᠷ

ᠠᠶᠠᠰ ᠤᠨ ᠰᠠᠯᠭᠢᠨ ᠳᠤ ᠡᠶᠡᠷᠭᠡᠨ ᠰᠠᠩᠭᠢᠨᠠᠵᠤ

ᠠᠶᠠᠨ ᠤ ᠴᠢᠯᠡᠭᠡ ᠳᠦᠳᠡᠭᠡᠨ ᠭᠠᠷᠭᠠᠬᠤ

ᠠᠪᠣ ᠳᠡᠭᠡᠳᠤ ᠶᠢᠨ ᠪᠣᠭᠤᠷᠤᠯ ᠳᠤᠮᠤᠭ ᠲᠡᠶ

ᠠᠷᠢᠭᠤᠨ ᠪᠣᠮᠪᠠ ᠶᠢᠨ ᠣᠷᠤᠨ ᠰᠠᠨᠠᠭᠤᠯᠬᠤ

ᠠᠭᠢ ᠮᠢᠡᠴᠢ᠌ᠭ᠍ᠰᠡᠨ ᠱᠠᠯᠠ ᠶᠢ ᠳᠠᠭᠠᠵᠤ

ᠠᠮᠢᠳᠠᠨ ᠭᠦᠮᠤᠨ ᠤ ᠢᠰᠭᠡᠷᠦᠭᠡᠨ ᠳᠤ ᠳᠠᠰᠤᠭᠰᠠᠨ

ᠠᠷᠭᠠᠯᠢ ᠬᠤᠯᠠᠨ ᠤ ᠬᠤᠩᠭ᠋ᠤᠷᠬᠠᠨ ᠰᠥᠷᠦᠭ᠌

ᠠᠳᠤᠭᠤ ᠲᠡᠶ ᠨᠠᠢ᠌ᠯᠠᠨ ᠳᠤᠭᠯᠠᠬᠤ ᠰᠠᠨ ᠭᠡᠵᠤ

ᠠᠮᠤᠭᠤᠯᠠᠩ ᠦᠷ ᠤᠨ ᠭᠢᠷᠠᠭ᠎ᠠ ᠭᠦᠳᠦᠯᠵᠤ

ᠠᠳᠠᠷ ᠤᠨ ᠪᠣᠯᠠᠭ ᠵᠥᠭᠯᠡᠨ ᠪᠠᠢ᠌ᠬᠤ ᠶᠢ ᠣᠷᠠᠯᠠᠭᠠᠴᠢ᠃


ᠵᠢᠷᠭᠤᠭ᠎ᠠ


ᠣᠩᠭ᠋ᠤᠨ ᠰᠠᠷᠠ ᠳᠠᠢ᠌ᠪᠣᠭᠤᠬᠠᠨ ᠬᠤᠨᠤᠭᠯᠠᠬᠤ

ᠣᠳᠤᠳ ᠤᠨ ᠱᠤᠤᠭᠢᠶᠠᠯ ᠢᠰᠭᠡᠷᠤᠨ ᠪᠠᠭᠤᠬᠤ

ᠣᠭᠳᠠᠷᠭᠤᠢ ᠳᠤᠯᠤᠭᠰᠠᠨ ᠭᠦᠭᠡ ᠬᠠᠢ᠌ᠷᠠᠬᠠᠨ

ᠬᠤᠷ᠎ᠠ ᠶᠢᠨ ᠴᠠᠭᠠᠨ ᠡᠭᠦᠯᠡᠰ ᠣᠷᠭᠤᠭᠠᠤᠨ

ᠰᠠᠷᠯᠤᠭ ᠤᠨ ᠰᠥᠷᠦᠭ᠌ ᠰᠠᠷᠪᠠᠯᠵᠠᠨ ᠪᠣᠰᠴᠤ

ᠭᠢᠷ᠎ᠠ ᠪᠠᠨ ᠲᠠᠭᠠᠨ ᠠᠯᠠᠭᠯᠠᠴᠢᠬᠠᠬᠤ ᠪᠠᠷ

ᠢᠷᠡᠭᠦ ᠪᠣᠷᠤᠭᠠᠨ ᠤ ᠵᠥᠭᠡᠯᠡᠨ ᠴᠢᠮᠡᠭᠡ ᠶᠢ

ᠦᠨᠳᠦᠷ ᠤᠨ ᠭᠦᠳᠦᠯ ᠤᠨ ᠬᠤᠷᠮᠤᠢ ᠣᠷᠤᠭᠤ ᠳᠠᠭᠤᠨ

ᠥᠷᠦᠭᠡᠯ ᠤᠨ ᠦᠯᠮᠡᠢ ᠳᠤ ᠡ᠊ᠨᠳᠡᠭᠦᠯᠭᠦ ᠦᠭᠡᠶ ᠭᠡᠵᠤ

ᠥᠡᠳᠡᠭᠡ ᠪᠠᠨ ᠬᠠᠢ᠌ᠷᠠᠯᠠᠭᠰᠠᠨ ᠭᠦᠭᠡᠷᠦᠭᠦᠨ ᠣᠯᠢᠷ

ᠣᠢ᠌ᠤᠠᠬᠠᠷ ᠣᠨᠠᠬᠤ ᠦᠭᠡᠶ ᠴᠡᠭᠡᠯᠭᠡᠨ ᠳᠠᠭᠤ ᠪᠠᠷ

ᠠᠭᠤᠯᠠᠰ ᠳᠤᠮᠳᠠ ᠪᠠᠨ ᠣᠶᠠᠩᠭ᠋ᠠᠷᠠᠨ ᠪᠠᠢ᠌ᠬᠤ ᠶᠢ ᠣᠷᠠᠯᠠᠭᠠᠴᠢ᠃


ᠲ᠋ᠤᠯᠤᠭ᠎ᠠ


ᠴᠡᠯᠡᠭᠡᠷ ᠴᠠᠢ᠌ᠳᠠᠮ ᠤᠨ ᠭᠦᠮᠤᠨ ᠠᠪᠠᠷᠢᠪᠠᠯ

ᠴᠡᠭᠡᠵᠢ ᠪᠠᠴᠢᠮᠳᠠᠨ ᠰᠦᠷ ᠲᠤ ᠳᠠᠷᠤᠭᠳᠠᠵᠤ

ᠴᠡᠴᠡᠭ᠍ᠳᠤ ᠵᠤᠨ ᠤ ᠭᠠᠯ ᠨᠠᠷᠠ ᠴᠤ

ᠴᠡᠩᠭᠡᠯ ᠤᠨ ᠨᠢᠭᠡ ᠰᠡᠷᠢᠭᠦᠤ ᠠᠪᠬᠤ

ᠮᠥᠩᠭᠡ ᠴᠠᠰᠤ ᠠᠢ᠌ᠴᠠ ᠡᠵᠡᠯᠡᠭ᠍ᠰᠡᠨ

ᠮᠥᠯᠢᠭᠡᠷ ᠬᠠᠳᠠ ᠲᠡᠶ ᠠᠭᠤᠯᠠᠰ ᠣᠢ᠌ᠷᠠᠳᠤᠵᠤ

ᠪᠣᠷᠤᠭᠠᠨ ᠤ ᠮᠠᠨᠠᠨ ᠭᠦᠷᠴᠤ ᠴᠢᠳᠠᠬᠤ ᠦᠭᠡᠶ

ᠪᠣᠭᠤᠷᠤᠯ ᠣᠷᠭᠢᠯ ᠱᠤᠮᠳᠠᠢ ᠬᠠᠷᠠᠭᠳᠠᠬᠤ ᠪᠠᠷ

ᠠᠷᠴᠠ ᠶᠢᠨ ᠥᠩᠭᠡ ᠴᠤ ᠣᠶᠠᠷᠠᠯ ᠳᠤᠰᠴᠤ

ᠠᠯᠢᠶ᠎ᠠ ᠨᠤᠭᠤᠭᠠᠨ ᠮᠦᠴᠢᠷ ᠶᠢᠡᠨ ᠬᠤᠮᠢᠬᠤ

ᠠᠶᠤᠯ ᠳᠤ ᠭᠡᠨᠡᠭ᠍ᠳᠡᠭ᠍ᠰᠡᠨ ᠬᠠᠨᠢ ᠪᠠᠨ ᠰᠠᠭᠢᠨ

ᠠᠯᠤᠰ ᠤᠨ ᠴᠡᠭᠡᠯ ᠳᠤ ᠬᠤᠯᠠᠳᠤᠨ ᠣᠤᠠᠬᠤ ᠦᠭᠡᠶ

ᠬᠠᠢ᠌ᠷ᠎ᠠ ᠪᠠᠨ ᠴᠢᠠᠳᠠᠮᠤᠨᠢᠯᠠᠭᠰᠠᠨ ᠭᠦᠷᠡᠩ ᠪᠦᠷᠭᠦᠤᠨ

ᠬᠠᠳᠠᠨ ᠤ ᠣᠢ ᠳᠤ ᠴᠢᠯᠠᠭᠤᠵᠢᠨ ᠪᠠᠢ᠌ᠬᠤ ᠶᠢ ᠣᠷᠠᠯᠠᠭᠠᠴᠢ᠃

ᠵᠤᠬᠢᠶᠠᠭᠴᠢ᠄ ᠴᠢ᠊·ᠳᠠᠯᠠᠢ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3145
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ