ᠨᠡᠪᠲᠡᠷᠡᠨ ᠤᠷᠤᠬᠤ
ᠮᠤᠩᠭ᠋ᠤᠯ ᠪᠦᠭᠡ

ᠪᠠᠯᠠᠷᠠᠯᠢᠭ ᠴᠠᠭ ᠡᠴᠡ ᠡᠭᠢᠯᠡᠵᠤ ᠡᠭᠦᠰᠦᠭ᠍ᠰᠡᠨ ᠳᠠᠮᠢᠷ

ᠪᠠᠢ᠌ᠭᠠᠯᠢ ᠲᠡᠶ ᠪᠠᠨ ᠮᠤᠩᠭ᠋ᠤᠯ ᠶᠢᠡᠷ ᠣᠶᠠᠯᠳᠤᠭᠰᠠᠨ ᠳᠡᠦᠭᠡ

ᠪᠠᠷᠰ ᠢᠷᠪᠢᠰ ᠲᠡᠶ ᠨᠤᠴᠤᠯᠳᠤᠵᠤ ᠳᠡᠮᠡᠴᠡᠭ᠍ᠰᠡᠨ ᠳᠤᠤᠯᠢᠰ

ᠪᠠᠭᠠᠳᠤᠷ ᠢᠳᠠᠳᠠᠨ ᠤ ᠪᠣᠯᠪᠠᠰᠤᠷᠠᠵᠤ ᠢᠷᠡᠭ᠍ᠰᠡᠨ ᠳᠠᠰᠬᠠᠯ

ᠳᠡᠭ᠍ᠷᠢ ᠭᠠᠵᠠᠷ ᠤᠨ ᠳᠤᠮᠳᠠᠭᠢ ᠪᠣᠰᠤᠭ᠎ᠠ ᠮᠤᠩᠭ᠋ᠤᠯ ᠵᠢᠪᠬᠤᠭ᠎ᠠ

ᠳᠢᠪ ᠳᠡᠯᠡᠭᠡᠢ ᠶᠢ ᠬᠠᠮᠤᠷᠤᠭᠰᠠᠨ ᠶᠡᠭᠡ ᠮᠤᠩᠭ᠋ᠤᠯ ᠰᠠᠯᠭᠢ

ᠳᠠᠰᠪᠣᠷᠢ ᠳᠠᠪᠴᠢᠶᠠᠷᠢ ᠶᠢᠨ ᠭᠦᠡᠳᠤ ᠬᠠᠳᠠᠭᠤ ᠰᠢᠯᠭᠠᠯᠳᠠ

ᠳᠡᠩᠭᠡᠭᠡ ᠪᠢᠯᠢᠭ᠌ ᠤᠨ ᠣᠷᠭᠠᠨᠢᠭ ᠰᠠᠢ᠌ᠬᠠᠨ ᠠᠪᠣᠴᠠᠯᠳᠤᠯ

ᠣᠷᠤᠭᠰᠢ ᠳᠠᠳᠠᠬᠤ ᠳᠤ ᠣᠷᠭᠤᠭ᠎ᠠ ᠬᠠᠳᠠ

ᠣᠷᠤᠭᠤ ᠳᠠᠭᠠᠷᠢᠬᠤ ᠳᠤ ᠣᠮᠤᠭᠳᠤ ᠠᠷᠰᠠᠯᠠᠨ

ᠣᠨᠠᠰᠢ ᠦᠭᠡᠶ ᠴᠠᠴᠠᠨ ᠣᠬᠠᠭ᠎ᠠ

ᠣᠶᠠᠬᠤ ᠶᠢᠨ ᠮᠡᠷᠭᠡᠨ ᠣᠬᠠᠭᠠᠨ

ᠭᠦᠡᠳᠤ ᠪᠠᠷ ᠭᠡᠮᠵᠢᠭᠦ ᠦᠭᠡᠶ ᠭᠡᠴᠡᠭᠦᠤ ᠳᠠᠩᠴᠠᠯ

ᠭᠦᠴᠤ ᠪᠠᠷ ᠯᠠ ᠪᠠᠷᠢᠯᠳᠤᠳᠠᠭ ᠦᠭᠡᠶ ᠮᠤᠩᠭ᠋ᠤᠯ ᠪᠠᠷᠢᠯᠳᠤᠭᠠᠨ

ᠲᠤᠬᠢᠶᠠᠯ ᠢ ᠨᠢᠭᠡᠯᠡ ᠰᠤᠩᠭ᠋ᠤᠳᠠᠭ ᠰᠢᠯᠢᠳᠡᠭ᠌ ᠦᠷᠢᠰᠦᠯᠳᠦᠭᠡᠨ

ᠵᠠᠪᠰᠢᠶᠠᠨ ᠢ ᠵᠠᠪᠠᠯ ᠠᠳᠬᠤᠬᠤ ᠭᠢᠨᠠᠮᠠᠭᠠᠢ ᠥᠵᠡᠯᠴᠡᠭᠡᠨ

ᠬᠤᠤᠰ ᠦᠭᠡᠶ ᠮᠤᠩᠭ᠋ᠤᠯ ᠬᠤᠪᠴᠠᠰᠤᠨ ᠤ ᠣᠷᠠᠯᠢᠭ

ᠬᠤᠶᠠᠷ ᠤᠨ ᠵᠡᠷᠭᠡᠳᠤ ᠲᠡᠶ ᠳᠤᠭᠠᠨ ᠤ ᠪᠣᠳᠤᠯᠭ᠎ᠠ

ᠬᠤᠯᠠᠭᠢ ᠡᠷᠳᠡᠨ ᠤ ᠰᠦᠯᠳᠡ ᠭᠡᠢ᠌ᠮᠦᠷᠢ ᠶᠢᠨ ᠳᠤᠭ

ᠬᠤᠯᠠᠳᠠᠰᠢ ᠦᠭᠡᠶ ᠮᠢᠨᠤ ᠣᠯᠢᠮᠫᠢᠺ ᠤᠨ ᠪᠠᠶᠠᠯᠠᠯ


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤ

ᠵᠤᠬᠢᠶᠠᠭᠴᠢ᠄ ᠭᠦᠳᠡᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2011 ᠤᠨ ᠤ 05 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ