ᠨᠡᠪᠲᠡᠷᠡᠨ ᠤᠷᠤᠬᠤ
ᠳᠤᠯᠠᠨ ᠵᠢᠭᠠᠰᠤ

ᠨᠢᠭᠡᠨ ᠭᠦᠮᠤᠨ ᠡᠢ᠌ᠮᠤ ᠨᠢᠭᠡᠨ ᠳᠤᠷᠰᠢᠯᠳᠠ ᠭᠢᠵᠠᠢ᠄ ᠭᠡᠷᠴᠡᠭᠡᠢ ᠳᠤᠭᠰᠢᠨ ᠳᠤᠯᠠᠨ ᠵᠢᠭᠠᠰᠤ ᠪᠣᠯᠤᠨ ᠨᠢᠭᠡ ᠰᠦᠷᠦᠭ᠌ ᠬᠠᠯᠠᠭᠤᠨ ᠪᠦᠰᠡᠨ ᠤ ᠵᠢᠭᠠᠰᠤ ᠶᠢ ᠴᠤᠭᠭᠠᠷ ᠣᠩᠭ᠋ᠤᠴᠠᠨ ᠳᠤ ᠰᠠᠪᠠᠯᠠᠵᠤ ᠳᠤᠮᠳᠠᠭᠤᠷ ᠨᠢ ᠵᠤᠵᠠᠭᠠᠨ ᠰᠢᠯ ᠶᠢᠡᠷ ᠵᠠᠭᠠᠭᠯᠠᠵᠤ ᠳᠠᠯᠪᠢᠵᠠᠢ᠃ ᠢᠩᠭᠢᠭ᠍ᠰᠡᠨ ᠳᠤ ᠳᠤᠯᠠᠨ ᠵᠢᠭᠠᠰᠤ ᠳᠡᠳᠡᠭᠡᠷ ᠭᠤᠶᠤ ᠰᠠᠢ᠌ᠬᠠᠨ ᠬᠠᠯᠠᠭᠤᠨ ᠪᠦᠰᠡᠨ ᠤ ᠵᠢᠭᠠᠰᠤ ᠨᠤᠭᠤᠳ ᠢ ᠪᠠᠷᠢᠵᠤ ᠢᠳᠡᠭᠦ ᠭᠡᠵᠤ ᠦᠨᠦᠭᠢ ᠥᠵᠡᠭ᠍ᠳᠡᠰᠢ ᠦᠭᠡᠶ ᠵᠠᠭᠠᠭ ᠰᠢᠯ ᠢ ᠮᠦᠷᠭᠦᠯᠭᠢᠯᠡᠵᠤ ᠭᠠᠷᠤᠯ᠎ᠠ᠃ ᠳᠤᠷᠰᠢᠭᠴᠢ ᠡᠴᠠ ᠵᠤᠭᠢᠬᠤ ᠭᠡᠮᠵᠢᠶᠡᠨ ᠤ ᠭᠡᠯᠳᠡᠭᠡ ᠵᠢᠭᠠᠰᠤ ᠪᠠᠷ ᠡᠳᠦᠷ ᠪᠦᠷᠢ ᠳᠤᠯᠠᠨ ᠵᠢᠭᠠᠰᠤ ᠶᠢ ᠳᠡᠵᠢᠭᠡᠪᠡ᠃ ᠭᠡᠪᠠᠴᠤ ᠳᠠᠷᠠ ᠨᠥᠭᠦᠭᠡ ᠳᠠᠯ᠎ᠠ ᠳ᠋ᠠᠭᠢ ᠠᠮᠳᠠᠳᠤ ᠥᠭ᠍ᠶ‍ᠦᠭᠡ ᠶᠢ ᠣᠯᠵᠤ ᠢᠳᠡᠭᠦ ᠶᠢᠨ ᠲᠦᠯᠦᠭᠡ ᠵᠠᠭᠠᠭ ᠰᠢᠯ ᠢ ᠮᠦᠷᠭᠦᠯᠭᠢᠯᠡᠭᠦ ᠪᠠᠨ ᠵᠤᠭᠰᠤᠭᠰᠠᠨ ᠦᠭᠡᠶ᠂ ᠳᠠᠷᠠ ᠡᠯ᠎ᠡ ᠥᠡᠴᠦᠭ᠌ ᠪᠣᠯᠤᠩ ᠳ᠋ᠤᠨᠢ ᠭᠦᠷᠴᠤ ᠭᠦᠴᠤ ᠪᠠᠨ ᠪᠠᠷᠠᠳᠠᠯ᠎ᠠ ᠣᠷᠤᠯᠳᠤᠭᠰᠠᠨ ᠴᠤ ᠪᠦᠳᠦᠵᠤ ᠳᠡᠢ᠌ᠯᠦᠭ᠍ᠰᠡᠨ ᠦᠭᠡᠶ᠂ ᠬᠠᠷᠢᠨ ᠮᠦᠷᠭᠦᠭ᠍ᠰᠡᠨ ᠢᠳᠠᠨ ᠳᠡᠭᠡᠨ ᠴᠥᠭᠡᠨ ᠪᠣᠰᠤ ᠣᠳᠠᠭ᠎ᠠ ᠴᠢᠰᠤ ᠨᠦᠵᠢ ᠪᠠᠨ ᠭᠤᠭᠤᠵᠢᠳᠠᠯ᠎ᠠ ᠰᠢᠷᠬᠠᠳᠤᠵᠤ ᠭᠠᠷᠤᠯ᠎ᠠ᠃ ᠵᠠᠷᠢᠮ ᠦᠶᠡᠰ ᠵᠠᠭᠠᠭ ᠰᠢᠯ ᠨᠢ ᠴᠠᠪᠠ ᠭᠠᠷᠴᠢᠬᠠᠪᠠᠯ ᠳᠤᠷᠰᠢᠭᠴᠢ ᠡᠴᠠ ᠨᠠᠩ ᠵᠤᠵᠠᠭᠠᠨ ᠰᠢᠯ ᠶᠢᠡᠷ ᠰᠤᠯᠢᠵᠤ ᠳᠠᠯᠪᠢᠳᠠᠭ᠃ ᠰᠡᠭᠦᠯᠡᠷ ᠨᠢ ᠳᠤᠯᠠᠨ ᠵᠢᠭᠠᠰᠤ ᠵᠠᠭᠠᠭ ᠰᠢᠯ ᠢ ᠮᠦᠷᠭᠦᠯᠭᠢᠯᠡᠭᠦ ᠪᠠᠨ ᠪᠣᠯᠢᠪᠠ᠂ ᠳᠡᠳᠡᠭᠡᠷ ᠭᠤᠶᠤ ᠰᠠᠢ᠌ᠬᠠᠨ ᠵᠢᠭᠠᠰᠤ ᠨᠤᠭᠤᠳ ᠢ ᠵᠥᠪᠭᠡᠨ ᠭᠦᠳᠡᠯᠵᠤ ᠴᠢᠳᠠᠳᠠᠭ ᠬᠠᠨ᠎ᠠ ᠶᠢᠨ ᠵᠢᠷᠤᠭ ᠶᠢᠡᠷ ᠥᠵᠡᠭ᠍ᠰᠡᠨ ᠮᠠᠳᠤ ᠪᠣᠯᠵᠤ ᠣᠢ᠌ᠰᠢᠶᠠᠬᠤ ᠪᠠᠨ ᠴᠤ ᠪᠣᠯᠢᠭᠠᠤᠨ ᠡᠳᠦᠷ ᠪᠦᠷᠢ ᠶᠢᠨ ᠢᠳᠠᠰᠢ ᠪᠣᠯᠬᠤ ᠭᠡᠯᠳᠡᠭᠡ ᠵᠢᠭᠠᠰᠤ ᠪᠠᠨ ᠭᠦᠯᠢᠶᠡᠵᠤ ᠪᠠᠢ᠌ᠭᠠᠤᠨ ᠦᠪᠡᠷ ᠤᠨ ᠡᠷ᠎ᠡ ᠴᠢᠳᠠᠯ ᠶᠢᠡᠨ ᠭᠠᠷᠭᠠᠵᠤ ᠭᠠᠷᠤᠯ᠎ᠠ᠂ ᠭᠡᠭᠦ ᠳᠡᠭᠡᠨ ᠶᠠᠭ ᠯᠠ ᠶᠡᠭᠡ ᠳᠠᠯᠠᠢ ᠳᠠᠭᠠᠨ ᠪᠣᠴᠠᠭᠰᠠᠨ ᠤ ᠰᠡᠭᠦᠯᠡᠷ ᠬᠠᠷᠢᠴᠠᠯᠠᠰᠢ ᠦᠭᠡᠶ ᠡᠵᠡᠷᠭᠡᠭ᠍ᠴᠢ ᠪᠣᠯᠵᠤ ᠴᠢᠳᠠᠮᠠᠷ ᠠᠭᠠᠰᠢᠯᠠᠨ᠎ᠠ᠂ ᠭᠡᠳᠡᠯ᠎ᠡ ᠳᠠᠷᠠ ᠨᠢ ᠴᠦᠮ ᠬᠠᠭᠤᠷᠮᠠᠭ ᠰᠦᠷ ᠪᠠᠢ᠌ᠭᠰᠠᠨ ᠰᠠᠠᠵᠠᠢ᠃

ᠶᠠᠭᠠᠭᠢᠭᠠᠤᠨ ᠭᠡᠪᠠᠯ᠂ ᠳᠤᠷᠰᠢᠯᠳᠠ ᠰᠢᠪᠳᠤᠷᠭᠠᠨ ᠳᠠᠭᠠᠨ ᠣᠷᠤᠵᠤ ᠳᠤᠷᠰᠢᠭᠴᠢ ᠡᠴᠠ ᠵᠠᠭᠠᠭ ᠰᠢᠯ ᠢ ᠠᠪᠴᠤ ᠬᠠᠶᠠᠭᠰᠠᠨ ᠴᠤ ᠳᠤᠯᠠᠨ ᠵᠢᠭᠠᠰᠤ ᠰᠠᠷᠠᠵᠤ ᠮᠡᠳᠡᠭ᠍ᠰᠡᠨ ᠮᠠᠶ‍ᠢᠭ ᠦᠭᠡᠶ ᠪᠠᠢ᠌ᠵᠤ ᠡᠳᠦᠷ ᠪᠦᠷᠢ ᠳᠡᠷᠡᠭᠦ ᠭᠢᠵᠠᠭᠠᠷᠳᠠᠢ ᠭᠡᠪᠴᠢᠶᠡᠨ ᠳᠡᠭᠡᠨ ᠣᠮᠪᠠᠬᠤ ᠪᠦᠭᠡᠳ ᠳᠡᠳᠡᠭᠡᠷ ᠭᠤᠶᠤ ᠰᠠᠢ᠌ᠬᠠᠨ ᠬᠠᠯᠠᠭᠤᠨ ᠪᠦᠰᠡᠨ ᠤ ᠵᠢᠭᠠᠰᠤ ᠨᠤᠭᠤᠳ ᠢ ᠣᠯᠵᠤ ᠥᠵᠡᠭ᠍ᠰᠡᠨ ᠦᠭᠡᠶ ᠮᠠᠳᠤ ᠣᠢ᠌ᠰᠢᠶᠠᠬᠤ ᠦᠭᠡᠶ ᠪᠠᠢ᠌ᠵᠤ ᠳᠠᠳᠠᠨ ᠤ ᠢᠳᠠᠰᠢ ᠪᠣᠯᠬᠤ ᠭᠡᠯᠳᠡᠭᠡ ᠵᠢᠭᠠᠰᠤ ᠨᠢ ᠴᠢᠨᠠᠳᠤ ᠳᠠᠯ᠎ᠠ ᠣᠷᠤᠭᠤ ᠳᠤᠳᠠᠭᠠᠨ ᠣᠷᠤᠪᠠᠯ ᠳᠠᠷᠠ ᠳᠤᠤᠷ᠎ᠠ ᠪᠠᠨ ᠳᠠᠭᠤᠬᠤ ᠪᠠᠨ ᠵᠤᠭᠰᠤᠳᠠᠭ ᠪᠠᠢ᠌ᠯ᠎ᠠ᠃

ᠳᠤᠷᠰᠢᠯᠳᠠ ᠳᠠᠭᠤᠰᠤᠯ᠎ᠠ᠃ ᠳᠤᠷᠰᠢᠭᠴᠢ ᠡᠴᠠ ᠳᠤᠯᠠᠨ ᠵᠢᠭᠠᠰᠤ ᠪᠣᠯ ᠳᠠᠯᠠᠢ ᠳᠤᠳᠤᠷᠠᠭᠢ ᠬᠠᠮᠤᠭ ᠳᠤᠷᠤᠢ ᠪᠠᠭᠤᠷᠠᠢ ᠵᠢᠭᠠᠰᠤ ᠮᠦᠨ ᠭᠡᠵᠤ ᠨᠤᠳᠠᠯᠠᠪᠠ᠃ ᠣᠴᠢᠷ ᠨᠢ ᠳᠠᠷᠠ ᠡᠪᠠᠦᠡᠭᠦ ᠡᠴᠠ ᠪᠠᠨ ᠳᠠᠴᠢᠨᠠᠨ ᠰᠦᠷᠡᠭᠡᠢ ᠠᠶᠤᠬᠤ ᠶᠤᠮ ᠪᠠᠢ᠌ᠨ᠎ᠠ᠃


ᠵᠤᠬᠢᠶᠠᠭᠴᠢ ᠶᠢᠨ ᠬᠠᠶ‍ᠢᠭ ᠄ ᠪᠠᠭᠠᠷᠢᠨ ᠪᠠᠷᠠᠭᠤᠨ ᠬᠤᠰᠢᠭᠤ

ᠵᠤᠬᠢᠶᠠᠭᠴᠢ᠄ ᠪᠠᠭᠠᠷᠢᠨ‍ᠴᠢᠮᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 4363
ᠴᠠᠭ᠄ 2010 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ