ᠨᠡᠪᠲᠡᠷᠡᠨ ᠤᠷᠤᠬᠤ
ᠪᠠᠳᠠᠷᠠᠯ ᠭᠦᠭ᠍ᠵᠢᠯ ᠲᠡᠶ ᠪᠠᠷᠠᠭᠤᠨ ᠳᠠᠪᠢᠨ ᠰᠤᠷᠭᠠᠭᠤᠯᠢ

ᠪᠠᠷᠠᠭᠤᠨ ᠳᠠᠪᠢᠨ ᠰᠤᠷᠭᠠᠭᠤᠯᠢ ᠶᠢᠨ

ᠪᠠᠳᠠᠷᠠᠯ ᠭᠦᠭ᠍ᠵᠢᠯ ᠶᠡᠭᠡ ᠰᠢᠤ᠂   

ᠪᠠᠬᠠᠷᠬᠠᠮ᠎ᠠ ᠣᠢ᠌ᠯᠠᠰ ᠶᠢᠡᠨ ᠴᠤᠴᠠᠯᠠᠬᠤ ᠪᠠᠷ

ᠪᠠᠭᠰᠢ ᠰᠤᠷᠤᠭᠴᠢᠳ ᠬᠠᠮᠳᠤ ᠪᠠᠷ ᠴᠢᠷᠮᠠᠢ᠌ᠭᠰᠠᠨ ᠰᠢᠤ᠃

ᠵᠢᠭᠠᠨ ᠰᠤᠷᠭᠠᠯᠳᠠ ᠪᠠᠨ ᠰᠢᠯᠢᠳᠡᠭ᠍ᠵᠢᠭᠦᠯᠤᠨ᠎ᠡ ᠭᠡᠵᠤ

ᠵᠢᠭᠠᠬᠤ ᠰᠤᠷᠬᠤ ᠶᠢᠨ ᠥᠭᠡᠷᠡᠴᠢᠯᠡᠯᠳᠡ ᠭᠢᠵᠠᠢ᠂

ᠣᠷᠢᠳᠴᠢᠯᠠᠨ ᠰᠤᠷᠬᠤ ᠶᠢ ᠭᠦᠭᠢᠭᠡᠨ ᠵᠤᠷᠢᠭᠵᠢᠭᠤᠯᠵᠤ

ᠣᠬᠠᠭᠠᠠᠳᠤ ᠪᠠᠭᠰᠢ ᠨᠡᠷ ᠮᠢᠨᠢ ᠮᠠᠷᠠᠢ᠌ᠵᠠᠢ᠃

ᠭᠢᠴᠢᠶᠡᠯᠯᠡᠭᠡ ᠶᠢᠨ ᠳᠠᠩᠭᠢᠮ ᠤᠨ ᠵᠢᠭᠠᠨ ᠰᠤᠷᠭᠠᠯᠳᠠ ᠳ᠋ᠤ

ᠣᠯᠠᠨ ᠵᠠᠭᠤᠴᠢᠳᠤ ᠶᠢᠨ ᠣᠢ᠌ᠯᠠᠳᠤᠯ ᠢ ᠪᠠᠳᠠᠷᠠᠭᠤᠯᠵᠠᠢ᠂

ᠣᠷᠣᠢ᠌ᠯᠭᠰᠠᠨ ᠮᠡᠷᠭᠡᠵᠢᠯ ᠢ ᠰᠤᠷᠤᠯᠴᠠᠨ᠎ᠠ ᠭᠡᠵᠤ

ᠠᠯᠤᠰ ᠡᠵᠡᠮᠰᠢᠯᠳᠤ ᠶᠢᠨ ᠳᠤᠤᠷ ᠢ ᠣᠭᠰᠠᠷᠠᠵᠠᠢ᠃

ᠮᠡᠳᠡᠯᠭᠡ ᠣᠯᠠᠮᠵᠢᠯᠠᠬᠤ ᠶᠢᠨ ᠬᠠᠮᠳᠤ ᠭᠦᠮᠤᠨ ᠢ ᠭᠦᠮᠦᠵᠢᠭᠦᠯᠵᠤ

ᠮᠤᠷᠠᠯ ᠶᠤᠰᠤ ᠶᠢᠨ ᠭᠦᠮᠦᠵᠢᠯ ᠢ ᠠᠭᠢᠭᠤᠯᠵᠠᠢ᠂

ᠦᠪᠡᠷᠮᠢᠴᠠ ᠴᠢᠨᠠᠷ ᠤᠨ ᠵᠦᠷᠢᠶ᠎ᠠ ᠶᠢ ᠮᠠᠳᠠᠷᠠᠵᠤ

ᠣᠠᠴᠠ ᠴᠢᠳᠠᠪᠣᠷᠢ ᠶᠢᠨ ᠭᠦᠭ᠍ᠵᠢᠯᠳᠡ ᠵᠢ ᠴᠢᠬᠤᠯᠠᠴᠢᠯᠠᠵᠠᠢ᠃

ᠬᠤᠰᠢᠭᠤ ᠳᠠᠶᠠᠭᠠᠷ ᠤᠨ ᠭᠦᠡᠳᠤ ᠬᠦᠩᠭᠡᠨ ᠤ ᠣᠷᠤᠯᠳᠤᠭᠠᠨ ᠳ᠋ᠤ

ᠣᠠᠴᠠ ᠳ᠋ᠦ᠋ᠩ ᠶᠢᠡᠷ ᠶᠢᠡᠨ ᠢᠷᠠᠭᠤ ᠠᠯᠳᠠᠷ ᠭᠦᠷᠳᠡᠭ᠍ᠰᠡᠨ ᠰᠢᠤ᠂

ᠣᠨ ᠣᠨ ᠤ ᠪᠠᠭ᠎ᠠ ᠴᠢᠳᠠᠪᠣᠷᠢᠳᠠᠨ ᠤ ᠰᠢᠯᠭᠠᠷᠠᠭᠤᠯᠤᠯᠳᠠ ᠳ᠋ᠤ

ᠣᠷᠣᠢ᠌ᠯᠠᠭᠰᠠᠨ ᠪᠦᠳᠦᠭᠡᠯ ᠶᠢᠡᠷ ᠶᠢᠡᠨ ᠭᠦᠭᠢᠭᠦᠯᠦᠯ ᠱᠠᠩᠨᠠᠯ ᠳᠤᠰᠤᠭᠰᠠᠨ ᠰᠢᠤ᠃

ᠵᠢᠯ ᠵᠢᠯ ᠤᠨ ᠳᠡᠭᠦᠰᠭᠦ ᠣᠨ ᠤ ᠰᠢᠯᠭᠠᠯᠳᠠ ᠳ᠋ᠤ

ᠵᠢᠭᠠᠨ ᠰᠤᠷᠭᠠᠯᠳᠠ ᠶᠢᠨ ᠴᠢᠨᠠᠷ ᠴᠢᠠᠰᠠᠭ᠎ᠠ ᠣᠭᠢ ᠰᠢᠤ᠂

ᠣᠨ ᠣᠨ ᠤ ᠡᠴᠦᠰ ᠤᠨ ᠭᠢᠨᠠᠨ ᠰᠢᠯᠭᠠᠷᠠᠭᠤᠯᠤᠯᠳᠠ ᠳᠤ

ᠣᠠᠴᠠ ᠳᠤᠪᠣᠢ᠌ᠮ᠎ᠠ ᠪᠦᠳᠦᠮᠵᠢ ᠶᠢ ᠡᠭᠦᠳᠦᠭ᠍ᠰᠡᠨ ᠰᠢᠤ᠃

ᠣᠷᠴᠢᠨ ᠳᠤᠭᠤᠷᠢᠨ ᠶᠢᠡᠨ ᠴᠡᠴᠡᠷᠯᠢᠭ᠍ᠵᠢᠭᠦᠯᠵᠤ ᠭᠤᠶᠤᠵᠢᠭᠤᠯᠤᠨ᠎ᠠ ᠭᠡᠵᠤ

ᠣᠳᠠ ᠣᠯᠢᠶᠠᠰᠤ ᠶᠢ ᠵᠢᠭ᠍ᠳᠡᠷᠡᠭᠦᠯᠤᠨ ᠨᠤᠭᠤᠭᠠᠷᠠᠭᠤᠯᠤᠭᠰᠠᠨ ᠰᠢᠤ᠂

ᠣᠮᠤᠭ ᠳᠡᠭᠦᠯᠳᠡᠷ ᠠᠵᠢᠯᠯᠠᠵᠤ ᠰᠤᠷᠤᠯᠴᠠᠨ᠎ᠠ ᠭᠡᠵᠤ

ᠣᠷᠤᠭᠰᠢᠯᠠᠨ ᠳᠠᠪᠰᠢᠬᠤ ᠶᠢ ᠵᠥᠩᠨᠡᠭ᠍ᠰᠡᠨ ᠱᠤᠭᠤᠮᠠᠯ ᠭᠦᠷᠦᠭ᠌ ᠢ ᠪᠣᠰᠬᠠᠵᠠᠢ᠃

ᠪᠠᠬᠠᠷᠤᠯᠳᠤ ᠣᠢ᠌ᠯᠠᠰ ᠶᠢᠡᠨ ᠠᠭᠢᠭᠤᠯᠤᠨ᠎ᠠ ᠭᠡᠵᠤ

ᠪᠠᠢ᠌ᠷᠢ ᠶᠢᠨ ᠰᠤᠶᠤᠯ ᠢ ᠭᠦᠭ᠍ᠵᠢᠭᠦᠯᠦᠭ᠍ᠰᠡᠨ ᠰᠢᠤ᠂

ᠬᠤᠭᠤᠯᠠᠯᠠᠵᠤ ᠢᠳᠡᠭᠦ ᠶᠢᠨ ᠨᠥᠭᠦᠴᠡᠯ ᠢ ᠰᠠᠢ᠌ᠵᠢᠷᠠᠭᠤᠯᠤᠨ᠎ᠠ ᠭᠡᠵᠤ

ᠬᠤᠭᠤᠯᠠᠨ ᠭᠡᠷ ᠶᠢᠡᠨ ᠰᠢᠨᠡᠳᠭᠡᠭ᠍ᠰᠡᠨ ᠰᠢᠤ᠃

ᠭᠠᠴᠠᠭ᠎ᠠ ᠳᠤᠰᠬᠤᠨ ᠤ ᠪᠠᠭ᠎ᠠ ᠰᠤᠷᠭᠠᠭᠤᠯᠢ ᠪᠣᠯᠪᠠᠴᠤ

ᠭᠠᠠᠳᠢᠭ ᠴᠢᠯᠠᠭᠤ ᠲᠡᠶ ᠵᠢᠭᠠᠨ ᠰᠤᠷᠭᠠᠯᠳᠠ ᠶᠢᠨ ᠠᠰᠠᠷ ᠢ ᠪᠠᠢ᠌ᠭᠤᠯᠵᠠᠢ᠂

ᠭᠠᠪᠰᠢᠭᠠᠢ ᠰᠢᠭᠤᠷᠬᠠᠢ ᠠᠵᠢᠯᠯᠠᠭᠤᠯᠠᠨ᠎ᠠ ᠭᠡᠵᠤ

ᠳᠤᠬᠠᠢ᠌ᠯᠠᠭᠰᠠᠨ ᠮᠡᠷᠭᠡᠵᠢᠯ ᠤᠨ ᠰᠤᠷᠤᠯᠴᠠᠯᠭ᠎ᠠ ᠶᠢ ᠴᠢᠩᠭ᠋ᠠᠳᠬᠠᠵᠠᠢ᠃

ᠬᠠᠯᠠᠭᠤᠨ ᠳᠤᠯᠠᠭᠠᠨ ᠠᠵᠢᠯᠯᠠᠭᠤᠯᠵᠤ ᠰᠤᠷᠤᠯᠴᠠᠭᠤᠯᠤᠨ᠎ᠠ ᠭᠡᠵᠤ

ᠬᠠᠯᠠᠭᠠᠵᠤ ᠳᠤᠯᠠᠭᠠᠯᠠᠬᠤ ᠳᠦᠭᠦᠭᠡᠷᠦᠮᠵᠢ ᠶᠢ ᠣᠭᠰᠠᠷᠠᠵᠠᠢ᠂

ᠬᠠᠯᠠᠭᠤᠨ ᠳᠤᠯᠠᠭᠠᠨ ᠨᠠᠢ᠌ᠷᠰᠠᠭ ᠭᠡᠷ ᠪᠦᠯᠢ ᠰᠢᠭ᠌

ᠬᠠᠢ᠌ᠷᠠᠯᠠᠯᠠᠳᠠᠢ ᠰᠤᠷᠤᠭᠴᠢᠳ ᠶᠢᠡᠨ ᠪᠦᠪᠠᠢ᠌ᠯᠠᠨ ᠭᠦᠮᠦᠵᠢᠭᠦᠯᠵᠡᠢ᠃

ᠨᠠᠷᠠᠨ ᠰᠠᠷᠠᠨ ᠤ ᠰᠠᠴᠤᠷᠠᠭ᠎ᠠ ᠮᠢᠨᠢ

ᠨᠠᠷᠮᠢ ᠣᠷᠤᠨ ᠶᠢᠡᠨ ᠭᠡᠢ᠌ᠭᠦᠯᠦᠭ᠍ᠰᠡᠨ ᠰᠢᠤ᠂

ᠪᠠᠳᠠᠷᠠᠯ ᠭᠦᠭ᠍ᠵᠢᠯ ᠲᠡᠶ ᠰᠤᠷᠭᠠᠭᠤᠯᠢ ᠮᠢᠨᠢ

ᠪᠠᠷᠠᠭᠤᠨ ᠳᠠᠪᠢᠨ ᠤ ᠪᠠᠨ ᠰᠦᠯᠳᠡ ᠶᠢ ᠪᠠᠳᠠᠷᠠᠭᠠᠭᠰᠠᠨ ᠰᠢᠤ︕

ᠪᠠᠷᠠᠭᠤᠨ ᠳᠠᠪᠢᠨ ᠰᠤᠷᠭᠠᠭᠤᠯᠢ ᠵᠢᠨ

ᠪᠠᠳᠠᠷᠠᠯ ᠭᠦᠭ᠍ᠵᠢᠯ ᠢ ᠭᠡᠯᠡᠭᠡᠳ ᠪᠠᠷᠠᠨ᠎ᠠ ᠦᠦ ᠳ᠋ᠠ᠂

ᠪᠠᠬᠠᠷᠤᠮ᠎ᠠ ᠣᠢ᠌ᠯᠠᠰ ᠨᠢ ᠨᠠᠩ ᠭᠦᠭ᠍ᠵᠢᠯᠳᠡ ᠲᠡᠶ ᠪᠣᠯ ᠭᠡᠵᠤ

ᠪᠠᠳᠠᠭ ᠰᠢᠯᠦᠭ᠌ ᠶᠢᠡᠨ ᠪᠠᠶᠠᠷᠳᠠᠢ᠌ᠬᠠᠨ ᠳᠡᠭᠦᠰᠭᠡᠶ᠎ᠡ︕



ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2644
ᠴᠠᠭ᠄ 2011 ᠤᠨ ᠤ 04 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ