☆ ᠰᠠ᠊·ᠵᠠᠮᠢᠶᠠᠨ
ᠬᠤᠳᠠ᠂ ᠬᠤᠳᠠ᠂ ᠬᠤᠳᠠ
ᠠᠰᠠᠷ ᠳᠠᠭᠳᠤ ᠨᠢ
ᠦᠨᠳᠦᠷ ᠶᠢᠡᠷ ᠶᠢᠡᠨ ᠦᠰᠴᠦ ᠯᠠ ᠪᠠᠢ᠌ᠳᠠᠭ
ᠠᠭᠠᠷ ᠮᠠᠠᠳᠠᠯ ᠨᠢ
ᠦᠪᠴᠢ ᠪᠠᠷ ᠶᠢᠡᠨ ᠪᠣᠭᠢᠷᠳᠤᠵᠤ ᠯᠠ ᠪᠠᠢ᠌ᠳᠠᠭ
ᠠᠷᠠᠤᠨ ᠢᠷᠭᠡᠳ ᠨᠢ
ᠡᠳᠦᠷᠵᠢᠨ ᠮᠤᠩᠭᠢᠨᠠᠵᠤ ᠯᠠ ᠪᠠᠢ᠌ᠳᠠᠭ᠂
ᠦᠷᠯᠦᠭᠡ ᠳᠤ ᠪᠠᠨ
ᠣᠳᠤᠭ᠎ᠠ ᠨᠢ ᠭᠠᠵᠠᠷ ᠬᠠᠬᠠᠳᠠᠯᠠ ᠳᠤᠨᠤᠷᠠᠳᠠᠭ
ᠡᠳᠦᠷ ᠲᠤ ᠪᠠᠨ
ᠠᠳᠠᠭ᠎ᠠ ᠨᠢ ᠳᠡᠭ᠍ᠷᠢ ᠳᠤᠯᠳᠠᠯ᠎ᠠ ᠪᠣᠰᠳᠠᠭ
ᠦᠳᠡᠰᠢ ᠳᠤ ᠪᠠᠨ
ᠰᠠᠨᠠᠭ᠎ᠠ ᠨᠢ ᠰᠠᠷ᠎ᠠ ᠊ᠭ᠍ᠬᠢᠷᠳᠦᠳᠡᠯᠡ ᠭᠦᠭᠡᠷᠳᠡᠭ᠌᠂
ᠣᠳᠠᠰᠤ ᠪᠠᠷ ᠶᠠᠷᠢᠬᠤ ᠳ᠋ᠤ
ᠰᠤᠨᠤᠷ ᠬᠠᠯᠠᠰᠬᠠᠮᠠ ᠳᠤᠯᠠᠭᠠᠬᠠᠨ ᠵᠤᠭᠤᠭ ᠳᠠᠢ
ᠠᠭᠤᠯᠵᠠᠭᠠᠤᠨ ᠥᠩᠭᠡᠷᠡᠭᠦ ᠳ᠋ᠤ
ᠲ᠋ᠠᠮᠢᠷ ᠰᠡᠷᠭᠦᠮ᠎ᠡ ᠬᠠᠯᠠᠭᠤᠬᠠᠨ ᠵᠠᠩ ᠳᠠᠢ
ᠣᠴᠢᠷ ᠳᠡᠭᠡᠷ᠎ᠡ ᠪᠠᠨ
ᠣᠬᠠᠭᠠᠨ ᠨᠢ ᠣᠯᠳᠠᠬᠤ ᠦᠭᠡᠶ ᠣᠯᠠᠨ ᠳᠤᠨᠤᠯᠵᠢᠨ ᠲᠡᠶ᠂
ᠬᠤᠳᠠ
ᠭᠦᠳᠡᠭᠡ ᠥᠭᠡᠳᠡ ᠴᠠᠷᠠᠭ᠎ᠠ ᠦᠭᠡᠶ ᠳᠠᠯᠠᠨᠡ
ᠪᠢᠳᠠ
ᠬᠤᠳᠠ ᠣᠷᠤᠭᠤ ᠬᠤᠷᠢᠭ᠎ᠠ ᠥᠭᠡᠢ ᠲ᠋ᠡᠪᠰᠢᠨᠡ᠃
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠠᠷᠤ ᠬᠤᠷᠴᠢᠨ
ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2644
ᠴᠠᠭ᠄ 2011 ᠤᠨ ᠤ 12 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ