ᠨᠡᠪᠲᠡᠷᠡᠨ ᠤᠷᠤᠬᠤ
ᠭᠦᠤ ᠮᠢᠨᠢ ᠮᠠᠷᠭᠠᠰᠢ ᠪᠠᠷᠢ ᠳᠠᠭᠠᠭᠤᠯᠤᠭᠠᠤᠨ ᠢᠷᠠᠨ᠎ᠠ

ᠭᠦᠮᠤᠨ ᠤ ᠣᠷᠴᠢᠯᠠᠩ ᠤᠨ ᠣᠯᠠ ᠮᠦᠷ ᠢ ᠭᠢᠰᠭᠢᠵᠤ᠂ ᠬᠠᠭᠤᠴᠢᠨ ᠤ ᠶᠤᠰᠤ ᠶᠢᠨ ᠵᠠᠩ ᠵᠢᠷᠤᠮ ᠢ ᠲᠠᠭᠠᠨ᠂ ᠬᠠᠷ᠎ᠠ ᠴᠠᠭᠠᠨ ᠦᠷ᠎ᠡ ᠬᠣᠢ᠌ᠴᠢᠰ ᠲᠡᠶ ᠪᠣᠯᠤᠭᠠᠤᠨ᠂ ᠬᠠᠷᠠᠩᠭ᠋ᠤᠢ ᠳᠠᠷᠠ ᠴᠠᠭ ᠡᠴᠡ ᠣᠳᠤ ᠶᠢᠨ ᠰᠢᠨ᠎ᠠ ᠨᠡᠢ᠌ᠭᠡᠮ ᠳᠤ ᠳᠠᠪᠰᠢᠨ᠂ ᠢᠳᠡᠭᠦ ᠳᠡᠭᠡᠨ ᠵᠦᠪ ᠦᠭᠡᠶ ᠪᠠᠭᠤᠷᠠᠢ ᠠᠮᠢᠳᠤᠷᠠᠯ ᠤᠨ ᠳᠤᠯᠭ᠎ᠠ ᠶᠢ ᠳᠤᠰᠴᠤ᠂ ᠡᠮᠦᠰᠭᠦ ᠳᠡᠭᠡᠨ ᠬᠤᠪᠴᠠᠰᠤ ᠦᠭᠡᠶ ᠵᠥᠳᠡᠭᠦᠤ ᠠᠢ᠌ᠯ ᠤᠨ ᠬᠠᠭᠠᠯᠠᠭ᠎ᠠ ᠶᠢ ᠠᠯᠬᠤᠨ᠂ ᠥᠭᠡᠷ ᠬᠤᠨᠢᠨ ᠤ ᠳᠤᠭᠤᠰᠤ ᠶᠢ ᠳᠠᠷᠤᠵᠤ᠂ ᠥᠭᠡᠳᠡᠰᠤ ᠳᠡᠭᠦᠨ ᠴᠠᠪᠠᠷᠠᠭ ᠨᠠᠭᠠᠨ᠂ ᠡᠳᠦᠷᠵᠢᠨ ᠠᠷᠭᠠᠯ ᠬᠤᠮᠤᠤᠯ ᠴᠤᠭᠯᠠᠭᠤᠯᠤᠨ᠂ ᠰᠦᠨᠢᠵᠢᠨ ᠣᠯᠠ ᠵᠤᠯᠤᠭ ᠲᠡᠶ ᠨᠤᠴᠤᠯᠳᠤᠨ᠂ ᠶᠠᠩᠶ‍ᠢᠤ ᠶᠢᠨ ᠳ᠋ᠸᠩ ᠤᠨ ᠣᠳᠤᠭ᠎ᠠ ᠪᠠᠷ ᠦᠪᠠᠰᠤᠪᠠᠨ ᠬᠠᠮᠠᠷ ᠶᠢᠡᠨ ᠣᠳᠤᠵᠤ᠂ ᠱᠤᠭᠣᠢ᠌ᠭᠰᠠᠨ ᠨᠢᠳᠤ ᠨᠢ ᠭᠠᠯ ᠮᠠᠭᠤᠳᠠᠵᠤ᠂ ᠭᠠᠷ ᠶᠢᠡᠨ ᠵᠡᠭᠦᠤ ᠪᠠᠷ ᠬᠠᠳᠬᠤᠨ᠂ ᠭᠠᠠᠴᠠᠬᠠᠨ ᠶ‍ᠤ᠋ ᠭᠡᠵᠤ ᠳᠤᠤᠭᠠᠷᠤᠭᠰᠠᠨ ᠦᠭᠡᠶ᠂ ᠣᠠᠳᠠᠭᠰᠠᠨ ᠭᠦᠤ ᠪᠠᠨ ᠭᠦᠡᠵᠢᠯᠡ ᠶᠢ ᠨᠢ ᠵᠠᠰᠠᠵᠤ᠂ ᠡᠳᠦᠢ ᠡᠳᠦᠷ ᠤᠳ ᠢ ᠨᠢᠭᠡ ᠡᠳᠦᠷ ᠮᠠᠳᠤ ᠥᠩᠭᠡᠷᠡᠭᠡᠨ᠂ ᠨᠢᠰᠤ ᠪᠠ ᠨᠢᠯᠪᠣᠰᠤ ᠶᠢ ᠭᠦᠤ ᠳᠡᠭᠡᠨ ᠦᠯᠦ ᠥᠵᠡᠭᠦᠯᠤᠨ᠂ ᠭᠦᠮᠤᠨ ᠤ ᠬᠡᠦᠬᠡᠳ ᠲᠡᠶ ᠠᠳᠠᠯᠢᠬᠠᠨ ᠭᠦᠤ ᠪᠠᠨ ᠠᠪᠴᠤ ᠶᠠᠪᠣᠬᠤ ᠪᠠᠷ ᠵᠢᠦᠡᠭᠦᠨ᠂ ᠪᠦᠳᠤᠨ ᠬᠤᠷᠢᠨ ᠵᠢᠯ ᠢ ᠳᠤᠭᠤᠯᠤᠨ᠂ ᠭᠦᠤ ᠮᠢᠨᠢ ᠭᠦᠯᠦᠭ᠌ ᠤᠨ ᠨᠢᠷᠤᠭᠤᠨ ᠳᠤ ᠭᠠᠷᠴᠤ ᠵᠢᠯᠤᠭᠤ ᠰᠢᠭᠦᠷᠤᠨ ᠠᠮᠠᠭᠠᠢ ᠳᠠᠳᠠᠵᠤ᠂ ᠭᠦᠮᠤᠨ ᠤ ᠬᠤᠰᠢᠭᠤᠨ᠂ ᠬᠠᠷᠢ ᠨᠤᠳᠤᠭ ᠶᠢᠡᠷ ᠡᠷᠳᠡᠮ ᠰᠤᠷᠴᠤ᠂ ᠪᠠᠶ᠎ᠠ ᠦᠰᠴᠦ ᠡᠷ᠎ᠡ ᠶᠢᠨ ᠴᠡᠭᠡᠯ ᠲᠤ ᠭᠦᠷᠪᠡ᠃ ᠡᠵᠢ ᠨᠢ ᠪᠢ ᠦᠨᠡᠨ ᠪᠠᠶᠠᠷᠯᠠᠭᠠᠤᠨ ᠮᠤᠬᠤᠬᠤ ᠦᠭᠡᠶ᠃ ᠭᠦᠤ ᠮᠢᠨᠢ ᠭᠦᠮᠤᠨ ᠤ ᠵᠡᠷᠭᠡ ᠳᠤ ᠭᠦᠷᠪᠡ᠃ ᠦᠷᠦᠭᠡᠯ ᠤᠨ ᠬᠡᠦᠬᠡᠳ ᠲᠡᠶ ᠠᠳᠠᠯᠢᠬᠠᠨ ᠳᠤᠭᠤᠨᠤ ᠳᠤᠯᠵᠤ ᠳᠤᠯᠭ᠎ᠠ ᠪᠣᠰᠬᠠᠬᠤ ᠪᠣᠯᠪᠠ᠃ ᠭᠡᠪᠠᠴᠤ ᠪᠠᠭᠤᠷᠠᠢ ᠠᠮᠢᠳᠤᠷᠠᠯ ᠤᠨ ᠵᠥᠳᠡᠭᠦᠤ ᠲᠡᠶ ᠡᠴᠡ ᠪᠣᠯᠵᠤ ᠭᠦᠤ ᠮᠢᠨᠢ ᠪᠠᠷᠢ ᠣᠯᠤᠭ᠎ᠠ ᠦᠭᠡᠶ᠂ ᠪᠠᠯᠡᠭ᠌ ᠪᠠᠷᠢᠵᠤ ᠵᠡᠭᠦᠨ ᠪᠠᠷᠠᠭᠤᠨ ᠠᠢ᠌ᠯ ᠶᠢᠡᠷ ᠭᠡᠦᠭᠡᠨ ᠭᠤᠶᠤᠭᠰᠠᠨ ᠴᠤ ᠶᠠᠳᠠᠭᠤ ᠭᠡᠳᠡᠭ᠌ ᠭᠠᠭᠴᠠᠬᠠᠨ ᠥᠭᠡ ᠪᠠᠷ ᠠᠮᠠ ᠶᠢ ᠮᠢᠨᠢ ᠬᠠᠭᠠᠵᠤ ᠡᠳᠦᠢ ᠪᠣᠯᠤᠯ᠎ᠠ᠂ ᠭᠡᠪᠠᠴᠤ ᠭᠦᠤ ᠮᠢᠨᠢ ᠦᠪᠡᠷ ᠤᠨ ᠳᠡᠩᠭᠡᠭᠡ ᠪᠠᠷ ᠶᠢᠡᠨ ᠦᠨᠦᠳᠤᠷ ᠪᠠᠷᠢ ᠣᠯᠵᠤ᠂ ᠡᠳᠦᠢ ᠵᠢᠯ ᠤᠨ ᠵᠤᠪᠠᠭᠰᠠᠨ ᠢ ᠳᠠᠢ᠌ᠤᠠᠬᠤᠷᠠᠭᠤᠯᠬᠤ ᠪᠠᠷ ᠮᠠᠷᠭᠠᠰᠢ ᠭᠦᠤ ᠮᠢᠨᠢ ᠪᠠᠷᠢ ᠳᠠᠭᠠᠭᠤᠯᠤᠭᠠᠤᠨ ᠢᠷᠠᠨ᠎ᠠ︕ ᠡᠵᠢ ᠨᠢ ᠪᠢ ᠴᠤᠬᠤᠮ ᠶᠠᠭᠠᠭᠢᠵᠤ ᠣᠭᠳᠤᠳᠠᠭ ᠪᠢᠯᠠ︕

ᠭᠠᠵᠠᠷ ᠤᠨ ᠡᠵᠡᠨ ᠤ ᠬᠤᠨᠢ ᠮᠠᠯ ᠢ ᠬᠠᠷᠠᠵᠤ᠂ ᠭᠠᠩᠰᠠᠷᠳᠠᠯ᠎ᠠ ᠵᠤᠪᠠᠭᠰᠠᠨ ᠪᠣᠭᠤᠯ ᠤᠨ ᠭᠠᠪ ᠡᠴᠡ ᠳᠦᠩᠭᠡᠵᠢ ᠮᠤᠯᠳᠤᠷᠠᠨ᠂ ᠬᠤᠪᠢᠰᠬᠠᠯ ᠪᠠ ᠳᠠᠮᠠᠴᠠᠯ ᠤᠨ ᠰᠢᠷᠦᠭᠦᠨ ᠳᠠᠪᠠᠭ᠎ᠠ ᠶᠢ ᠳᠠᠪᠠᠵᠤ᠂ ᠬᠤᠪᠢᠨ ᠤ ᠭᠡᠰᠡᠨ ᠣᠷᠤᠨ ᠪᠠᠢ᠌ᠷᠢ ᠶᠢ ᠣᠯᠵᠤ᠂ ᠠᠷᠠᠢ ᠭᠡᠵᠤ ᠭᠦᠮᠤᠨ ᠭᠡᠳᠡᠭ᠌ ᠤᠨ ᠵᠤᠯ ᠵᠢᠷᠭᠠᠯ ᠢ ᠡᠳ᠋ᠯᠡᠨ᠂ ᠪᠠᠶᠠᠤᠨ ᠨᠤᠶᠠᠤᠨ ᠤᠨ ᠳᠠᠷᠤᠯᠠᠯ ᠡᠴᠡ ᠠᠩᠵᠢᠷᠠᠨ᠂ ᠨᠡᠢ᠌ᠭᠡᠮ ᠵᠢᠷᠤᠮ ᠳᠤ ᠳᠠᠪᠰᠢᠨ᠂ ᠮᠠᠩᠵᠠᠨ ᠳᠤᠭᠤᠭᠠᠨ ᠡᠴᠡ ᠰᠤᠶᠤᠯ ᠤᠨ ᠬᠤᠪᠢᠰᠬᠠᠯ ᠳᠤ ᠣᠯᠠᠷᠢᠨ᠂ ᠵᠠᠰᠠᠭ ᠤᠨ ᠰᠠᠢ᠌ᠨ ᠶᠢᠡᠷ ᠬᠤᠪᠢᠨ ᠤ ᠭᠡᠰᠡᠨ ᠮᠠᠯ ᠲᠡᠶ᠂ ᠬᠤᠪᠢᠨ ᠳᠠᠭᠠᠨ ᠭᠡᠰᠡᠨ ᠦᠮᠴᠢ ᠲᠡᠶ᠂ ᠪᠣᠷᠤ ᠭᠡᠷ ᠪᠣᠭᠤᠨᠢ ᠰᠠᠷᠠᠪᠴᠢ ᠭᠡᠮᠡᠷᠭᠡᠨ ᠠᠮᠢᠳᠤᠷᠠᠯ ᠲᠡᠶ ᠪᠣᠯᠵᠤ᠂ ᠭᠦᠷᠦᠩᠭᠡ ᠲᠡᠶ ᠪᠣᠯᠬᠤ ᠡᠴᠡ ᠭᠢᠴᠢᠶᠡᠨ᠂ ᠬᠤᠪᠢᠰᠬᠠᠯ ᠳᠠᠭᠢᠨ ᠱᠥᠭᠦᠷᠳᠡᠭᠦ ᠡᠴᠡ ᠡᠮᠢᠶᠡᠨ᠂ ᠣᠯᠤᠭᠰᠠᠨ ᠮᠠᠯ ᠤᠨ ᠳᠤᠭ᠎ᠠ ᠶᠢ ᠦᠯᠦ ᠥᠰᠭᠡᠨ᠂ ᠰᠠᠭᠤᠭᠰᠠᠨ ᠭᠡᠷ ᠤᠨ ᠰᠢᠠᠵᠢ ᠶᠢ ᠦᠯᠦ ᠬᠤᠪᠢᠰᠬᠠᠨ᠂ ᠶᠤᠰᠤᠳᠠᠢ ᠭᠡᠪᠳᠡᠭ᠍ᠰᠡᠨ ᠬᠤᠨᠢ ᠶᠢ ᠦᠯᠦ ᠭᠦᠳᠡᠯᠭᠡᠨ᠂ ᠭᠦᠮᠤᠨ ᠳᠤ ᠬᠤᠤᠷ ᠦᠭᠡᠶ᠂ ᠬᠤᠷᠤᠬᠠᠢ ᠳᠤ ᠶᠤᠷᠤ ᠦᠭᠡᠶ᠂ ᠳᠡᠭᠡᠭ᠍ᠰᠢ ᠪᠠᠨ ᠴᠤ ᠦᠯᠦ ᠥᠭᠡᠳᠡᠯᠡᠨ᠂ ᠳᠤᠷᠤᠭᠰᠢ ᠪᠠᠨ ᠴᠤ ᠦᠯᠦ ᠣᠷᠤᠭᠤᠳᠠᠬᠤ ᠳᠡᠢ᠌ᠮᠦᠷᠭᠦ ᠠᠮᠢᠳᠤᠷᠠᠯ ᠶᠢᠡᠷ ᠬᠤᠷᠢᠨ ᠵᠢᠯ ᠢ ᠡᠯᠡᠭᠡᠨ᠂ ᠨᠡᠢ᠌ᠭᠡᠮ ᠪᠠ ᠴᠠᠭ ᠤᠨ ᠳᠦᠷᠭᠡᠨ ᠣᠷᠤᠭᠰᠢᠯᠠᠯᠳᠠ ᠳᠤ ᠦᠪᠡᠷ ᠤᠨ ᠡᠷᠭᠡ ᠦᠭᠡᠶ ᠬᠤᠴᠤᠷᠠᠨ᠂ ᠡᠳᠦᠢ ᠵᠢᠯ ᠬᠤᠷᠤᠭᠳᠠᠭᠰᠠᠨ ᠶᠠᠭᠤᠮ᠎ᠠ ᠦᠭᠡᠶ ᠴᠤ ᠨᠡᠮᠡᠭ᠍ᠳᠡᠭ᠍ᠰᠡᠨ ᠶᠠᠭᠤᠮ᠎ᠠ ᠴᠤ ᠪᠠᠰᠠ ᠦᠯᠦ ᠬᠠᠷᠠᠭᠳᠠᠬᠤ ᠭᠡᠪ ᠶᠢᠡᠨ ᠰᠠᠭᠢᠭᠰᠠᠨ ᠠᠮᠢᠳᠤᠷᠠᠯ ᠳᠤ ᠬᠠᠷᠢᠨ᠂ ᠪᠠᠶ᠎ᠠ ᠮᠢᠨᠢ ᠦᠳᠡᠯᠵᠤ᠂ ᠦᠷ᠎ᠡ ᠮᠢᠨᠢ ᠦᠰᠴᠦ᠂ ᠡᠪᠦᠭᠡᠳ ᠤᠨ ᠵᠠᠮ ᠶᠢᠡᠷ ᠠᠯᠬᠤᠨ ᠣᠷᠤᠯ᠎ᠠ᠃ ᠭᠦᠤ ᠮᠢᠨᠢ ᠴᠠᠭ ᠤᠨ ᠰᠠᠢ᠌ᠨ᠂ ᠨᠡᠢ᠌ᠭᠡᠮ ᠤᠨ ᠰᠠᠢ᠌ᠨ ᠶᠢᠡᠷ ᠨᠤᠮ ᠪᠢᠴᠢᠭ᠌ ᠰᠤᠷᠴᠤ᠂ ᠨᠢᠳᠤ ᠠᠮᠠ ᠲᠡᠶ ᠪᠣᠯᠵᠤ᠂ ᠬᠠᠳᠠᠭᠤ ᠠᠮᠢᠳᠤᠷᠠᠯ ᠤᠨ ᠬᠠᠯᠠ ᠵᠤᠪᠠᠯᠠᠩ ᠡᠴᠡ ᠪᠣᠯᠵᠤ ᠭᠦᠤ ᠮᠢᠨᠢ ᠡᠷᠳᠡ ᠣᠬᠠᠭ᠎ᠠ ᠣᠷᠤᠪᠠ᠃ ᠠᠪᠣ ᠶᠢᠨ ᠬᠣᠢ᠌ᠮᠤᠷ ᠢ ᠵᠠᠯᠭᠠᠵᠤ᠂ ᠡᠵᠢ ᠶᠢᠨ ᠨᠤᠳᠤᠭ ᠲᠤ ᠰᠠᠭᠤᠷᠢᠰᠢᠬᠤ ᠨᠠᠰᠤ ᠳᠠᠷᠠᠭ᠎ᠠ ᠪᠣᠯᠬᠤ ᠪᠠᠷ ᠨᠢ ᠠᠪᠣ ᠨᠢ ᠪᠢ ᠭᠠᠷ ᠳᠠᠳᠠᠭᠤ ᠭᠠᠠᠵᠤᠭ᠎ᠠ ᠮᠡᠭᠦᠰ᠂ ᠰᠠᠨᠠᠭᠰᠠᠨ ᠵᠣᠢ᠌ᠯ ᠢ ᠨᠢ ᠰᠠᠨᠠᠭ᠎ᠠ ᠳᠤ ᠨᠢ ᠡᠰᠡ ᠭᠦᠷᠭᠡᠨ᠂ ᠥᠭᠡᠭᠦ ᠪᠠ ᠪᠣᠯᠴᠢᠷᠬᠠᠢ ᠶᠢᠨ ᠳᠤᠮᠳᠠᠭᠤᠷ ᠭᠦᠤ ᠪᠠᠨ ᠪᠢ ᠵᠤᠪᠠᠭᠠᠯ᠎ᠠ᠃ ᠭᠡᠪᠠᠴᠤ ᠭᠦᠤ ᠮᠢᠨᠢ ᠠᠪᠣ ᠪᠠᠨ ᠨᠠᠮ᠎ᠠ ᠶᠢ ᠬᠠᠯᠠᠰᠢᠷᠠᠳᠠᠯ᠎ᠠ ᠵᠤᠪᠠᠭᠠᠭᠰᠠᠨ ᠦᠭᠡᠶ᠂ ᠬᠠᠷᠢ ᠬᠤᠰᠢᠭᠤᠨ ᠡᠴᠡ ᠪᠠᠷᠢ ᠣᠯᠵᠤ᠂ ᠭᠦᠤ ᠮᠢᠨᠢ ᠮᠠᠷᠭᠠᠰᠢ ᠪᠠᠷᠢ ᠳᠠᠭᠠᠭᠤᠯᠤᠭᠠᠤᠨ ᠭᠦᠷᠦᠭᠡᠳ ᠢᠷᠠᠨ᠎ᠠ᠃ ᠠᠪᠣ ᠨᠢ ᠪᠢ ᠦᠨᠡᠨ ᠪᠠᠶᠠᠷᠯᠠᠭᠠᠤᠨ ᠮᠤᠬᠤᠬᠤ ᠦᠭᠡᠶ᠃ ᠮᠠᠷᠭᠠᠰᠢ ᠪᠢ ᠭᠦᠤ ᠪᠠᠷᠢ ᠪᠠᠨ ᠶᠠᠭᠠᠭᠢᠵᠤ ᠳᠤᠰᠳᠠᠭ ᠪᠢᠯᠠ︕

ᠭᠦᠭᠡᠷᠦᠭᠦᠢ ᠭᠦᠤ ᠮᠢᠨᠢ᠂ ᠭᠤᠷᠪᠠᠨ ᠨᠠᠰᠤᠳᠠᠢ ᠳᠠᠷᠠ ᠵᠢᠯ ᠳᠤ ᠴᠢᠨᠢ᠂ ᠪᠦᠳᠤᠨ ᠪᠠᠶ᠎ᠠ ᠬᠤᠸᠠᠷ ᠳᠤᠭᠤᠯᠵᠤ᠂ ᠭᠠᠳᠠᠨ᠎ᠠ ᠨᠢᠭᠡᠳᠦᠯ ᠵᠠᠳᠠᠷᠠᠨ᠂ ᠭᠦᠩᠱᠧ ᠰᠤᠮᠤ ᠪᠣᠯᠵᠤ᠂ ᠡᠮᠴᠢ ᠳᠤᠮᠴᠢ ᠭᠡᠵᠤ ᠡᠨᠡ ᠲᠡᠷᠡ ᠠᠢ᠌ᠯ ᠳᠤ ᠬᠤᠪᠢᠶᠠᠭᠳᠠᠨ᠂ ᠮᠡᠳᠡᠭᠦ ᠡᠴᠡ ᠨᠠᠰᠤᠳᠠᠢ ᠭᠦᠮᠤᠨ ᠪᠣᠯᠵᠤ᠂ ᠮᠡᠳᠡᠭᠦ ᠦᠭᠡᠶ ᠡᠴᠡ ᠨᠢ ᠮᠠᠨ ᠤ ᠬᠤᠶᠠᠷ ᠪᠣᠯᠵᠤ᠂ ᠭᠦᠤ ᠮᠢᠨᠢ ᠴᠢ ᠪᠦᠳᠤᠨ ᠪᠠᠶ᠎ᠠ ᠬᠠᠯᠠᠭᠤᠷᠠᠨ᠂ ᠮᠥᠮᠥ ᠴᠢᠨᠢ ᠪᠢ ᠠᠶᠤᠭᠰᠠᠨ ᠢ ᠶᠠᠭᠤᠨ ᠲᠡᠶ ᠵᠣᠢ᠌ᠷᠯᠠᠨ᠎ᠠ ⁈ ᠨᠢ᠋ᠮᠠᠨ ᠨᠠᠰᠤᠳᠠᠢ ᠳᠠᠷᠠ ᠵᠢᠯ ᠭᠦᠤ ᠮᠢᠨᠢ ᠠᠷᠠᠤᠨ ᠤᠨ ᠰᠤᠷᠭᠠᠭᠤᠯᠢ ᠶᠢᠨ ᠰᠤᠷᠤᠭᠴᠢ ᠪᠣᠯᠵᠤ᠂ ᠪᠦᠳᠤᠨ ᠵᠢᠯ ᠤᠨ ᠬᠤᠶᠠᠷ ᠳᠦᠭᠦᠷᠢᠭ᠌ ᠤᠨ ᠰᠥᠢᠦᠡᠭᠡᠯ ᠢ ᠴᠢᠨᠢ ᠳᠤᠰᠢᠶᠠᠵᠤ ᠦᠯᠦ ᠴᠢᠳᠠᠨ᠂ ᠦᠨᠦ ᠮᠠᠷᠭᠠᠰᠢ ᠦᠭᠡᠶ ᠵᠠᠭᠢᠷᠤᠯ ᠳᠤ ᠴᠢᠨᠢ ᠨᠤᠬᠠᠢ ᠬᠤᠷᠢᠵᠤ ᠡᠰᠡ ᠠᠮᠵᠢᠨ᠂ ᠡᠴᠦᠰ ᠲᠡᠭᠡᠨ ᠭᠦᠤ ᠮᠢᠨᠢ ᠴᠢ ᠪᠠᠭᠰᠢ ᠳᠠᠭᠠᠨ ᠭᠦᠭᠡᠭᠡᠭ᠍ᠳᠡᠨ᠂ ᠭᠦᠭᠡ ᠳᠠᠪᠣᠤ ᠶᠢᠨ ᠪᠣᠭᠴᠤ᠂ ᠭᠦᠯᠦᠰᠤ ᠴᠢᠬᠠᠷᠠᠭᠰᠠᠨ ᠮᠠᠩᠨᠠᠢ ᠲᠡᠶ ᠭᠡᠷ ᠲᠡᠭᠡᠨ ᠣᠷᠤᠵᠤ ᠢᠷᠠᠨ᠂ ᠣᠭᠢᠯᠠᠩᠳᠠᠭᠰᠠᠨ ᠨᠢᠳᠤ᠂ ᠣᠯᠠᠨ ᠤ ᠡᠮᠦᠨ᠎ᠡ ᠭᠦᠭᠡᠭᠡᠭ᠍ᠳᠡᠨ ᠭᠠᠷᠴᠤ ᠢᠷᠡᠭ᠍ᠰᠡᠨ ᠴᠢᠨᠤ ᠳᠠᠷᠠ ᠳᠦᠷᠢ ᠶᠢ ᠴᠢᠨᠢ ᠮᠥᠮᠥ ᠴᠢᠨᠢ ᠪᠢ ᠦᠵᠡᠨ ᠶᠠᠭᠠᠭᠢᠵᠤ ᠳᠠᠰᠤᠨ᠎ᠠ︕᠂ ᠡᠯᠢᠭᠡ ᠵᠢᠷᠦᠭᠡ ᠮᠢᠨᠢ ᠨᠢᠭᠡ ᠯᠠ ᠠᠳᠬᠤ ᠪᠣᠯᠵᠤ᠂ ᠴᠢᠮᠡᠭᠡ ᠦᠭᠡᠶ ᠣᠭᠢᠯᠠᠭᠰᠠᠨ ᠶᠤᠮ᠃ ᠭᠦᠤ ᠮᠢᠨᠢ ᠭᠦᠭᠡᠷᠦᠭᠦᠢ ᠭᠡᠵᠤ ᠪᠣᠳᠤᠬᠤ ᠲᠡᠶ ᠵᠡᠷᠭᠡ᠂ ᠳ᠋ᠸᠩ ᠶᠢᠡᠨ ᠣᠠᠳᠠᠷᠭᠠᠭᠰᠠᠨ ᠴᠤ ᠨᠣᠢ᠌ᠷ ᠦᠯᠦ ᠭᠦᠷᠴᠤ᠂ ᠴᠤᠭᠯᠠᠭᠤᠯᠤᠭᠰᠠᠨ ᠥᠡᠳᠡᠭᠡ ᠪᠠᠨ ᠬᠤᠳᠠᠯᠳᠤᠵᠤ ᠪᠠᠢ᠌ᠮᠠᠨ ᠰᠥᠢᠦᠡᠭᠡᠯ ᠨᠥᠭᠦᠪᠦᠷᠢᠯᠡᠭ᠍ᠰᠡᠨ ᠮᠠᠨ ᠤ ᠮᠠᠢ᠌ᠵᠢᠭᠢ ᠠᠮᠢᠳᠤᠷᠠᠯ ᠳᠤ ᠭᠦᠤ ᠪᠠᠨ ᠪᠢ ᠦᠨᠡᠨ ᠵᠤᠪᠠᠭᠠᠭᠰᠠᠨ ᠰᠢᠤ᠃ ᠭᠦᠤ ᠮᠢᠨᠢ ᠴᠤ ᠦᠨᠡᠨ ᠵᠤᠪᠠᠭᠰᠠᠨ ᠰᠢᠤ︕ ᠠᠢ︕ ᠶᠠᠳᠠᠭᠤ ᠠᠮᠢᠳᠤᠷᠠᠯ ᠤᠨ ᠬᠠᠳᠠᠭᠤ ᠬᠠᠯᠠᠨ ᠳᠤ ᠶᠠᠭᠠᠭᠢᠬᠤ ᠶᠢᠨ ᠠᠷᠭ᠎ᠠ ᠦᠭᠡᠶ ᠵᠤᠪᠠᠵᠤ᠂ ᠠᠮᠠᠷᠠᠯᠳᠠ ᠶᠢᠨ ᠬᠤᠭᠤᠴᠠᠭᠠᠨ ᠳᠤ ᠴᠢᠨᠢ ᠠᠢ᠌ᠯ ᠤᠨ ᠬᠡᠦᠬᠡᠳ ᠲᠡᠶ ᠠᠳᠠᠯᠢᠬᠠᠨ ᠨᠠᠭᠠᠳᠤᠭᠤᠯᠵᠤ ᠳᠤᠭᠯᠠᠭᠤᠯᠵᠤ ᠡᠰᠡ ᠴᠢᠳᠠᠨ᠂ ᠠᠷᠭᠠᠯ ᠳᠡᠭᠦᠨ᠂ ᠲᠦᠯᠡᠭᠡ ᠮᠡᠯᠳᠡᠨ᠂ ᠭᠡᠪᠳᠡᠰᠢ ᠡᠷᠭᠢᠭᠦᠯᠵᠤ᠂ ᠮᠠᠯ ᠠᠳᠤᠭᠤᠯᠠᠭᠤᠯᠤᠨ᠂ ᠠᠪᠣᠶ᠎ᠠ ᠭᠡᠰᠡᠨ ᠨᠤᠮ ᠢ ᠴᠢᠨᠢ ᠠᠪᠴᠤ ᠥᠭ᠍ᠴᠤ ᠡᠰᠡ ᠴᠢᠳᠠᠨ᠂ ᠰᠤᠷᠤᠶ᠎ᠠ ᠭᠡᠰᠡᠨ ᠰᠠᠨᠠᠭ᠎ᠠ ᠶᠢ ᠴᠢᠨᠢ ᠰᠠᠨᠠᠭᠠᠨ ᠳᠤ ᠴᠢᠨᠢ ᠡᠰᠡ ᠭᠦᠷᠭᠡᠵᠤ ᠴᠢᠳᠠᠨ᠂ ᠬᠠᠷᠢᠨ ᠭᠦᠳᠡᠯᠮᠦᠷᠢ ᠭᠦᠴᠤᠨ ᠤ ᠨᠢᠭᠡᠨ ᠳᠤ ᠪᠠᠭᠳᠠᠭᠠᠨ᠂ ᠶᠡᠭᠡ ᠪᠠᠭ᠎ᠠ ᠦᠭᠡᠶ ᠠᠵᠢᠯ ᠳᠤ ᠴᠦᠮ ᠣᠷᠤᠯᠴᠠᠨ᠂ ᠶᠠᠳᠠᠷᠠᠭ᠎ᠠ ᠪᠠ ᠵᠥᠳᠡᠷᠡᠭᠡ ᠭᠡᠵᠤ ᠡᠰᠡ ᠬᠠᠮᠢᠶᠠᠷᠤᠨ᠂ ᠭᠦᠤ ᠮᠢᠨᠢ ᠭᠦᠮᠤᠨ ᠤ ᠵᠡᠷᠭᠡ ᠳᠤ ᠭᠦᠷᠦᠭ᠍ᠰᠡᠨ ᠶᠤᠮ᠃ ᠡᠵᠢ ᠨᠢ ᠪᠢ ᠣᠳᠤ ᠭᠦᠤ ᠴᠢᠮ᠎ᠠ ᠡᠴᠡ ᠪᠠᠨ ᠶ‍ᠭᠤᠨ ᠭᠦᠰᠡᠨ᠎ᠡ︕

ᠭᠦᠳᠡᠭᠡ ᠳᠤᠪᠣ ᠳᠤ ᠶᠠᠪᠣᠵᠤ᠂ ᠬᠠᠮᠳᠤᠷᠵᠢᠯ ᠬᠤᠷᠰᠢᠶᠠᠵᠢᠯ ᠤᠨ ᠬᠠᠯᠠᠭᠤᠨ ᠰᠠᠯᠭᠢᠨ ᠳᠤ ᠳᠠᠭᠤᠭᠳᠠᠨ᠂ ᠨᠢᠳᠤ ᠠᠯᠳᠠᠮ᠎ᠠ ᠳᠠᠯ᠎ᠠ ᠪᠠᠨ ᠨᠦᠮᠦᠷᠢ ᠭᠡᠮᠡᠷᠭᠡᠨ ᠪᠣᠳᠠ ᠶᠢᠨ ᠣᠭ ᠲᠤ ᠪᠣᠷᠭᠠᠰᠤ ᠠᠷᠢᠯᠭᠠᠨ ᠰᠠᠭᠰᠤ ᠭᠦᠷᠦᠵᠤ ᠪᠠᠢ᠌ᠭᠰᠠᠨ ᠳᠠᠷᠠ ᠦᠶ᠎ᠡ ᠳᠤ᠂ ᠭᠦᠤ ᠲᠡᠶ ᠪᠣᠯᠵᠠᠢ ᠭᠡᠰᠡᠨ ᠴᠢᠮᠡᠭᠡ ᠶᠢ ᠦᠷᠦᠭᠡᠯ ᠭᠦᠮᠤᠨ ᠪᠢᠰᠢ᠂ ᠦᠪᠠᠰᠤᠪᠠᠨ᠂ ᠵᠢᠷᠦᠭᠡᠨ ᠴᠤᠭᠢᠯᠭ᠎ᠠ ᠪᠠᠷ ᠶᠢᠡᠨ ᠮᠡᠳᠡᠭ᠍ᠰᠡᠨ ᠶᠤᠮ᠃ ᠭᠦᠤ ᠴᠢᠨᠤᠭᠢ ᠪᠠᠨ ᠣᠯᠠᠭᠠᠨ ᠴᠢᠷᠠᠢ ᠶᠢ ᠬᠠᠷᠠᠨ᠂ ᠠᠪᠣ ᠴᠢᠨᠢ ᠪᠢ ᠭᠦᠯ ᠭᠠᠵᠠᠷ ᠭᠦᠷᠭᠦ ᠦᠭᠡᠶ ᠪᠠᠶᠠᠷᠯᠠᠵᠤ᠂ ᠡᠨᠡ ᠳᠡᠯᠡᠭᠡᠢ ᠳᠤ ᠦᠨᠳᠦᠰᠦ ᠲᠡᠶ ᠪᠣᠯᠤᠯ᠎ᠠ ᠭᠡᠰᠡᠨ ᠰᠢᠭ᠌ ᠡᠰᠡᠯᠡ ᠭᠡᠷ ᠢ ᠳᠤᠭᠤᠷᠢᠵᠤ ᠭᠦᠶ‍ᠦᠭ᠍ᠰᠡᠨ ᠦᠭᠡᠶ᠃ ᠭᠦᠤ ᠲᠡᠶ ᠭᠦᠮᠤᠨ ᠭᠡᠵᠤ ᠭᠡᠭᠦᠳᠡᠩ ᠴᠡᠭᠡᠵᠢᠨ ᠳᠡᠭᠡᠨ ᠪᠣᠳᠤᠨ ᠶᠠᠪᠣᠭᠰᠠᠨ ᠡᠴᠡ ᠪᠢᠰᠢ᠂ ᠭᠦᠤ ᠴᠢᠨᠤᠭᠢ ᠪᠠᠨ ᠬᠤᠵᠢᠮ ᠢᠷᠡᠭᠡᠳᠦᠢ ᠶᠢ ᠴᠢᠨᠢ ᠶᠠᠷᠤ ᠨᠢ ᠪᠣᠳᠤᠵᠤ ᠥᠵᠡᠭ᠍ᠰᠡᠨ ᠦᠭᠡᠶ᠂ ᠬᠠᠷᠢᠨ ᠦᠪᠡᠷ ᠲᠡᠶ ᠮᠢᠨᠢ ᠠᠳᠠᠯᠢᠬᠠᠨ ᠡᠨᠡ ᠬᠠᠳᠠᠭᠤ ᠠᠮᠢᠳᠤᠷᠠᠯ ᠢ ᠳᠤᠭᠤᠯᠳᠠᠭ ᠪᠠᠢ᠌ᠬ᠎ᠠ ᠭᠡᠵᠤ ᠰᠠᠨᠠᠭᠰᠠᠨ ᠶᠤᠮ᠃ ᠭᠦᠭᠡᠷᠦᠭᠦᠢ ᠭᠦᠤ ᠮᠢᠨᠢ ᠬᠠᠯᠠ ᠦᠵᠡᠵᠠᠢ ᠰᠢᠤ︕ ᠠᠷᠭ᠎ᠠ ᠦᠭᠡᠶ᠂ ᠴᠢᠳᠠᠯ ᠦᠭᠡᠶ ᠠᠪᠣ ᠲᠡᠶ ᠪᠣᠯᠤᠭᠰᠠᠨ ᠳᠠᠭᠠᠨ ᠭᠦᠤ ᠮᠢᠨᠢ ᠠᠪᠣ ᠨᠠᠮ᠎ᠠ ᠳᠠᠭᠠᠨ ᠭᠤᠮᠤᠳᠠᠭᠠᠷᠠᠢ︕ ᠦᠷᠦᠭᠡᠯ ᠤᠨ ᠠᠪᠣ ᠲᠡᠶ ᠠᠳᠠᠯᠢᠬᠠᠨ ᠭᠦᠤ ᠴᠢᠮ᠎ᠠ ᠪᠠᠨ ᠳᠤᠷᠭ᠎ᠠ ᠡᠮᠰᠦᠭᠦᠯᠵᠤ᠂ ᠳᠤᠰᠤᠨ ᠳᠤ ᠭᠤᠯᠭᠤᠯᠠᠭᠤᠯᠤᠨ᠂ ᠳᠤᠭᠤᠭᠰᠠᠨ ᠪᠦᠭᠦᠨ ᠢ ᠴᠢᠨᠢ ᠠᠪᠴᠤ ᠦᠭ‍ᠭᠦᠨ᠂ ᠳᠤᠭᠤᠷᠳᠠᠯ᠎ᠠ ᠪᠢᠴᠢᠭ᠌ ᠨᠤᠮ ᠥᠵᠡᠭᠦᠯᠵᠤ ᠴᠢᠳᠠᠭᠰᠠᠨ ᠦᠭᠡᠶ᠂ ᠠᠪᠣ ᠴᠢᠨᠢ ᠪᠢ ᠦᠪᠡᠷ ᠤᠨ ᠪᠠᠶ᠎ᠠ ᠪᠠᠨ ᠴᠤ ᠦᠪᠠᠰᠤᠪᠠᠨ ᠳᠠᠤᠬᠠᠢ ᠵᠢᠩᠯᠡᠭᠦᠷ ᠲᠤ ᠳᠠᠯᠪᠢᠨ ᠭᠡᠮᠵᠢᠵᠤ ᠦᠵᠡᠯ᠎ᠠ᠂ ᠭᠡᠳᠦᠢ ᠵᠢᠩ ᠯᠠᠩ ᠶᠢᠡᠨ ᠦᠪᠠᠰᠤᠪᠠᠨ ᠳᠤᠭᠠᠯᠠᠵᠤ ᠦᠵᠡᠯ᠎ᠠ᠂ ᠭᠦᠭᠡᠷᠦᠭᠦᠢ ᠭᠦᠤ ᠳᠡᠭᠡᠨ ᠰᠠᠢ᠌ᠨ ᠢ ᠢᠳᠡᠭᠦᠯᠵᠤ᠂ ᠰᠠᠢ᠌ᠨ ᠢ ᠡᠮᠤᠰᠦᠭᠦᠯᠵᠤ ᠴᠢᠳᠠᠭᠰᠠᠨ ᠦᠭᠡᠶ ᠮᠦᠷᠳᠡᠭᠡᠨ ᠨᠢᠭᠡ ᠥᠵᠦᠭᠦᠷ ᠴᠤ ᠭᠠᠷᠭᠠᠵᠤ ᠴᠢᠳᠠᠭᠰᠠᠨ ᠦᠭᠡᠶ ᠳᠠᠭᠠᠨ ᠠᠪᠣ ᠴᠢᠨᠢ ᠪᠢ ᠣᠰᠤᠯ ᠲᠡᠶ ᠭᠦᠮᠤᠨ᠂ ᠭᠦᠤ ᠴᠢᠮ᠎ᠠ ᠳᠠᠭᠠᠨ᠂ ᠡᠭᠡᠨᠡᠷ ᠴᠢᠮ᠎ᠠ ᠳᠠᠭᠠᠨ ᠣᠰᠤᠯ ᠲᠡᠶ ᠭᠦᠮᠤᠨ ᠪᠠᠢ᠌ᠭ᠎ᠠ ᠰᠢᠤ︕ ᠡᠷᠳᠡᠨ ᠤ ᠥᠭᠡᠨ ᠳᠤ ᠠᠭᠳᠠ ᠶᠢᠨ ᠰᠠᠢ᠌ᠨ ᠶᠢᠡᠷ ᠭᠠᠵᠠᠷ ᠦᠵᠡᠨ᠂ ᠠᠪᠣ ᠶᠢᠨ ᠰᠠᠢ᠌ᠨ ᠶᠢᠡᠷ ᠭᠦᠮᠤᠨ ᠳᠠᠨᠢᠨ᠎ᠠ ᠭᠡᠳᠡᠭ᠌ ᠴᠤ᠂ ᠡᠷᠡᠨ ᠤ ᠬᠤᠭᠤᠯᠠ ᠪᠠᠨ ᠳᠦᠩᠭᠡᠵᠢ ᠴᠠᠳᠴᠤ ᠶᠠᠪᠣᠭ᠎ᠠ ᠠᠪᠣ ᠳᠤ ᠴᠢᠨᠢ ᠬᠠᠮᠢᠭ᠎ᠠ ᠡᠴᠡ ᠳᠠᠢ᠌ᠮᠤ ᠰᠠᠢ᠌ᠨ ᠠᠠᠳᠠ ᠨᠥᠭᠦᠷ ᠪᠠᠢ᠌ᠨ᠎ᠠ ᠳ᠋ᠠ︕ ᠪᠦᠷ ᠯᠠ ᠬᠠᠮᠠᠷ ᠤᠨ ᠥᠵᠡᠭᠦᠷ ᠶᠢᠡᠨ ᠱᠠᠭᠠᠢ᠌ᠭᠰᠠᠨ ᠳᠠᠳᠤᠢ ᠪᠠᠢ᠌ᠭ᠎ᠠ᠃ ᠪᠠᠯᠠᠨ ᠢ ᠢᠳᠠᠵᠤ ᠥᠭᠦᠭ᠍ᠰᠡᠨ ᠳᠡᠮᠡᠭᠡ ᠬᠠᠷᠢᠭᠤᠯᠳᠠᠭ ᠭᠦᠮᠦᠰ ᠭᠡᠪᠠᠯ ᠭᠡᠳᠦᠷᠭᠡᠢ ᠭᠢᠯᠢᠰ ᠶᠢᠡᠷ ᠭᠡᠯᠡᠴᠢᠭᠡᠭᠦ ᠶᠤᠮ︕ ᠥᠭᠡᠷ᠎ᠡ ᠶᠠᠭᠤ ᠭᠡᠵᠤ ᠭᠡᠯᠡᠨ᠎ᠡ ⁈ ᠪᠢᠴᠢᠭ᠌ ᠥᠵᠡᠳᠡᠭ᠌ ᠴᠠᠭᠠᠰᠤ ᠬᠠᠷᠠᠠᠳᠠ ᠶᠢ ᠴᠢᠨᠢ ᠴᠤ ᠵᠥᠭ᠍ᠳᠡᠢ ᠠᠪᠴᠤ ᠥᠭ᠍ᠴᠤ ᠳᠡᠢ᠌ᠯᠭᠦ ᠦᠭᠡᠶ ᠶᠠᠪᠣᠭᠰᠠᠨ ᠣᠯᠠᠭᠠᠨ ᠵᠤᠳ ᠲᠡᠶ ᠳᠠᠷᠠ ᠵᠢᠯ ᠤᠳ᠂ ᠪᠣᠳᠠᠭᠠᠨ ᠳᠤ ᠴᠢᠨᠢ ᠦᠯᠦ ᠴᠠᠳᠬᠠᠨ ᠥᠯᠦᠰᠭᠦᠯᠡᠩ ᠶᠠᠪᠣᠭᠤᠯᠤᠭᠰᠠᠨ ᠬᠠᠷ᠎ᠠ ᠵᠤᠳ ᠲᠡᠶ ᠳᠠᠷᠠ ᠡᠳᠦᠷ ᠤᠳ᠂ ᠠᠢ︕ ᠪᠣᠳᠤᠬᠤ ᠡᠴᠡ ᠪᠠᠨ ᠠᠶᠤᠳᠠᠰᠤ ᠭᠦᠷᠴᠤ᠂ ᠰᠠᠨᠠᠬᠤ ᠡᠴᠡ ᠪᠠᠨ ᠵᠠᠵᠢᠨ ᠦᠰᠦ ᠪᠣᠰᠤᠮᠠᠷ ᠡᠳᠦᠷ ᠬᠤᠨᠤᠭ ᠤᠳ ᠲᠤ᠂ ᠭᠦᠤ ᠮᠢᠨᠢ ᠮᠠᠨ ᠲᠡᠶ ᠠᠳᠠᠯᠢᠬᠠᠨ ᠵᠤᠪᠠᠵᠤ ᠵᠦᠳᠠᠵᠤ᠂ ᠳᠤᠭᠤᠷᠢᠭᠠᠤᠨ ᠪᠢᠰᠢ᠂ ᠳᠤᠭᠤᠯᠤᠭᠠᠤᠨ ᠢᠷᠡᠭ᠍ᠰᠡᠨ ᠶᠤᠮ ᠰᠢᠤ᠃ ᠣᠳᠤ ᠭᠦᠤ ᠮᠢᠨᠢ ᠭᠦᠮᠤᠨ ᠪᠣᠯᠵᠤ᠂ ᠮᠠᠷᠭᠠᠰᠢ ᠪᠠᠷᠢ ᠳᠠᠭᠠᠭᠤᠯᠤᠭᠠᠤᠨ ᠢᠷᠠᠨ᠎ᠠ︕ ᠭᠡᠵᠤ ᠪᠠᠢ᠌ᠨ᠎ᠠ᠂ ᠠᠪᠣ ᠴᠢᠨᠢ ᠪᠢ ᠥᠭᠡᠷ᠎ᠡ ᠪᠠᠰᠠ ᠶᠠᠭᠤ ᠭᠦᠰᠡᠨ᠎ᠡ︕

ᠭᠦᠤ ᠮᠢᠨᠢ ᠮᠠᠷᠭᠠᠰᠢ ᠪᠠᠷᠢ ᠳᠠᠭᠠᠭᠤᠯᠤᠭᠠᠤᠨ ᠢᠷᠠᠨ᠎ᠠ᠂ ᠰᠢᠨ᠎ᠠ ᠪᠠᠷᠢ ᠮᠠᠨ ᠤ ᠭᠡᠷ ᠲᠤ ᠢᠷᠠᠨ᠎ᠠ ᠰᠢᠤ᠂ ᠶᠠᠭᠤ ᠲᠡᠶ ᠶᠠᠭᠤ ᠦᠭᠡᠶ ᠴᠤ ᠬᠠᠮᠢᠶ᠎ᠠ ᠦᠭᠡᠶ᠂ ᠶᠠᠮᠠᠷ ᠮᠠᠨ ᠤ ᠠᠮᠢᠳᠤᠷᠠᠯ ᠢ ᠳᠤᠭᠤᠭᠠᠤᠨ ᠮᠠᠨ ᠳᠤ ᠪᠠᠷᠢ ᠪᠣᠯᠵᠤ ᠪᠠᠢ᠌ᠭ᠎ᠠ ᠪᠢᠰᠢ ᠳ᠋ᠠ︕ ᠭᠡᠷᠡᠮ ᠬᠠᠶᠠᠭ᠎ᠠ ᠪᠠᠨ ᠱᠥᠭᠦᠷᠳᠡᠶ᠎ᠡ᠂ ᠬᠤᠭ ᠳᠤᠭᠤᠰᠤ ᠶᠢ ᠨᠢ ᠠᠷᠢᠯᠭᠠᠶ᠎ᠠ᠂ ᠬᠠᠭᠠᠷᠬᠠᠢ ᠪᠠᠨ ᠪᠦᠭᠡᠯᠡᠶ᠎ᠡ᠂ ᠬᠠᠩᠵᠠᠷᠠᠭᠰᠠᠨ ᠶᠢᠡᠨ ᠨᠥᠭᠦᠶ᠎ᠡ︕ ᠭᠡᠵᠤ ᠡᠪᠦᠭᠡᠨ ᠭᠦᠭ᠍ᠰᠢᠨ ᠬᠤᠶᠠᠷ ᠭᠡᠯᠡᠯᠴᠡᠵᠤ ᠳᠤᠭᠳᠠᠭᠰᠠᠨ ᠶᠤᠮ ᠰᠢᠭ᠌ ᠶᠠᠭᠠᠷᠠᠯᠴᠠᠪᠠ᠃


                               2010 ᠣᠨ ᠤ 3 ᠰᠠᠷ᠎ᠠ ᠶᠢᠨ 17 ᠊ᠤ ᠡᠳᠦᠷ

                                            

ᠵᠤᠬᠢᠶᠠᠭᠴᠢ ᠶᠢᠨ ᠬᠠ‍‌ᠶᠢᠭ ᠄ ᠺᠦᠷᠡᠯ᠎ᠡ ᠬᠤᠳᠠᠨ᠎ᠠ

ᠵᠤᠬᠢᠶᠠᠭᠴᠢ᠄ ᠳ·ᠭᠦᠭᠡᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6164
ᠴᠠᠭ᠄ 2010 ᠤᠨ ᠤ 10 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ