☆ ᠽᠠᠠᠳᠠᠨ
ᠪᠠᠭᠰᠢ ᠱᠠᠪᠢ ᠶᠢᠨ ᠮᠡᠷᠭᠡᠨ ᠭᠡᠯᠡᠯᠴᠡᠭᠡ
ᠠᠮᠠᠨ ᠦᠯᠢᠭᠡᠷ
ᠡᠷᠳᠡ ᠣᠷᠢᠳᠤ ᠶᠢᠨ ᠴᠠᠭ ᠲᠤ ᠭᠡᠨ᠎ᠡ᠃ ᠨᠢᠭᠡ ᠡᠳᠦᠷ ᠪᠠᠭᠰᠢ ᠱᠠᠪᠢ ᠬᠤᠶᠠᠭᠤᠯᠠ ᠪᠠᠨ ᠨᠢᠭᠡᠨ ᠬᠤᠨᠢᠨ ᠳᠤᠯᠤᠭᠠᠢ ᠴᠢᠨᠠᠵᠤ ᠪᠣᠯᠭᠤᠴᠢᠬᠠᠭᠠᠤᠨ ᠳᠤᠭᠤᠭᠠᠨ ᠡᠴᠡ ᠪᠠᠨ ᠭᠠᠷᠭᠠᠶ᠎ᠠ ᠭᠡᠵᠤ ᠪᠠᠢ᠌ᠳᠠᠯ᠎ᠠ᠂ ᠬᠠᠷᠢᠨ ᠵᠠᠮ ᠤᠨ ᠳᠦᠷᠪᠠᠨ ᠭᠦᠮᠤᠨ ᠣᠷᠤᠵᠤ ᠢᠷᠡᠴᠢᠭᠡᠭᠡᠳ᠂ ᠮᠢᠬᠠᠨ ᠤ ᠦᠨᠦᠷ ᠠᠪᠴᠤ 《ᠬᠤᠨᠤᠭᠠᠤᠨ ᠭᠠᠷᠤᠶ᠎ᠠ》 ᠭᠡᠵᠤ ᠭᠡᠯᠡᠴᠢᠭᠡᠭᠡᠳ ᠠᠵᠢᠭ ᠴᠤ ᠦᠭᠡᠶ ᠵᠠᠪᠢᠯᠠᠨ ᠰᠠᠭᠤᠭᠠᠤᠨ ᠮᠢᠬ᠎ᠠ ᠭᠠᠷᠭᠠᠬᠤ ᠶᠢ ᠭᠦᠯᠢᠶᠡᠯ᠎ᠡ᠃
ᠭᠡᠷᠪᠡ ᠭᠠᠯ ᠢ ᠨᠢ ᠵᠤᠭᠰᠤᠭᠠᠴᠢᠬᠠᠪᠠᠯ ᠳᠤᠯᠤᠭᠠᠢ ᠶᠢᠨ ᠮᠢᠬ᠎ᠠ ᠭᠦᠷᠦᠭᠦ ᠪᠣᠯᠤᠨ᠎ᠠ᠃ ᠭᠠᠯ ᠢ ᠨᠢ ᠨᠡᠮᠡᠭᠡᠭᠡᠳ ᠯᠠ ᠪᠠᠢ᠌ᠪᠠᠯ ᠳᠤᠯᠤᠭᠠᠢ ᠶᠢᠨ ᠮᠢᠬ᠎ᠠ ᠨᠤᠯᠳᠤᠷᠠᠬᠤ ᠠᠶᠤᠯ ᠲᠡᠶ ᠳᠤᠯᠠ ᠪᠠᠭᠰᠢ ᠨᠢ ᠵᠤᠷᠢᠭᠤᠳᠠ ᠨᠢᠭᠡ ᠬᠠᠨᠢᠶᠠᠯᠭᠠᠵᠤ ᠠᠪᠣᠭᠠᠤᠨ ᠱᠠᠪᠢ ᠳᠠᠭᠠᠨ ᠄ 《ᠵᠠ᠂ ᠪᠢ ᠭᠡᠯᠡᠶ᠎ᠡ ︕᠂ ᠴᠢ ᠰᠤᠨᠤᠰ ︕ ᠢᠷᠡᠭ᠍ᠰᠡᠨ ᠭᠡᠢ᠌ᠴᠢᠨ ᠢ ᠶᠠᠪᠣᠭᠤᠯ ︕》 ᠭᠡᠰᠡᠨ ᠳᠤ ᠱᠠᠪᠢ ᠨᠢ ᠨᠢᠳᠤ ᠪᠠᠨ ᠪᠦᠯᠳᠡᠢ᠌ᠯᠭᠡᠨ ᠪᠠᠭᠰᠢ ᠪᠠᠨ ᠨᠢᠭᠡ ᠬᠠᠷᠠᠵᠤ ᠠᠪᠣᠭᠠᠤᠨ ᠳᠠᠭᠢᠨ ᠭᠡᠢ᠌ᠴᠢᠨ ᠵᠥᠭ᠌ ᠰᠠᠢ᠌ᠬᠠᠨ ᠨᠢᠭᠡ ᠢᠨᠢᠶᠡᠴᠢᠭᠡᠭᠡᠳ᠄ 《ᠳᠠ ᠨᠡᠷ ᠪᠣᠤ ᠶᠠᠪᠣ ᠡ᠂ ᠣᠳᠤ ᠪᠢ ᠮᠢᠬ᠎ᠠ ᠭᠠᠷᠭᠠᠶ᠎ᠠ ︕ ᠢᠳᠡᠴᠢᠭᠡᠭᠡᠳ ᠴᠠᠳᠬᠤᠯᠠᠩ ᠶᠠᠪᠣᠪᠠᠯ ᠰᠠᠢ᠌ᠨ ᠪᠢᠰᠢ ᠦᠦ》 ᠭᠡᠳ ᠠᠯᠳᠠᠨ ᠭᠦᠪᠠᠭᠡ ᠲᠡᠶ ᠫᠢᠯᠠ ᠳᠠᠭᠠᠨ ᠬᠤᠨᠢᠨ ᠳᠤᠯᠤᠭᠠᠢ ᠪᠠᠨ ᠱᠥᠭᠦᠨ ᠭᠠᠷᠭᠠᠵᠤ᠂ ᠭᠡᠯᠡ ᠲᠡᠶ ᠡᠷᠡᠤ ᠶᠢ ᠨᠢ ᠣᠭᠳᠤᠯᠵᠤ ᠠᠪᠣᠭᠠᠤᠨ ᠪᠠᠭᠰᠢ ᠳᠠᠭᠠᠨ ᠥᠭ᠍ᠴᠤ᠂ ᠬᠤᠶᠠᠷ ᠴᠢᠭᠢ ᠶᠢ ᠨᠢ ᠣᠭᠳᠤᠯᠤᠨ ᠦᠪᠡᠷ ᠤᠨ ᠠᠶᠠᠭᠠᠨ ᠳᠠᠭᠠᠨ ᠭᠢᠵᠤ᠂ ᠳᠠᠭᠢᠵᠤ ᠳᠤᠭᠤᠭᠠᠨ ᠡᠴᠡ ᠳᠦᠷᠪᠠᠨ ᠰᠢᠭᠢᠷ᠎ᠠ ᠭᠠᠷᠭᠠᠨ ᠠᠪᠴᠤ ᠢᠷᠡᠭ᠍ᠰᠡᠨ ᠳᠦᠷᠪᠠᠨ ᠭᠡᠢ᠌ᠴᠢᠨ ᠳᠤ ᠬᠤᠪᠢᠶᠠᠨ ᠦᠭᠭᠦᠭᠡᠳ᠂ ᠥᠯᠡᠳᠡᠭ᠍ᠰᠡᠨ ᠳᠤᠯᠤᠭᠠᠢ ᠶᠢ ᠡᠷᠭᠵᠤᠯ ᠳᠡᠭᠡᠨ ᠬᠤᠷᠢᠶᠠᠴᠢᠬᠠᠪᠠ ᠃
ᠢᠩᠭᠢᠵᠤ ᠢᠷᠡᠭ᠍ᠰᠡᠨ ᠭᠡᠢ᠌ᠴᠢᠨ ᠢ ᠳᠠᠢ᠌ᠯᠠᠨ ᠶᠠᠪᠣᠭᠤᠯᠵᠤ᠂ ᠪᠠᠭᠰᠢ ᠶᠢᠨ ᠶᠢᠡᠨ 《ᠪᠢ ᠭᠡᠯᠡᠶ᠎ᠡ᠂ ᠴᠢ ᠰᠤᠨᠤᠰ᠂ ᠢᠷᠡᠭ᠍ᠰᠡᠨ ᠭᠡᠢ᠌ᠴᠢᠨ ᠢ ᠶᠠᠪᠣᠭᠤᠯ》 ᠭᠡᠰᠡᠨ ᠨᠢᠭᠤᠴᠠ ᠥᠭᠡ ᠶᠢ ᠣᠠᠴᠠᠭᠠᠢ ᠰᠠᠢ᠌ᠬᠠᠨ ᠪᠠᠶᠡᠯᠡᠭᠦᠯᠦᠭ᠍ᠰᠡᠨ ᠭᠡᠨ᠎ᠡ᠃
ᠮᠠᠨ ᠤ ᠮᠤᠩᠭ᠋ᠤᠯ ᠥᠭᠡᠨ ᠤ ᠪᠠᠶᠯᠢᠭ᠂ ᠮᠤᠩᠭ᠋ᠤᠯ ᠭᠦᠮᠤᠨ ᠤ ᠰᠠᠴᠠᠨ ᠰᠡᠷᠭᠦᠯᠡᠩ ᠶᠢ ᠱᠠᠭᠰᠢᠨ ᠪᠢᠰᠢᠷᠠᠮᠠᠷ ︕
ᠵᠤᠬᠢᠶᠠᠭᠴᠢ᠄ ᠽᠠᠠᠳᠠᠨ
ᠢᠷᠡᠯᠲᠡ᠄ ᠽᠠᠠᠳᠠᠨ
ᠬᠠᠷᠢᠶ᠎ᠠ᠄
ᠥᠭᠥᠯᠡᠯᠭᠡᠳᠠᠷᠤᠮ᠄ 9271
ᠴᠠᠭ᠄ 2011 ᠤᠨ ᠤ 06 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ