ᠨᠡᠪᠲᠡᠷᠡᠨ ᠤᠷᠤᠬᠤ
ᠤᠶᠠᠬᠠᠨ ᠠᠪᠠᠬᠠᠢ

ᠪᠠᠶ᠎ᠠ ᠨᠢ ᠣᠷᠠᠨ ᠡᠷᠭᠢᠮ ᠠᠪᠠᠬᠠᠢ

ᠪᠠᠯᠭᠡᠭᠦᠰᠤ ᠮᠤᠰᠭᠢᠨ ᠣᠷᠠᠨ ᠢᠨᠢᠶᠠᠨ᠎ᠠ

ᠣᠷᠤᠭᠤᠯ ᠨᠢ ᠠᠩᠬ᠎ᠠ ᠢᠷᠡᠭᠦ ᠪᠠᠷ

ᠭᠠᠰᠢᠭᠤᠨ ᠵᠢᠮᠢ᠌ᠵᠤ

ᠣᠳᠠᠭᠠᠤᠨ ᠢᠷᠠᠪᠠᠯ ᠳᠦᠷᠡᠯᠵᠡᠵᠤ

ᠢᠨᠠᠭ ᠱᠦᠪᠣᠢ᠌ᠵᠤ

ᠣᠬᠠᠭ᠎ᠠ ᠪᠠᠯᠠᠷᠠᠳᠠᠯ᠎ᠠ ᠥᠨᠦᠰᠴᠢᠭᠡᠭᠡᠳ

ᠴᠢᠮ᠎ᠠ ᠶᠢ ᠵᠠᠯᠭᠢᠬᠤ ᠶᠤᠮ

ᠣᠷᠤᠨ ᠳ᠋ᠤᠨᠢ ᠥᠭᠡᠷ᠎ᠡ ᠭᠦᠮᠤᠨ ᠢ

ᠵᠤᠪᠠᠬᠤ ᠦᠭᠡᠶ ᠳᠦᠷᠦᠴᠢᠭᠡᠭᠦ ᠶᠤᠮ

ᠳᠠᠭᠤᠴᠢᠨ ᠪᠣᠯᠤᠭᠠᠤᠨ ᠳᠠᠷᠠ ᠨᠢ

ᠰᠢᠷᠡᠭᠡ ᠭᠦᠭ᠍ᠵᠢᠭᠡᠭᠦ ᠶᠤᠮ

ᠲᠦᠷᠦᠴᠢᠨ ᠪᠣᠯᠤᠭᠠᠤᠨ ᠪᠠᠰᠠ

ᠵᠠᠰᠠᠭ ᠶᠠᠪᠣᠭᠤᠯᠬᠤ ᠶᠤᠮ

ᠳᠠᠢ᠌ᠨ ᠪᠣᠯᠤᠭᠠᠤᠨ ᠭᠡᠨᠡᠳᠲᠡ

ᠴᠢᠰᠤ ᠣᠷᠤᠰᠬᠠᠬᠤ ᠶᠤᠮ

ᠳᠡᠯᠡᠭᠡᠢ ᠪᠣᠯᠤᠭᠠᠤᠨ ᠬᠠᠶᠠ

ᠶᠠᠭᠤ ᠲᠡᠶ ᠴᠤ ᠪᠣᠯᠴᠢᠬᠠᠬᠤ ᠶᠤᠮ

ᠰᠠᠨᠠᠭᠠᠨ ᠳ᠋ᠤᠨᠢ ᠰᠠᠭᠤᠭᠳᠠᠬᠤ ᠦᠭᠡᠶ ᠪᠦᠭᠦᠨ ᠢ

ᠪᠣᠷᠤᠭᠤᠰᠢᠶᠠᠵᠤ᠂ ᠵᠢᠮᠠᠯᠠᠵᠤ

ᠰᠠᠪᠠ ᠳᠦᠭᠦᠷᠡᠩ ᠡᠷᠳᠡᠮ ᠢ

ᠴᠠᠯᠭᠢᠭᠤᠯᠵᠤ᠂ ᠣᠩᠭᠢᠯᠠᠭᠤᠯᠵᠤ

ᠴᠠᠪᠣᠭ ᠴᠠᠷ᠎ᠠ ᠳᠤᠳᠤᠷ᠎ᠠ

ᠪᠦᠭᠡᠯᠵᠡᠭᠦᠯᠵᠤ᠂ ᠥᠩᠭᠦᠷᠢᠭᠦᠯᠵᠤ

ᠴᠠᠭᠠᠰᠢ ᠪᠠᠨ ᠶᠠᠭᠤ ᠬᠠᠢ ᠦᠭᠡᠶ

ᠳᠠᠪᠭᠢᠭᠤᠯᠵᠤ᠂ ᠳᠡᠨᠦᠭᠦᠯᠵᠤ

ᠭᠦᠮᠤᠨ ᠪᠢᠰᠢ ᠭᠦᠮᠤᠨ ᠢ

ᠵᠤᠬᠢᠶᠠᠵᠤ᠂ ᠪᠣᠰᠬᠠᠵᠤ

ᠭᠦᠳᠡᠭᠡ ᠬᠤᠳᠠ ᠦᠭᠡᠶ

ᠳᠠᠯᠪᠠᠴᠢᠨ ᠰᠥᠢᠷᠡᠭᠦᠯᠦᠭᠡᠳ

ᠦᠨᠳᠦᠰᠦᠳᠠᠨ ᠤ ᠰᠦᠯᠳᠡ ᠶᠢ

ᠥᠭᠡᠭᠡᠷ ᠳᠠᠰᠢ ᠭᠡᠯᠢᠵᠤ

ᠥᠭᠦᠰᠢᠷᠡᠮᠡᠯ᠂ ᠮᠢᠡᠴᠦᠭᠦᠷᠡᠯ ᠢ

ᠨᠠᠷᠠᠨ ᠳᠤᠤᠷ᠎ᠠ ᠰᠤᠯᠳᠠᠢ᠌ᠯᠭᠠᠨ

ᠪᠣᠯᠪᠠᠰᠤᠨ ᠡᠴᠡ ᠬᠤᠴᠤᠷᠭᠠᠴᠢᠬᠠᠭᠠᠤᠨ

ᠠᠮᠠᠷᠠᠭᠯᠠᠬᠤ ᠶᠤᠮ

ᠪᠣᠷᠪᠢ ᠶᠢ ᠨᠢ ᠴᠢᠷᠦᠭᠦᠯᠴᠢᠭᠡᠭᠡᠳ

ᠮᠥᠰᠢᠪᠠᠯᠵᠡᠭᠦ ᠶᠤᠮ

ᠪᠠᠶ᠎ᠠ ᠨᠢ ᠣᠷᠠᠨ ᠡᠷᠭᠢᠮ ᠠᠪᠠᠬᠠᠢ

ᠪᠠᠯᠭᠡᠭᠦᠰᠤ ᠮᠤᠰᠭᠢᠨ ᠣᠷᠠᠨ ᠢᠨᠢᠶᠠᠨ᠎ᠠ᠂᠂


ᠠᠯᠠᠭ᠎ᠠ


ᠮᠤᠷᠢᠨ ᠳᠤᠭᠤᠷᠠᠢ ᠵᠥᠭ᠌ ᠪᠦᠷᠢ

ᠳᠠᠴᠢᠭᠢᠨᠠᠨ ᠳᠠᠴᠢᠭᠢᠨᠠᠨ ᠭᠢᠯᠠᠯᠵᠠᠵᠤ

ᠮᠤᠩᠭ᠋ᠤᠯ ᠠᠯᠠᠭ᠎ᠠ ᠶᠢᠨ ᠠᠭᠤᠤ ᠶᠢ ᠳᠡᠯᠭᠡᠨ

ᠠᠭᠤᠳᠠᠮ ᠡᠴᠡ ᠠᠭᠤᠳᠠᠮ ᠢ ᠠᠳᠬᠤᠭᠰᠠᠨ ᠶᠤᠮ

ᠴᠢᠭᠯᠡᠷᠡᠴᠢᠭᠡᠭ᠍ᠰᠡᠨ ᠪᠣᠳᠤᠯ ᠤᠨ ᠰᠤᠳᠠᠯ ᠢ

ᠬᠤᠯᠠ ᠶᠢᠨ ᠬᠤᠯᠠ ᠳᠤ ᠯᠤᠭᠰᠢᠭᠤᠯᠤᠨ

ᠴᠢᠯᠳᠡᠢ᠌ᠴᠢᠭᠡᠭ᠍ᠰᠡᠨ ᠠᠬᠤ ᠶᠢᠨ ᠳᠡᠯᠡᠭᠡᠢ ᠶᠢ

ᠬᠤᠮᠢᠭᠠᠤᠨ ᠬᠤᠮᠢᠭᠠᠤᠨ ᠬᠤᠳᠠᠯᠠᠭᠰᠠᠨ ᠯᠠ ᠶᠤᠮ ᠡ

ᠣᠳᠤ ᠪᠣᠯᠬᠤ ᠳᠤ ᠣᠳᠤᠳ ᠢᠪᠠᠯᠴᠠᠨ

ᠳᠤᠭᠤᠨᠤ ᠶᠢᠨ ᠴᠢᠯᠦᠭᠡ ᠪᠠᠷ ᠥᠩᠭᠡᠢ᠌ᠯᠴᠡᠨ

ᠣᠷᠤᠢ ᠰᠠᠷᠠᠨ ᠢ ᠴᠤ ᠰᠡᠮᠡᠭᠡᠷ ᠳᠠᠯᠠᠯᠤᠨ

ᠳᠤᠳᠤᠭᠤ ᠶᠢᠨ ᠵᠠᠢ ᠪᠠᠷ ᠥᠡᠳᠡᠢ᠌ᠯᠭᠡᠵᠤ

ᠠᠭᠤᠯᠠ ᠣᠰᠤ ᠶᠢ ᠠᠳᠤᠭᠤ ᠪᠠᠨ ᠠᠳᠠᠯᠢ

ᠬᠤᠷᠢᠶᠠᠭᠰᠠᠨ ᠠᠯᠠᠭ᠎ᠠ ᠶᠢ ᠰᠤᠨᠢᠷᠬᠠᠬᠤ ᠳ᠋ᠤᠨᠢ

ᠠᠶᠠᠰ ᠲᠡᠶ ᠰᠠᠷᠬᠤᠤᠨ ᠳᠤᠰᠤᠨ ᠳᠤᠰᠤᠨ

ᠳᠡᠪᠳᠦᠭ᠍ᠰᠡᠨ ᠰᠤᠷ ᠰᠢᠭ᠌ ᠳᠡᠯᠪᠠᠢ᠌ᠭᠦ ᠶᠤᠮ ᠡ

ᠬᠠᠳᠠᠭᠰᠠᠨ ᠭᠤᠤᠯ ᠱᠤᠤᠭᠢᠨ᠎ᠠ

ᠰᠠᠨᠠᠭᠠᠨ ᠤ ᠦᠨᠳᠦᠷ

ᠭᠠᠯᠠᠭᠤ ᠶᠢᠨ ᠳᠠᠭᠤᠨ ᠳᠤ ᠭᠤᠳᠤᠷᠠᠬᠤ ᠳᠤ

ᠰᠠᠯᠭᠢᠨ ᠤ ᠱᠤᠤᠭᠢᠶ᠎ᠠ

ᠮᠤᠳᠤᠳ ᠶᠢᠡᠷ ᠣᠭᠢᠯᠠᠵᠤ ᠳᠠᠳᠠᠨ᠎ᠠ

ᠰᠡᠮᠭᠡᠨ ᠤ ᠳᠤᠳᠤᠷᠠᠭᠢ

ᠥᠢᠮᠡᠭᠦ ᠶᠢᠨ ᠰᠥᠷᠡᠭᠡᠢ ᠳᠤ ᠰᠤᠴᠢᠬᠤ ᠳᠤ

ᠰᠡᠳᠭᠢᠯ ᠤᠨ ᠴᠤᠤᠷᠢᠶ᠎ᠠ

ᠰᠠᠨᠠᠬᠤ ᠶᠢᠨ ᠭᠦᠭᠡᠷᠦᠭᠦᠢ ᠪᠠᠷ ᠲᠦᠰᠢᠨ᠎ᠠ

ᠣᠪᠣᠭᠠᠨ ᠳᠠᠰᠢ ᠴᠢᠯᠠᠭᠤ ᠡᠭᠦᠷᠤᠨ ᠭᠠᠷᠬᠤ ᠳᠤ

ᠣᠯᠤᠮ ᠨᠢ ᠴᠠᠢ᠌ᠭᠰᠠᠨ ᠭᠤᠤᠯ ᠮᠢᠨᠢ ᠱᠤᠤᠭᠢᠬᠤ ᠬᠠᠷᠠᠭᠳᠠᠨ᠎ᠠ

ᠮᠡᠭᠦᠰ ᠭᠦᠮᠤᠨ ᠬᠠᠭᠤᠴᠢᠷᠠᠭᠰᠠᠨ ᠰᠢᠯᠦᠭ᠌ ᠳᠠᠯᠪᠢᠭᠠᠤᠨ

ᠰᠢᠨ᠎ᠠ ᠰᠠᠢ᠌ᠬᠠᠨ ᠰᠢᠯᠦᠭ᠌ ᠤᠳ ᠤᠨ ᠵᠠᠢ ᠶᠢ ᠡᠵᠡᠯᠡᠵᠤ ᠶᠠᠪᠣᠭᠰᠠᠨ ᠳᠠᠭᠠᠨ ᠭᠤᠳᠤᠷᠠᠨ᠎ᠠ᠂

ᠣᠩᠰᠢᠭᠴᠢᠳ ᠤᠨ ᠨᠢᠳᠤ ᠶᠢ ᠬᠤᠷᠤᠰᠬᠠᠵᠤ ᠪᠠᠢ᠌ᠬᠤ ᠪᠣᠯᠪᠠᠤ ᠭᠡᠵᠤ ᠵᠤᠪᠠᠨ᠎ᠠ᠂

ᠳᠠ ᠪᠦᠭᠦᠨ ᠡᠴᠡ ᠠᠭᠤᠴᠢᠯᠠᠯ ᠭᠦᠰᠡᠵᠤ ᠪᠣᠢ᠂᠂

ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2821
ᠴᠠᠭ᠄ 2009 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ