☆ ᠡ᠊·ᠳᠠᠮᠤᠷ
ᠮᠢᠨᠤ ᠬᠤᠷᠴᠢᠨ
ᠰᠠᠨᠠᠭᠠᠨ ᠤ ᠥᠵᠦᠭᠦᠷ ᠡᠴᠡ ᠰᠢᠪᠠᠷᠠᠵᠤ ᠢᠷᠡᠭᠦ
ᠰᠡᠳᠭᠢᠯ ᠤᠨ ᠳᠠᠭᠤᠨ ᠤ ᠭᠦᠭ᠌
ᠰᠠᠢ᠌ᠨ ᠤ ᠢᠷᠦᠭᠡᠯ ᠲᠡᠶ ᠳᠡᠪᠰᠢᠭᠦᠯᠵᠤ ᠡᠷᠭᠦᠭᠦ
ᠰᠠᠮᠪᠠᠢ ᠴᠠᠭᠠᠨ ᠬᠠᠳᠠᠭ
ᠣᠶᠠᠩᠭ᠋᠎ᠠ ᠨᠠᠢ᠌ᠷᠠᠭ ᠤᠨ ᠣᠠᠳᠤᠷᠠᠮᠠᠯ ᠨᠠᠷᠠᠨ ᠪᠣᠯᠠᠭ
ᠣᠭᠰᠠᠭ᠎ᠠ ᠰᠤᠶᠤᠯ ᠤᠨ ᠭᠦᠭ᠍ᠵᠢᠵᠤ ᠪᠠᠳᠠᠷᠠᠭᠰᠠᠨ ᠥᠯᠦᠭᠡᠢ
ᠣᠬᠠᠭ᠎ᠠ ᠵᠤᠷᠢᠭ ᠢ ᠰᠢᠠᠳᠠᠰᠤᠯᠠᠨ ᠭᠦᠪᠴᠢᠯᠡᠭᠦ ᠵᠤᠷᠢᠭ
ᠣᠳᠤᠮ ᠵᠠᠯᠭᠠᠵᠤ ᠮᠥᠩᠭᠡ ᠣᠷᠤᠰᠢᠬᠤ ᠨᠤᠳᠤᠭ
ᠠᠮᠢᠯᠠᠯ ᠳᠡᠭ᠍ᠵᠢᠷᠡᠯ ᠬᠤᠷᠣᠢ᠌ᠯᠠᠵᠤ ᠳᠠᠭᠤᠳᠠᠭᠰᠠᠨ ᠭᠡᠰᠢᠭ᠌
ᠠᠯᠢ ᠡᠷᠳᠡᠨ ᠡᠴᠡ ᠳᠡᠦᠭᠡᠨ ᠳᠤ ᠬᠠᠳᠠᠭᠰᠠᠨ ᠣᠳᠤᠨ
ᠠᠵᠠ ᠵᠠᠶᠠᠭ᠎ᠠ ᠳᠦᠭᠡᠭᠡᠵᠤ ᠳᠡᠭᠦᠯᠢᠭᠦ ᠭᠡᠢ᠌ᠮᠦᠷᠢ
ᠠᠭᠳᠠ ᠶᠢᠨ ᠢᠠᠴᠠᠭᠠᠯ ᠦᠨᠢᠳᠠ ᠰᠤᠨᠤᠷᠳᠠᠬᠤ ᠣᠷᠤᠨ
ᠭᠦᠮᠤᠨ ᠤ ᠴᠠᠳᠢᠭ ᠳᠠᠨᠢᠭᠤᠯᠤᠭᠰᠠᠨ ᠦᠷᠯᠦᠭ᠌ ᠡᠵᠢ ᠶᠢᠨ ᠵᠠᠭᠢᠶ᠎ᠠ
ᠭᠦᠷᠭᠦ ᠢᠷᠡᠭᠡᠳᠦᠢ ᠳᠤ ᠳᠡᠮᠡᠤᠯᠡᠭ᠍ᠰᠡᠨ ᠴᠢᠨᠠᠷ ᠮᠦᠰᠤ ᠶᠢᠨ ᠣᠬᠠᠭ᠎ᠠ
ᠭᠦᠴᠤᠨ ᠴᠢᠳᠠᠯ ᠢ ᠡᠷᠴᠢᠯᠡᠭ᠍ᠰᠡᠨ ᠡᠷ᠎ᠡ ᠪᠣᠰᠤᠭ᠎ᠠ ᠰᠤᠶᠤᠯ
ᠭᠦᠭ᠍ᠵᠢᠯ ᠤᠨ ᠵᠠᠮ ᠳᠤᠷᠠᠢ᠌ᠭᠰᠠᠨ ᠬᠣᠢ᠌ᠪᠢ ᠬᠠᠳᠠᠭᠤ ᠬᠤᠷᠴᠢᠨ
ᠠᠷᠪᠠᠨ ᠭᠤᠷᠪᠠᠳᠤᠭᠠᠷ ᠵᠠᠭᠤᠨ ᠡᠴᠡ ᠳᠠᠰᠤᠷᠠᠵᠤ ᠣᠨᠠᠭᠰᠠᠨ ᠠᠳᠤᠭᠤ
ᠬᠤᠷᠢᠨ ᠨᠢᠭᠡᠳᠦᠭᠡᠷ ᠵᠠᠭᠤᠨ ᠳᠤ ᠬᠤᠴᠤᠷᠴᠤ ᠣᠯᠤᠭᠰᠠᠨ ᠰᠢᠷᠬ᠎ᠠ
ᠠᠯᠤᠰ ᠤᠨ ᠠᠯᠤᠰ ᠢ ᠰᠠᠳᠭᠢᠵᠤ ᠰᠢᠨ᠎ᠠ ᠪᠠᠷ ᠰᠡᠯᠪᠢᠭ᠍ᠰᠡᠨ ᠬᠠᠷᠠᠭ᠎ᠠ
ᠬᠣᠢ᠌ᠨ᠎ᠠ ᠬᠣᠢ᠌ᠨ᠎ᠠ ᠡᠴᠡ ᠪᠠᠨ ᠮᠦᠷᠳᠡᠭ᠍ᠰᠡᠨ ᠭᠡᠢ᠌ᠮᠦᠷᠢ ᠳᠠᠯᠠᠯᠤᠭᠰᠠᠨ ᠨᠤᠳᠤᠭ
ᠲ᠋ᠡᠦᠭᠡ ᠰᠤᠶᠤᠯ ᠤᠨ ᠰᠢᠭ᠍ᠰᠢᠯᠳᠡ ᠳᠤ ᠳᠤᠯᠭᠠᠷᠠᠵᠤ ᠮᠡᠳᠡᠭᠦ ᠠᠶᠤᠯ ᠢ
ᠳᠤᠯᠵᠤ ᠵᠤᠭᠰᠤᠭᠠᠤᠨ ᠳᠦᠷᠢᠵᠤ ᠠᠯᠬᠤᠬᠤ ᠬᠠᠳᠠᠨ ᠪᠣᠰᠤᠭ᠎ᠠ ᠪᠠᠷ᠎ᠠ
ᠳᠡᠯᠡᠭᠡᠢ ᠶᠢᠨ ᠰᠤᠨᠤᠷ ᠬᠠᠳᠠᠵᠤ ᠳᠤᠷᠭᠢᠭᠤᠯᠬᠤ ᠳᠤᠭᠤᠨᠤ ᠭᠡᠭᠡᠭᠡᠨ ᠰᠠᠨᠠᠭ᠎ᠠ
ᠲᠦᠪ ᠭᠤᠤᠯᠴᠢ ᠪᠠᠷ ᠳᠡᠯᠡᠭᠡᠢ ᠳᠤ ᠦᠷᠢᠰᠦᠯᠳᠦᠭᠦ ᠳᠠᠢ᠌ᠪᠣᠩ ᠠᠮᠤᠭᠤᠯᠠᠩ ᠣᠷᠤᠨ
ᠡᠷᠳᠡ ᠳᠡᠦᠭᠡᠨ ᠡᠴᠡ ᠰᠢᠵᠢᠷ ᠬᠠᠭᠤᠳᠠᠰᠤ ᠪᠠᠨ ᠰᠡᠭᠦᠭᠡᠳ
ᠦᠪ ᠰᠤᠶᠤᠯ ᠶᠢᠡᠨ ᠡᠷᠭᠢᠮ ᠡᠴᠡ ᠡᠷᠭᠢᠮ ᠳᠡᠭᠡᠳᠦᠯᠡᠭ᠍ᠰᠡᠨ
ᠦᠨᠡᠨ ᠳᠡᠦᠭᠡ ᠪᠠᠷ ᠦᠪᠡᠷ ᠤᠨ ᠳᠦᠷᠢ ᠪᠠᠨ ᠱᠤᠤᠭᠤᠵᠤ
ᠦᠶ᠎ᠡ ᠶᠢᠨ ᠦᠶ᠎ᠡ ᠭᠦᠭ᠍ᠵᠢᠵᠤ ᠪᠠᠳᠠᠷᠠᠭᠰᠠᠨ ᠬᠤᠷᠴᠢᠨ
ᠡᠪᠦᠭᠡ ᠳᠡᠭᠡᠳᠦᠰ ᠡᠴᠡ ᠰᠤᠶᠤᠷᠬᠠᠭᠰᠠᠨ ᠣᠷᠭ᠎ᠠ ᠪᠣᠰᠤᠭ᠎ᠠ ᠰᠤᠶᠤᠯ ᠶᠢᠡᠨ
ᠣᠴᠢᠷᠯᠠᠨ ᠭᠦᠭ᠍ᠵᠢᠭᠦᠯᠭᠦ ᠡᠭᠦᠷᠭᠡ ᠬᠠᠷᠢᠭᠤᠴᠡᠯᠭ᠎ᠠ ᠪᠠᠨ ᠮᠠᠷᠳᠠᠭ᠎ᠠ ᠦᠭᠡᠶ
ᠠᠶᠠᠯᠠᠵᠤ ᠭᠦᠷᠭᠦ ᠮᠠᠷᠭᠠᠰᠢ ᠶᠢᠨ ᠨᠠᠷᠠ ᠲᠡᠶ ᠣᠢ᠌ᠯᠠᠰ ᠶᠢᠡᠨ
ᠣᠬᠠᠭᠠᠨ ᠤ ᠭᠦᠨ ᠳᠤ ᠪᠠᠨ ᠳᠠᠮᠠᠭᠠᠯᠠᠵᠤ ᠰᠥᠯᠡᠭ᠍ᠰᠡᠨ ᠮᠢᠨᠤ ᠬᠤᠷᠴᠢᠨ
ᠵᠤᠬᠢᠶᠠᠭᠴᠢ ᠶᠢᠨ ᠬᠠᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2806
ᠴᠠᠭ᠄ 2011 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ