☆ ᠰ·ᠮᠥᠩᠭᠡᠨᠡᠷᠡᠰᠤ
ᠬᠠᠷᠠᠴᠠ ᠮᠦᠷᠭᠦᠯᠳᠦᠭᠦ ᠰᠠᠢ᠌ᠬᠠᠨ
ᠬᠠᠷᠠᠮᠠᠭᠴᠠ ᠬᠠᠢ᠌ᠷᠠᠯᠠᠨ᠎ᠠ ᠭᠡᠳᠡᠭ᠌ ᠶᠤᠰᠤ ᠪᠠᠢ᠌ᠳᠠᠭ ᠪᠣᠯ
ᠬᠠᠢ᠌ᠷᠠᠯᠠᠪᠠᠯ ᠮᠠᠷᠳᠠᠬᠤ ᠦᠭᠡᠶ ᠭᠡᠳᠡᠭ᠌ ᠭᠢᠳᠤᠭ᠎ᠠ ᠰᠢᠭ ᠦᠨᠡᠨ
ᠬᠠᠷᠠᠴᠠ ᠬᠠᠷᠠᠴᠠ ᠲᠡᠶ ᠪᠠᠨ ᠮᠦᠷᠭᠦᠯᠳᠦᠭᠦ ᠊ᠭ᠍ᠱᠡᠨ
ᠬᠠᠢ᠌ᠷ᠎ᠠ ᠬᠠᠢ᠌ᠷ᠎ᠠ ᠪᠠᠷ ᠶᠢᠡᠨ ᠣᠴᠠᠷᠠᠬᠤ ᠰᠠᠢ᠌ᠬᠠᠨ
ᠳᠤᠷᠠᠯᠠᠬᠤ ᠰᠠᠢ᠌ᠬᠠᠨ
ᠳᠤᠷᠠᠰᠬᠤ ᠰᠠᠢ᠌ᠬᠠᠨ
ᠳᠠᠭᠤᠯᠠᠮᠠᠷ ᠣᠭᠢᠯᠠᠮᠠᠷ
ᠮᠦᠷᠦᠭᠡᠳᠭᠦ ᠨᠠᠩ ᠴᠤ ᠰᠠᠢ᠌ᠬᠠᠨ
ᠳᠤᠷᠠᠯᠠᠯ ᠤᠨ ᠦᠯᠢᠭᠡᠷ ᠣᠩᠰᠢᠴᠢᠬᠠᠭᠠᠤᠨ ᠨᠢᠭᠤᠴᠠᠬᠠᠨ ᠵᠤᠮᠠᠯᠵᠠᠳᠠᠭ ᠰᠢᠭ ᠶᠢᠡᠨ
ᠳᠤᠷᠮᠤᠭᠤᠷ ᠨᠢᠳᠤ ᠴᠢᠨᠢ ᠶᠠᠭᠤ ᠨᠢᠭᠡ ᠶᠢ ᠶᠠᠷᠢᠬᠤ ᠨᠢ ᠰᠠᠢ᠌ᠬᠠᠨ
ᠳᠠᠭᠤᠳᠠᠭᠤᠷ ᠶᠢᠡᠷ ᠪᠣᠯᠵᠤᠴᠢᠬᠠᠭᠠᠤᠨ ᠰᠡᠮᠭᠡᠨ ᠳᠤᠯᠢᠳᠠᠳᠠᠭ ᠤᠨ ᠶᠢᠡᠨ ᠠᠳᠠᠯᠢ
ᠳᠠᠭᠤ ᠦᠭᠡᠶ ᠳᠤᠮᠪᠣᠢ᠌ᠵᠤ ᠪᠢ ᠢᠴᠢᠭ᠍ᠰᠡᠨ ᠶᠢᠡᠨ ᠨᠢᠭᠤᠬᠤ ᠨᠢ ᠰᠠᠢ᠌ᠬᠠᠨ
ᠡᠭᠡᠯᠢᠳᠡᠢ᠌ᠭᠡᠨ ᠬᠠᠷᠠᠴᠠ ᠪᠠᠷ ᠶᠢᠡᠨ
ᠡᠩᠭᠡᠰᠭᠡᠳᠤ ᠬᠠᠴᠠᠷ ᠢ ᠮᠢᠨᠢ ᠢᠯᠪᠢᠭᠦ ᠴᠢᠨᠢ ᠰᠠᠢ᠌ᠬᠠᠨ
ᠡᠷᠭᠡ ᠬᠤᠩᠭ᠋ᠤᠷ ᠰᠡᠳᠭᠢᠯ ᠳᠤᠭᠳᠤᠯᠤᠭᠤᠯᠵᠤ ᠪᠢ
ᠡᠷᠭᠢᠭᠡᠳ ᠠᠭᠤᠯᠵᠠᠬᠤ ᠶᠢᠨ ᠮᠦᠷᠦᠭᠡᠳᠦᠯ ᠮᠠᠨᠠᠬᠤ ᠰᠠᠢ᠌ᠬᠠᠨ ᠡ
ᠴᠡᠴᠡᠭ᠌ ᠬᠠᠷᠠᠴᠢᠬᠠᠭᠠᠤᠨ ᠳᠠᠰᠤᠯᠵᠤ ᠳᠦᠪᠳᠡᠭᠦ ᠦᠭᠡᠶ ᠵᠤᠭ ᠭᠢᠭᠦ ᠰᠢᠭ᠌
ᠴᠢᠨᠤ ᠵᠢᠷᠦᠭᠡ ᠪᠣᠯᠭᠢᠵᠤ ᠪᠠᠢ᠌ᠨ᠎ᠠ ᠦᠦ︖
ᠶᠠᠷᠢᠭᠠᠴᠢ︕ ᠴᠢ ᠮᠢᠨᠢ
ᠴᠢᠮᠡᠭᠡ ᠦᠭᠡᠶ ᠢᠷᠡᠭᠦ ᠳᠤᠷᠠᠯᠠᠯ ᠳᠤ ᠪᠠᠨ ᠰᠢᠳᠠᠵᠤ ᠪᠠᠢ᠌ᠭ᠎ᠠ ᠪᠠᠨ ᠶᠠᠷᠢᠭᠠᠴᠢ
ᠴᠢᠭᠡ ᠥᠭᠡᠳᠡ ᠡᠴᠡ ᠮᠢᠨᠢ ᠵᠤᠷᠢᠭᠯᠠᠨ ᠰᠢᠷᠳᠡᠭᠡᠴᠢ
ᠴᠡᠭᠡᠵᠢ ᠣᠪᠣᠯᠵᠠᠭᠤᠯᠤᠨ ᠰᠢᠯᠦᠭ᠌ ᠤᠨ ᠪᠠᠳᠠᠭ ᠡᠷᠢᠶᠡᠴᠢ
ᠪᠠᠳᠠᠭ ᠪᠦᠭᠦᠨ ᠤ ᠴᠢᠨᠢ ᠣᠩᠭ᠋ᠤᠳ ᠨᠢ ᠪᠢ ᠪᠠᠢ᠌ᠭ᠎ᠠ
ᠪᠠᠶᠠᠰᠤᠯ ᠪᠦᠭᠦᠨ ᠤ ᠴᠢᠨᠢ ᠶᠸᠯᠸᠢ ᠨᠢ ᠪᠢ ᠪᠠᠢ᠌ᠭ᠎ᠠ︕
ᠴᠤᠮᠤ ᠲᠡᠶ ᠣᠰᠤ ᠪᠠᠨ ᠴᠢᠨᠤ ᠳᠡᠭᠡᠷ᠎ᠡ ᠠᠰᠭᠠᠭᠰᠠᠨ ᠴᠤ ᠪᠢᠰᠢ ᠳ᠋ᠡ
ᠴᠤᠭᠤ ᠰᠢᠷᠳᠡᠭᠦᠯᠡᠷ ᠴᠢᠨᠢ ᠪᠢ ᠶᠠᠭᠤᠨ ᠳᠤ ᠳᠠᠯᠳᠠᠷᠢᠪᠠ ᠡ︖
ᠴᠤᠬᠤᠮ ᠰᠠᠨᠠᠭ᠎ᠠ ᠶᠢ ᠮᠢᠨᠢ ᠮᠡᠳᠡᠭᠦ ᠡᠴᠡ ᠠᠶᠤᠭᠰᠠᠨ ᠪᠢᠰᠢ ᠰᠢᠤ
ᠴᠤᠷᠭᠢᠭᠰᠠᠨ ᠨᠢᠳᠤᠨ ᠤ ᠴᠢᠨᠢ ᠬᠠᠷᠠᠴᠠᠨ ᠳᠤ ᠯᠠ ᠬᠠᠢ᠌ᠯᠬᠤ ᠡᠴᠡ ᠠᠶᠤᠭᠰᠠᠨ ᠶᠤᠮ
ᠬᠠᠢ᠌ᠯᠤᠭᠰᠠᠨ ᠳᠠᠷᠠ ᠵᠢᠷᠦᠭᠡ ᠨᠢ ᠪᠢ ᠪᠠᠢ᠌ᠭ᠎ᠠ
ᠬᠠᠢ᠌ᠯᠤᠭᠤᠯᠤᠭᠰᠠᠨ ᠳᠠᠷᠠ ᠬᠠᠢ᠌ᠷ᠎ᠠ ᠨᠢ ᠴᠢ ᠮᠢᠨᠢ ᠪᠠᠢ᠌ᠭ᠎ᠠ︕
ᠵᠤᠬᠢᠶᠠᠭᠴᠢ ᠶᠢᠨ ᠬᠠᠶᠢᠭ᠄ ᠪᠠᠭᠠᠷᠢᠨ ᠪᠠᠷᠠᠭᠤᠨ ᠬᠤᠰᠢᠭᠤᠨ ᠤ ᠴᠠᠭᠠᠠᠮᠦ᠋ᠷᠠᠨ ᠪᠠᠯᠭᠠᠰᠤ ᠶᠢᠨ ᠰᠢᠪᠠᠷᠳᠠᠢ ᠭᠤᠤᠯ ᠪᠠᠭ᠎ᠠ ᠰᠦᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 06 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ