ᠨᠡᠪᠲᠡᠷᠡᠨ ᠤᠷᠤᠬᠤ
ᠨᠤᠬᠠᠢ ᠪᠠᠷ ᠥᠨᠦᠴᠢᠷᠡᠭ᠍ᠰᠡᠨ ᠰᠡᠳᠭᠢᠯ ᠤᠨ ᠬᠤᠷᠸ᠎ᠠ

    ᠬᠤᠶᠠᠷ ᠡᠳᠦᠷ ᠤᠨ ᠡᠮᠤᠨ᠎ᠡ ᠨᠤᠳᠤᠭ ᠡᠴᠡ ᠳᠡᠭᠦᠤ ᠮᠢᠨᠢ ᠨᠠᠳᠠ ᠳᠤ ᠣᠳᠠᠰᠤ ᠢᠷᠡᠭᠦᠯᠵᠤ᠂ ᠮᠢᠨᠤ ᠬᠠᠢ᠌ᠷᠠᠳᠠᠢ ᠰᠢᠷᠠᠯᠳᠠᠢ ᠡᠭᠦᠷ ᠲᠤ ᠪᠠᠨ ᠭᠢᠠᠵᠢ ᠪᠠᠨ ᠵᠠᠭᠤᠭᠰᠠᠨ ᠭᠡᠪ ᠶᠢᠡᠷ ᠶᠢᠡᠨ ᠥᠭᠦᠭ᠍ᠰᠡᠨ ᠢ ᠮᠡᠳᠡᠭ᠍ᠳᠡᠪᠡ᠃ ᠰᠠᠶ‍ᠢ ᠶᠢᠨ ᠴᠢᠮᠡᠭᠡ ᠶᠢ ᠰᠤᠨᠤᠰᠤᠭᠰᠠᠨ ᠳᠤᠤᠷ᠎ᠠ ᠪᠠᠨ ᠴᠢᠭᠢ ᠪᠠᠨ ᠢᠳᠡᠭᠡᠵᠤ ᠶᠠᠳᠠᠨ ᠪᠠᠢ᠌ᠭᠰᠠᠨ ᠶᠢᠡᠨ ᠪᠦᠷ ᠰᠡᠭᠦᠯ ᠳᠤ ᠨᠢ ᠰᠡᠳᠭᠢᠯ ᠳᠤᠳᠤᠷ᠎ᠠ ᠮᠢᠨᠢ ᠰᠤᠨᠢᠨ ᠰᠢᠤᠬᠠᠨ ᠪᠣᠯᠵᠤ᠂ ᠶᠠᠭᠤ ᠨᠢᠭᠡ ᠪᠠᠨ ᠭᠡᠭᠡᠭ᠍ᠰᠡᠨ ᠰᠢᠭ᠌ ᠯᠠ ᠪᠣᠯᠵᠤ ᠭᠡᠮᠦᠷ ᠭᠤᠮᠤᠷ ᠶᠠᠪᠣᠬᠤ ᠪᠣᠯᠵᠠᠢ᠃ ᠪᠢ ᠰᠢᠷᠠᠯᠳᠠᠢ ᠳᠤ ᠪᠠᠨ ᠳᠤᠩ ᠬᠠᠢ᠌ᠷᠠᠳᠠᠢ ᠪᠠᠢ᠌ᠭᠰᠠᠨ᠃

     ᠊᠊᠊᠊᠊᠊᠊᠊᠊᠊᠊᠊᠊᠊᠊ ᠳᠡᠭᠦᠤ ᠮᠢᠨᠢ᠂ ᠨᠠᠮᠢ᠋ᠢ ᠦᠭᠡᠶ ᠬᠤᠭᠤᠷᠤᠠᠳᠤ ᠳᠠᠨᠤᠰ ᠰᠢᠷᠠᠯᠳᠠᠢ ᠳᠤ ᠮᠢᠨᠢ ᠬᠤᠭᠤᠯᠠ ᠦᠭ‍ᠭᠦ ᠪᠠᠨ ᠮᠠᠷᠳᠠᠭᠠᠤᠨ ᠠᠷᠠᠢ ᠥᠯᠪᠠᠷᠡᠭᠡᠵᠤ ᠠᠯᠠᠭᠰᠠᠨ ᠪᠢᠰᠢ ᠪᠢᠵᠠ ᠳ᠋ᠠ︖ ᠭᠡᠭᠦ ᠳᠤ ᠬᠠᠷᠢᠭᠤ ᠳᠤ ᠨᠢ ᠳᠡᠭᠦᠤ᠄

     ᠊᠊᠊᠊᠊᠊᠊᠊᠊᠊᠊᠊᠊᠊᠊ ᠶᠠᠭᠤ ᠭᠡᠵᠤ ᠳ᠋ᠠ᠂ ᠴᠢᠮᠢ᠋ᠢ ᠶᠠᠪᠣᠭᠰᠠᠨ ᠡᠴᠡ ᠬᠣᠢ᠌ᠰᠢ ᠨᠤᠬᠠᠢ ᠳᠤ ᠴᠢᠨᠢ ᠨᠢᠭᠡ ᠡᠳᠦᠷ ᠳᠠᠪᠤᠨ ᠡᠷᠡᠨ ᠤ ᠬᠤᠭᠤᠯᠠ ᠥᠭ᠍ᠳᠡᠭ᠌ ᠪᠦᠭᠡᠳ ᠡᠷᠡᠨ ᠪᠦᠷᠢ ᠳᠠᠪᠠᠭ ᠳᠦᠭᠦᠷᠡᠩ ᠮᠢᠬ᠎ᠠ ᠳᠤᠰᠤ ᠲᠡᠶ ᠳᠡᠵᠢᠭᠡᠳᠡᠭ᠌ ᠶᠤᠮ ᠴᠢᠨᠢ ᠯᠠᠪ ᠦᠯᠪᠠᠷᠴᠤ ᠥᠭᠦᠭᠦ ᠦᠭᠡᠶ᠃ ᠪᠣᠳᠤᠪᠠᠯ ᠬᠠᠷᠢᠨ ᠭᠢᠡᠵᠢᠯᠡᠭ᠍ᠳᠡᠭ᠍ᠰᠡᠭᠡᠷ ᠪᠠᠢ᠌ᠵᠤ ᠬᠠᠨᠢ ᠦᠭᠡᠶ ᠣᠢ᠌ᠳᠬᠠᠷᠯᠠᠭᠠᠤᠨ ᠥᠭᠦᠭ᠍ᠰᠡᠨ ᠪᠠᠢ᠌ᠵᠤ ᠮᠠᠳᠠᠨ᠎ᠡ ᠭᠡᠵᠤ ᠨᠠᠭᠠᠳᠤᠮ ᠦᠨᠡᠨ ᠤ ᠬᠤᠭᠤᠷᠤᠠᠳᠤ ᠭᠡᠯᠡᠭᠦ ᠪᠠᠷ ᠨᠢ ᠪᠢ ᠴᠤ ᠪᠦᠷ ᠰᠡᠭᠦᠯ ᠳᠤ ᠨᠢ ᠪᠣᠳᠤᠭᠠᠤᠨ ᠪᠠᠢ᠌ᠵᠤ᠂ ᠬᠠᠷᠢᠨ ᠣᠢ᠌ᠳᠬᠠᠷᠯᠠᠭᠠᠤᠨ ᠥᠭᠦᠭ᠍ᠰᠡᠨ ᠪᠠᠢ᠌ᠵᠤ ᠮᠠᠳᠠᠨ᠎ᠡ ᠭᠡᠳᠡᠭ᠌ ᠳᠡᠭᠦᠤ ᠶᠢᠨ ᠥᠭᠡ ᠶᠢ ᠢᠳᠡᠭᠡᠭᠦ ᠪᠣᠯᠵᠠᠢ᠃

    ᠰᠢᠷᠠᠯᠳᠠᠢ ᠮᠢᠨᠢ ᠵᠢᠯ ᠤᠨ ᠪᠠᠶ᠎ᠠ ᠪᠠᠷ ᠭᠢᠡᠵᠢᠯᠡᠭ᠍ᠳᠡᠨ ᠬᠤᠳᠠ ᠪᠠᠨ ᠰᠠᠭᠢᠳᠠᠭ ᠶᠤᠮ᠃ ᠰᠤᠷᠭᠠᠭᠤᠯᠢ ᠴᠢᠯᠦᠭᠡ ᠳᠠᠯᠪᠢᠭᠠᠤᠨ ᠨᠤᠳᠤᠭ ᠲᠤ ᠪᠠᠨ ᠨᠠᠮᠢ᠋ᠢ ᠬᠠᠷᠢᠬᠤ ᠪᠣᠯᠭᠠᠨ ᠳᠤ ᠰᠢᠷᠠᠯᠳᠠᠢ ᠮᠢᠨᠢ ᠭᠢᠠᠵᠢᠨ ᠳᠡᠭᠡᠷ᠎ᠡ ᠪᠠᠨ ᠥᠰᠦᠷᠦᠭ᠍ᠰᠡᠭᠡᠷ ᠰᠡᠭᠦᠯ ᠶᠢᠡᠨ ᠰᠢᠷᠪᠠᠯᠵᠠᠭᠤᠯᠤᠨ ᠭᠦᠷᠢᠶᠡᠨ ᠡᠴᠡ ᠪᠠᠨ ᠣᠭᠳᠤᠳᠠᠭ᠃ ᠭᠦᠭᠡᠷᠦᠭᠦᠢ ᠮᠢᠨᠢ ᠨᠠᠮᠢ᠋ᠢ ᠭᠡᠳᠦᠢ ᠬᠤᠯᠠ ᠶᠠᠪᠣᠵᠤ᠂ ᠭᠡᠳᠦᠢ ᠣᠳᠠᠭᠰᠠᠨ ᠴᠤ ᠡᠢ᠌ᠮᠤ ᠨᠢᠭᠡᠨ ᠡᠵᠡᠨ ᠪᠠᠢ᠌ᠨ᠎ᠠ ᠭᠡᠳᠡᠭ᠌ ᠶᠢᠡᠨ ᠶᠠᠷᠤ ᠮᠠᠷᠳᠠᠬᠤ ᠦᠭᠡᠶ ᠪᠢᠯᠠ᠃ ᠣᠴᠢᠷ ᠨᠢ ᠮᠢᠨᠤ ᠭᠡᠷ ᠲᠤ ᠪᠠᠨ ᠪᠠᠢ᠌ᠬᠤ ᠬᠤᠭᠤᠴᠠᠭ᠎ᠠ ᠪᠣᠯ ᠳᠡᠭᠦᠨ ᠤ ᠡᠷᠭᠡ ᠴᠢᠯᠦᠭᠡᠳᠤ ᠬᠤᠭᠤᠴᠠᠭ᠎ᠠ ᠪᠣᠯᠬᠤ ᠪᠠᠷ ᠶᠢᠡᠨ ᠨᠠᠮᠢ᠋ᠢ ᠮᠠᠷᠳᠠᠵᠤ ᠴᠢᠳᠠᠬᠤ ᠦᠭᠡᠶ ᠶᠤᠮ ᠪᠣᠯᠪᠠᠤ ᠭᠡᠵᠤ ᠴᠤ ᠬᠠᠶᠠ ᠵᠠᠷᠢᠮ ᠳᠤ ᠪᠠᠨ ᠪᠣᠳᠤᠳᠠᠭ᠃ ᠳᠡᠭᠡᠷ᠎ᠡ ᠣᠳᠠᠭ᠎ᠠ ᠶᠢᠨ ᠠᠮᠠᠷᠠᠯᠳᠠ ᠳᠤ ᠨᠤᠳᠤᠭ ᠳᠤ ᠪᠠᠨ ᠬᠠᠷᠢᠭᠰᠠᠨ ᠤ ᠬᠤᠶᠠᠷ ᠡᠳᠦᠷ ᠤᠨ ᠳᠠᠷᠠᠭ᠎ᠠ ᠪᠢ ᠡᠵᠢ ᠳᠤ᠄ 《ᠰᠢᠷᠠᠯᠳᠠᠢ ᠮᠢᠨᠢ ᠡᠳᠦᠷ ᠤᠨ ᠵᠤᠷᠢᠭ ᠶᠢᠡᠷ ᠭᠢᠡᠵᠢᠯᠡᠭ᠍ᠳᠡᠭᠡᠳ᠂ ᠳᠠᠯᠪᠢᠭᠠᠤᠨ ᠵᠢᠭᠠᠬᠠᠨ ᠳᠤᠭᠯᠠᠭᠤᠯᠬᠤ ᠦᠭᠡᠶ ᠦᠦ︖》 ᠭᠡᠵᠤ ᠠᠰᠠᠭᠤᠬᠤ ᠳᠤ ᠡᠵᠢ ᠬᠠᠷᠢᠭᠤ᠄ 《ᠡᠨᠡ ᠨᠤᠬᠠᠢ ᠵᠠᠭᠤᠳᠠᠭ ᠢ ᠴᠢ ᠶᠠᠮᠠᠷ ᠮᠡᠳᠡᠭᠦ ᠦᠭᠡᠶ ᠦᠦ᠂ ᠭᠡᠷᠪᠡ ᠳᠠᠯᠪᠢᠭᠠᠤᠨ ᠭᠦᠮᠤᠨ ᠤ ᠬᠤᠨᠢ ᠢᠮᠠᠭ᠎ᠠ᠂ ᠠᠢ᠌ᠯ ᠤᠨ ᠬᠡᠦᠬᠡᠳ ᠲᠤ ᠣᠷᠤᠪᠠᠯ ᠶᠡᠭᠡ ᠣᠷᠰᠢᠭ ᠳᠠᠳᠠᠨ᠎ᠠ ᠰᠢᠤ》 ᠭᠡᠵᠤ ᠭᠡᠯᠡᠭᠦ ᠳᠤ ᠨᠢ ᠶᠠᠭᠤ ᠴᠤ ᠳᠤᠤᠭᠠᠷᠴᠤ ᠴᠢᠳᠠᠭᠰᠠᠨ ᠦᠭᠡᠶ᠂ ᠬᠣᠢ᠌ᠳᠤ ᠬᠤᠶᠠᠷ ᠭᠦᠯ ᠳᠡᠭᠡᠷ᠎ᠡ ᠪᠠᠨ ᠰᠠᠭᠤᠴᠢᠬᠠᠭᠠᠤᠨ᠂ ᠨᠠᠮᠢ᠋ᠢ ᠦᠷᠤ ᠡᠪᠠᠳᠦᠮᠡᠷ ᠡᠭ᠍ᠴᠡᠯᠡᠨ ᠬᠠᠷᠠᠭᠰᠠᠨ ᠭᠢᠠᠵᠢᠯᠠᠰᠤᠳᠠᠢ ᠨᠤᠬᠠᠢ ᠪᠠᠨ ᠣᠳᠠᠳᠠᠯ᠎ᠠ ᠰᠢᠷᠳᠠᠵᠤ ᠵᠤᠭᠰᠤᠵᠠᠢ᠃ ᠳᠡᠭᠡᠭᠡᠳ ᠯᠠ ᠠᠷᠭ᠎ᠠ ᠦᠭᠡᠶ ᠠᠪᠣ ᠡᠵᠢ ᠪᠠᠨ ᠭᠡᠷ ᠲᠤ ᠪᠠᠢ᠌ᠬᠤ ᠦᠭᠡᠶ ᠬᠤᠭᠤᠷᠤᠠᠳᠤ ᠨᠤᠬᠠᠢ ᠪᠠᠨ ᠭᠢᠠᠵᠢᠨ ᠡᠴᠡ ᠨᠢ ᠮᠤᠯᠳᠤᠷᠠᠭᠤᠯᠤᠭᠠᠤᠨ ᠭᠡᠰᠡᠭ᠌ ᠭᠦᠶ‍ᠦᠯᠭᠡᠳᠡᠭ᠌ ᠪᠣᠯᠪᠠ᠃ ᠭᠢᠠᠵᠢᠨ ᠡᠴᠡ ᠪᠠᠨ ᠰᠠᠯᠤᠭᠰᠠᠨ ᠰᠢᠷᠠᠯᠳᠠᠢ ᠶᠢᠨ ᠪᠠᠶᠠᠷᠯᠠᠬᠤ ᠨᠢ ᠭᠡᠴᠡᠭᠦᠤ᠃ ᠳᠦᠷᠪᠠᠨ ᠵᠥᠭ᠌ ᠤᠨ ᠬᠠᠠᠳᠤᠭᠰᠠᠨ ᠴᠢᠭ᠌ ᠲᠤ ᠪᠠᠨ ᠬᠤᠷᠢᠭ᠎ᠠ ᠦᠭᠡᠶ ᠳᠤᠭᠯᠠᠵᠤ᠂ ᠰᠠᠷ᠎ᠠ ᠬᠤᠭᠤᠴᠠᠭ᠎ᠠ ᠪᠠᠷ ᠭᠢᠡᠵᠢᠯᠡᠭ᠍ᠳᠡᠭ᠍ᠰᠡᠨ ᠴᠢᠯᠡᠭᠡ ᠪᠠᠨ ᠨᠢᠭᠡ ᠯᠠ ᠠᠮᠢᠰᠤᠭᠠᠨ ᠳᠡᠭᠡᠷ᠎ᠡ ᠭᠠᠷᠭᠠᠬᠤ ᠪᠠᠷ ᠳᠤᠭᠯᠠᠳᠠᠭ ᠢ ᠶᠠᠭᠠᠭᠢᠶ᠎ᠠ᠃ ᠳᠤᠭᠯᠠᠵᠤ ᠳᠤᠭᠯᠠᠵᠤ᠂ ᠰᠡᠭ᠌ ᠳᠠᠭᠠᠷᠢᠯᠳᠤᠭᠰᠠᠭᠠᠷ ᠣᠳᠤᠮᠳᠤ ᠴᠢᠨᠠᠷ ᠨᠢ ᠭᠠᠷᠤᠭ᠎ᠠ ᠦᠭᠡᠶ ᠪᠣᠯᠬᠤᠷ ᠰᠢᠩᠰᠢᠨ ᠰᠢᠩᠰᠢᠭ᠍ᠰᠡᠭᠡᠷ ᠵᠠᠭᠤᠭᠠᠤᠨ ᠨᠢᠭᠡ ᠵᠥᠭ᠌ ᠲᠤ ᠭᠦᠶ‍ᠦᠳᠡᠭ᠌ ᠨᠢ ᠵᠢᠩᠭᠢᠨᠢ ᠳᠦᠷᠤᠯ ᠤᠨ ᠨᠤᠬᠠᠢ ᠪᠢᠯᠠ᠃ ᠢᠩᠭᠢᠵᠤ ᠯᠠ ᠬᠠᠷᠠᠵᠤ ᠵᠤᠭᠰᠤᠭᠠᠤᠨ ᠭᠡᠰᠡᠭ᠌ ᠭᠦᠶ‍ᠦᠯᠭᠡᠭᠡᠳ ᠯᠠ ᠪᠠᠬ᠎ᠠ ᠶᠢ ᠨᠢ ᠬᠠᠩᠬᠤ ᠡᠴᠡ ᠡᠮᠤᠨ᠎ᠡ ᠭᠢᠡᠵᠢᠯᠡᠳᠡᠭ᠌ ᠪᠣᠯᠪᠠ᠃

    ᠶᠠᠷᠤ ᠨᠢ ᠨᠡᠢ᠌ᠭᠡᠮ ᠭᠦᠭ᠍ᠵᠢᠵᠤ᠂ ᠠᠮᠢᠳᠤᠷᠠᠯ ᠰᠠᠢ᠌ᠵᠢᠷᠠᠭᠰᠠᠨ ᠡᠴᠡ ᠭᠡᠵᠤ ᠭᠡᠯᠡᠭᠦ ᠴᠤ ᠶᠤᠮ ᠳ᠋ᠠ᠂ ᠠᠢ᠌ᠯ ᠭᠦᠳᠡᠭᠡ ᠳᠤ ᠳᠤᠷ᠎ᠠ ᠪᠠᠷ ᠶᠢᠡᠨ ᠭᠦᠶ‍ᠦᠳᠡᠭ᠌ ᠨᠤᠬᠠᠢ ᠬᠤᠪᠣᠷᠳᠠᠵᠤ᠂ ᠬᠠᠷᠢᠨ ᠣᠪᠣᠭ᠎ᠠ ᠭᠦᠷᠦᠩᠵᠢᠭ᠍ᠰᠡᠨ ᠠᠮᠢᠳᠤᠷᠠᠯ ᠶᠢᠡᠨ ᠠᠯᠢ ᠨᠢᠭᠡ ᠳᠠᠯ᠎ᠠ ᠪᠠᠷ ᠨᠢ ᠬᠤᠯᠤᠭᠠᠢ ᠳᠡᠭᠡᠷᠡᠮ ᠡᠴᠡ ᠬᠠᠮᠠᠭᠠᠯᠠᠬᠤ ᠶᠢᠨ ᠵᠤᠷᠢᠯᠭ᠎ᠠ ᠪᠠᠷ ᠨᠤᠬᠠᠢ ᠶᠢ ᠮᠠᠨᠠᠭᠤᠯ ᠤᠨ ᠪᠠᠭᠠᠵᠢ ᠪᠣᠯᠭᠠᠨ ᠵᠢᠯ ᠣᠨ ᠳᠤ ᠪᠠᠨ ᠣᠶᠠᠵᠤ ᠭᠡᠷ ᠭᠦᠷᠢᠶ᠎ᠡ ᠳᠤ ᠪᠠᠨ ᠰᠠᠭᠢᠭᠤᠯᠳᠠᠭ ᠪᠣᠯᠪᠠ᠃ ᠨᠠᠩ ᠴᠤ ᠠᠩᠴᠢᠳ ᠤᠨ ᠫᠣᠤ ᠶᠢᠨ ᠠᠮᠠ ᠵᠢᠪᠠᠷᠠᠵᠤ᠂ ᠨᠤᠬᠠᠢ ᠶᠢᠨ ᠭᠦᠶ‍ᠦᠳᠡᠯ ᠰᠤᠯᠠᠷᠠᠭᠰᠠᠨ ᠡᠨᠡ ᠴᠠᠭ ᠲᠤ ᠠᠩ ᠭᠦᠷᠦᠭᠡ ᠶᠢᠨ ᠣᠷᠤᠨ ᠳᠤ ᠨᠤᠬᠠᠢ ᠶᠢᠨ ᠮᠢᠬ᠎ᠠ ᠠᠢ᠌ᠯ ᠤᠨ ᠰᠢᠷᠡᠭᠡᠨ ᠳᠡᠭᠡᠷ᠎ᠡ ᠭᠠᠷᠴᠤ ᠠᠷᠢᠭᠢ ᠵᠠᠭᠤᠰᠢ ᠲᠡᠶ ᠬᠠᠮᠳᠤ ᠭᠦᠮᠦᠰ ᠤᠨ ᠭᠡᠳᠡᠰᠤ ᠶᠢ ᠳᠦᠭᠦᠷᠭᠡᠭᠦ ᠪᠣᠯᠵᠠᠢ᠃ ᠠᠭᠠᠷ ᠲᠤ ᠨᠢᠰᠭᠦ ᠡᠴᠡ ᠨᠢᠰᠭᠡᠯ ᠡᠴᠡ ᠣᠠᠳᠤᠤ᠂ ᠭᠠᠵᠠᠷ ᠲᠤ ᠵᠤᠭᠰᠤᠳᠠᠭ ᠳᠦᠷᠪᠠᠨ ᠭᠦᠯᠳᠤ ᠶᠢᠨ ᠰᠢᠷᠡᠭᠡ ᠰᠠᠠᠳᠠᠯᠢ ᠡᠴᠡ ᠪᠣᠰᠤᠳ ᠢ ᠪᠦᠷ ᠢᠳᠡᠳᠡᠭ᠌ ᠬᠤᠳᠠ ᠭᠠᠵᠠᠷ᠂ ᠭᠢᠳᠠᠤᠨ ᠤᠨ ᠭᠢ ᠶᠢ ᠪᠣᠯ ᠶᠠᠭᠤ ᠶᠢ ᠨᠢ ᠭᠡᠯᠡᠭᠦᠪ᠃ ᠬᠠᠷᠢᠨ ᠭᠦᠳᠡᠭᠡ ᠭᠠᠵᠠᠷ ᠲᠤ ᠦᠶ᠎ᠡ ᠶᠢᠨ ᠦᠶ᠎ᠡ ᠡᠴᠡ ᠪᠠᠨ ᠨᠤᠬᠠᠢ ᠲᠡᠶ ᠪᠠᠨ ᠬᠠᠨᠢᠯᠠᠵᠤ᠂ ᠨᠠᠢ᠌ᠵᠠᠯᠠᠵᠤ ᠢᠷᠡᠭ᠍ᠰᠡᠨ ᠮᠤᠩᠭ᠋ᠤᠯᠴᠤᠳ ᠮᠢᠨᠢ 《ᠦᠨᠡᠠᠴᠢ ᠨᠥᠭᠦᠷ》 ᠊ᠤᠨ ᠭᠢᠨᠢ ᠳᠤᠯᠤᠭᠠᠢ ᠶᠢ ᠰᠤᠷᠤᠵᠤ᠂ ᠶᠠᠰᠤ ᠶᠢ ᠨᠢ ᠭᠡᠮᠡᠯᠢᠭᠦ ᠪᠠᠷ ᠬᠠᠷᠠᠬᠤ ᠳᠤ ᠬᠠᠷᠠᠭ᠎ᠠ ᠬᠠᠯᠳᠤᠷᠢᠵᠤ᠂ ᠵᠢᠷᠦᠭᠡ ᠶᠢ ᠰᠢᠮᠰᠢᠷᠡᠭᠦᠯᠤᠨ᠎ᠡ᠃ ᠮᠤᠷᠢ ᠨᠤᠬᠠᠢ ᠬᠤᠶᠠᠷ ᠪᠣᠯ ᠳᠡᠦᠭᠡᠨ ᠡᠴᠡ ᠪᠠᠨ ᠠᠪᠣᠭᠠᠤᠨ ᠮᠤᠩᠭ᠋ᠤᠯ ᠭᠦᠮᠤᠨ ᠤ ᠳᠠᠢ᠌ᠴᠢᠨ ᠬᠠᠨᠢ᠂ ᠳᠤᠳᠤᠨᠤ ᠨᠥᠭᠦᠷ ᠶᠤᠮ᠃ ᠡᠭᠦᠨ ᠢ ᠳᠡᠦᠭᠡ ᠪᠢᠳᠠᠨ ᠳᠤ ᠭᠡᠷᠡᠴᠢᠯᠡᠨ᠎ᠡ᠃ ᠪᠠᠭ᠎ᠠ ᠨᠠᠰᠤᠨ ᠤ ᠳᠠᠮᠤᠵᠢᠨ ᠭᠡᠳᠦᠢ ᠭᠦᠴᠢᠷᠳᠡᠢ ᠪᠠᠢ᠌ᠭᠰᠠᠨ ᠴᠤ ᠥᠭᠡᠯᠤᠨ ᠡᠭᠡ ᠶᠢᠨ ᠳᠡᠭᠦᠭ᠍ᠰᠡᠨ ᠮᠠᠩᠭᠢᠷ ᠶᠢᠡᠷ ᠠᠮᠢ ᠪᠠᠨ ᠵᠠᠭᠤᠭᠰᠠᠨ ᠡᠴᠡ ᠪᠢᠰᠢ᠂ ᠭᠦᠯ ᠵᠠᠯᠭᠠᠭᠰᠠᠨ ᠣᠨᠤᠭ᠎ᠠ ᠪᠠᠨ ᠠᠯᠠᠵᠤ ᠬᠤᠭᠤᠯᠠᠯᠠᠭᠰᠠᠨ ᠦᠭᠡᠶ᠃ ᠳᠤᠭᠤᠠᠳᠠᠮᠤᠷ ᠣᠷᠳᠤᠨ ᠳᠤ ᠪᠠᠨ ᠭᠡᠳᠦᠢ ᠵᠢᠷᠭᠠᠨ ᠴᠡᠩᠭᠡᠭ᠍ᠰᠡᠨ ᠪᠣᠯᠪᠠᠴᠤ ᠨᠤᠬᠠᠢ ᠶᠢᠨ ᠮᠢᠬ᠎ᠠ ᠠᠮᠳᠠᠯᠠᠵᠤ ᠥᠵᠡᠭ᠍ᠰᠡᠨ ᠦᠭᠡᠶ᠃ ᠣᠴᠢᠷ ᠨᠢ ᠳᠡᠭᠡᠳᠦᠰ ᠤᠨ ᠪᠠᠶ᠎ᠠ ᠳᠤ ᠡᠪᠦᠭᠡᠳ ᠤᠨ ᠭᠢᠨᠢ ᠰᠤᠷᠭᠠᠯ᠂ ᠰᠢᠳᠦᠯᠭᠡ ᠪᠢᠰᠢᠷᠠᠯ᠂ ᠭᠦᠮᠤᠨ ᠴᠢᠨᠠᠷ ᠭᠡᠳᠡᠭ᠌ ᠨᠢᠳᠤᠨ ᠳᠤ ᠥᠵᠡᠭ᠍ᠳᠡᠮ᠎ᠡ ᠦᠭᠡᠶ ᠠᠷᠢᠭᠤᠨ ᠳᠠᠷᠬᠠᠨ ᠵᠣᠢ᠌ᠯᠠᠰ ᠣᠷᠤᠰᠢᠵᠤ᠂ ᠪᠠᠶ᠎ᠠ ᠰᠠᠭᠢᠭᠤᠰᠤ ᠶᠢ ᠨᠢ ᠡᠵᠡᠮᠳᠡᠭᠦ ᠶᠤᠰᠤ ᠭᠤᠷᠢᠮ ᠭᠡᠳᠡᠭ᠌ ᠶᠠᠭᠤᠮ᠎ᠠ ᠪᠠᠢ᠌ᠳᠠᠭ᠃ ᠰᠢᠨ᠎ᠡ ᠴᠠᠭ ᠦᠶ᠎ᠡ ᠶᠢᠨ ᠮᠤᠩᠭ᠋ᠤᠯᠴᠤᠳ ᠰᠢᠳᠦᠯᠭᠡ ᠪᠢᠰᠢᠷᠠᠯ ᠭᠡᠳᠡᠭ᠌ ᠶᠠᠭᠤᠮ᠎ᠠ ᠦᠭᠡᠶ ᠪᠣᠯᠵᠠᠢ᠃ ᠵᠠᠩ ᠣᠢ᠌ᠯᠠ ᠴᠤ ᠣᠰᠠᠳᠴᠤ ᠡᠭᠢᠯᠡᠪᠡ᠃ ᠴᠠᠭ ᠤᠨ ᠥᠩᠭᠡ ᠶᠢ ᠳᠠᠭᠠᠵᠤ᠂ ᠭᠦᠮᠤᠨ ᠶᠠᠭᠤ ᠢᠳᠠᠪᠠᠯ ᠳᠡᠭᠦᠨ ᠢ ᠨᠢ ᠡᠭᠦᠳᠡᠨ ᠳᠤ ᠪᠠᠨ ᠠᠪᠴᠢᠷᠠᠨ᠂ 《ᠬᠠᠷᠢ ᠨᠤᠳᠤᠭ ᠤᠨ ᠦᠨᠦᠷ ᠠᠮᠳᠠᠳᠤ》 ᠪᠣᠯᠭᠠᠵᠤ ᠪᠣᠮᠪᠠᠯᠠᠨ ᠳᠡᠭᠡᠵᠢᠯᠡᠭᠦ ᠣᠷᠤᠰᠬᠠᠯ ᠳᠤ ᠳᠠᠭᠠᠷᠢᠭᠳᠠᠪᠠ᠃ ᠬᠠᠷᠢ ᠭᠦᠮᠤᠨ ᠡᠪᠦᠭᠡ ᠶᠢᠨ ᠴᠢᠨᠢ ᠳᠤᠯᠤᠭᠠᠢ ᠶᠢ ᠭᠡᠮᠡᠯᠢᠭᠡᠳ ᠠᠮᠳᠠᠳᠠᠢ ᠶᠤᠮ ᠪᠠᠢ᠌ᠨ᠎ᠠ ᠭᠡᠵᠤ ᠭᠡᠯᠡᠪᠠᠯ ᠳᠠᠭᠠᠭᠠᠤᠨ ᠠᠮᠰᠠᠵᠤ ᠥᠵᠡᠳᠡᠭ᠌ ᠳᠡᠨᠡᠭ᠍ᠴᠦᠦᠯ ᠮᠠᠨᠠᠢ᠌ᠭᠢᠨ ᠳᠤ ᠮᠤᠩᠳᠠᠬᠤ ᠶᠤᠮ ᠪᠢᠰᠢ᠃

    ᠬᠤᠶᠠᠷ ᠵᠢᠯ ᠤᠨ ᠡᠮᠤᠨ᠎ᠡ ᠭᠡᠷ ᠲᠤ ᠨᠢᠭᠡ ᠳᠠᠨᠢᠯ ᠢᠷᠡᠭᠡᠳ ᠶᠠᠷᠢᠯᠴᠠᠭᠠᠨ ᠳᠤᠮᠳᠠ ᠪᠠᠨ ᠠᠪᠣ ᠳᠤ᠄ 《ᠨᠤᠬᠠᠢ ᠪᠠᠨ ᠠᠯᠠᠭᠠᠤᠨ ᠭᠡᠳᠦᠭᠦᠯᠡ ᠪᠠᠨ ᠠᠷᠢᠭᠢᠳᠠᠴᠢᠬᠠᠬᠤ ᠦᠭᠡᠶ ᠦᠦ︖》 ᠭᠡᠵᠤ ᠠᠰᠠᠭᠤᠬᠤ ᠳᠤ᠂ ᠨᠤᠬᠠᠢ ᠶᠢᠨ ᠮᠢᠬ᠎ᠠ ᠢᠳᠡᠭᠦ ᠭᠡᠷᠡᠭ᠌ ᠦᠭᠡᠶ ᠠᠯᠠᠵᠤ ᠴᠤ ᠴᠢᠳᠠᠬᠤ ᠮᠠᠭᠤ ᠨᠢᠭᠦᠯ ᠣᠷᠭᠤᠭᠰᠠᠨ ᠦᠭᠡᠶ ᠠᠪᠣ ᠳᠡᠭᠦᠨ ᠢ ᠬᠠᠢ ᠬᠠᠯᠭᠠᠭᠰᠠᠨ ᠦᠭᠡᠶ᠃ ᠭᠡᠭᠦ ᠳᠤ ᠦᠨᠦ ᠭᠦᠮᠤᠨ ᠳᠠᠭᠢᠨ ᠠᠪᠣ ᠳᠤ᠄ 《ᠣᠷᠤᠨ ᠳᠤ ᠨᠢ ᠵᠢᠭᠠᠬᠠᠨ ᠬᠠᠪᠠ ᠨᠤᠬᠠᠢ ᠦᠭ‍ᠭᠦᠶ᠎ᠡ᠂ ᠣᠳᠤ ᠪᠦᠷ ᠬᠠᠪᠠ ᠨᠤᠬᠠᠢ ᠳᠡᠵᠢᠭᠡᠵᠤ ᠪᠠᠢ᠌ᠨ᠎ᠠ ᠰᠢᠤ》 ᠭᠡᠵᠤ ᠭᠡᠯᠡᠭᠦ ᠳᠤ ᠠᠪᠣ᠄ 《ᠡᠷᠭᠢᠮᠰᠦᠭ᠌ ᠨᠤᠬᠠᠢ ᠳᠡᠵᠢᠭᠡᠭᠦ ᠬᠤᠳᠠ ᠶᠢᠨ ᠪᠣᠶᠠᠨ ᠪᠢᠳᠠᠨ ᠳᠤ ᠦᠭᠡᠶ᠂ ᠬᠠᠷᠢᠨ ᠡᠨᠡ ᠨᠤᠬᠠᠢ ᠪᠣᠯ ᠮᠢᠨᠤ ᠭᠦᠤ ᠶᠢᠨ ᠬᠠᠢ᠌ᠷᠠᠳᠠᠢ ᠨᠤᠬᠠᠢ ᠰᠢᠤ》 ᠭᠡᠵᠤ ᠭᠡᠯᠡᠭᠡᠳ ᠵᠤᠴᠢᠨ ᠶᠢᠡᠨ ᠶᠠᠪᠣᠭᠤᠯᠤᠯ᠎ᠠ᠃ ᠶᠠᠮᠠᠷ ᠴᠤ ᠮᠠᠭᠤ ᠶᠠᠭᠤ ᠶᠢ ᠴᠤ ᠥᠯᠡᠳᠡᠭᠡᠭᠦ ᠦᠭᠡᠶ ᠢᠳᠡᠳᠡᠭ᠌ ᠦᠯᠦᠨ ᠳᠠᠵᠢᠨ ᠴᠢᠦᠡᠭᠦᠷ ᠪᠣᠢ ᠭᠡᠵᠤ ᠪᠢ ᠳᠠᠷᠠ ᠢᠷᠡᠭ᠍ᠰᠡᠨ ᠳᠠᠨᠢᠯ ᠳᠤ ᠳᠤᠷ᠎ᠠ ᠥᠭᠡᠢ᠌ᠴᠡᠪᠡ᠃ ᠴᠠᠭ ᠤᠨ ᠣᠷᠤᠰᠬᠠᠯ ᠬᠤᠳᠠ ᠭᠠᠵᠠᠷ ᠡᠴᠡ ᠬᠤᠢ ᠳᠠᠳᠠᠭᠰᠠᠭᠠᠷ ᠭᠦᠳᠡᠭᠡ ᠭᠠᠵᠠᠷ ᠢ ᠬᠠᠮᠤᠷᠠᠬᠤ ᠳᠤᠮᠳᠠ ᠬᠠᠪᠠ ᠨᠤᠬᠠᠤᠨ ᠭᠡᠳᠡᠭ᠌ ᠵᠢᠭ᠍ᠰᠢᠭᠦᠤ ᠭᠦᠷᠦᠭᠡᠮ᠎ᠡ ᠠᠮᠢᠳᠠᠨ ᠭᠦᠮᠦᠰ ᠲᠤ ᠵᠢᠵᠢᠭ᠍‍ᠬᠡᠨ ᠪᠠᠶ᠎ᠠ᠂ ᠡᠯᠳᠡᠪ ᠪᠠᠭᠠᠰᠢ ᠪᠠᠷ ᠭᠦᠭᠡᠷᠦᠭᠦᠨ ᠬᠠᠷᠠᠭᠳᠠᠵᠤ᠂ ᠭᠦᠳᠡᠭᠡ ᠨᠤᠳᠤᠭ ᠲᠤ ᠭᠡᠴᠢᠨᠡᠨ ᠪᠠᠢ᠌ᠷᠢ ᠰᠠᠭᠤᠷᠢ ᠲᠡᠶ ᠭᠡᠷ ᠤᠨ ᠨᠤᠬᠠᠤᠨ ᠤᠨ ᠰᠠᠭᠤᠷᠢ ᠶᠢ ᠭᠣᠢ᠌ᠪᠠᠯᠵᠠᠭᠤᠯᠵᠤ᠂ ᠡᠷᠭᠢᠮᠰᠦᠭ᠌ ᠭᠠᠯᠪᠢᠷ ᠲᠡᠶ ᠪᠠᠷ ᠭᠡᠷ ᠲᠤ ᠨᠢ ᠰᠠᠭᠠᠳᠠᠬᠤ ᠪᠣᠯᠪᠠ᠃ ᠪᠣᠭᠤᠯ ᠶᠢᠡᠨ ᠣᠷᠭᠢᠵᠤ ᠪᠣᠭᠳᠠ ᠵᠠᠯᠠᠭᠰᠠᠨ ᠭᠦᠮᠦᠰ ᠬᠠᠪᠠ ᠨᠤᠬᠠᠢ ᠳᠤ ᠪᠠᠨ ᠪᠣᠭᠤᠯ ᠨᠢ ᠪᠣᠯᠵᠤ᠂ ᠠᠮᠳᠠᠳᠤ ᠢᠳᠡᠭᠡᠨ ᠤ ᠪᠠᠨ ᠳᠡᠭᠡᠵᠢ ᠶᠢ ᠭᠦᠷᠳᠡᠭᠡᠵᠤ᠂ ᠡᠡᠷᠡᠴᠢᠯᠡᠬᠤ ᠶᠢᠨ ᠰᠠᠢ᠌ᠬᠠᠨ ᠶᠢᠡᠷ ᠠᠷᠠᠴᠢᠯᠠᠭᠰᠠᠨ ᠴᠤ᠂ ᠬᠠᠪᠠ ᠪᠣᠯ ᠬᠠᠰᠢ ᠯᠠ ᠬᠠᠪᠠ᠂ ᠦᠵᠡᠮᠤᠷᠢ ᠰᠢᠭ᠌ ᠯᠠ ᠶᠠᠭᠤᠮ᠎ᠠ ᠪᠣᠯᠬᠤ ᠡᠴᠡ ᠪᠢᠰᠢ ᠭᠡᠷ ᠤᠨ ᠨᠤᠬᠠᠢ ᠶᠢ ᠣᠷᠤᠯᠠᠭᠠᠤᠨ ᠶᠠᠭᠤ ᠭᠢᠨ᠎ᠡ ᠴᠢᠳᠠᠨ᠎ᠠ︖

    ᠵᠢᠯ ᠭᠠᠷᠤᠭᠠᠤᠨ ᠰᠢᠨ᠎ᠡ ᠬᠤᠭᠤᠴᠠᠭ᠎ᠠ ᠡᠭᠢᠯᠡᠭᠦ ᠶᠢᠨ ᠡᠮᠤᠨ᠎ᠡ ᠡᠳᠦᠷ ᠪᠢ ᠰᠦᠷᠦᠭ᠌ ᠥᠭᠡᠷ ᠶᠢᠡᠨ ᠪᠠᠯᠴᠢᠭᠡᠷ ᠲᠤ ᠳᠠᠭᠤᠬᠤ ᠳᠤ ᠪᠠᠨ ᠰᠢᠷᠠᠯᠳᠠᠢ ᠪᠠᠨ ᠳᠠᠭᠠᠭᠤᠯᠤᠨ ᠭᠠᠷᠪᠠ᠃ ᠠᠷᠤ ᠡᠴᠡ ᠡᠵᠢ᠄ 《ᠨᠤᠬᠠᠢ ᠪᠠᠨ ᠰᠠᠢ᠌ᠨ ᠥᠵᠡᠭᠦ ᠶᠤᠮ ᠰᠢᠤ᠂ ᠭᠡᠭᠡᠷ᠎ᠡ ᠭᠦᠳᠡᠭᠡ ᠭᠦᠮᠤᠨ ᠤ ᠰᠦᠷᠦᠭ᠌ ᠲᠡᠶ ᠬᠤᠨᠢ ᠢᠮᠠᠭ᠎ᠠ ᠪᠠᠢ᠌ᠨ᠎ᠠ︕》 ᠭᠡᠵᠤ ᠵᠠᠭᠢᠵᠤ ᠯᠠ ᠪᠠᠢ᠌ᠯ᠎ᠠ᠃ ᠳᠠᠴᠢᠷᠳᠠᠭᠰᠠᠨ ᠪᠠᠯᠴᠢᠭᠡᠷ᠂ ᠬᠠᠯᠴᠠᠭᠠᠢ᠌ᠷᠠᠭᠰᠠᠨ ᠵᠤ᠋ ᠮᠠᠩᠬ᠎ᠠ ᠪᠠᠷ ᠥᠭᠡᠷ ᠤᠳ ᠮᠢᠨᠢ ᠥᠨᠦᠷᠯᠡᠭᠦ ᠡᠪᠠᠰᠤ ᠣᠯᠵᠤ ᠶᠠᠳᠠᠨ ᠳᠠᠮᠠᠢ 《ᠪᠠᠯᠴᠢᠨ᠎ᠡ》᠃ ᠬᠠᠷᠢᠨ ᠰᠢᠷᠠᠯᠳᠠᠢ ᠮᠢᠨᠢ ᠳᠡᠭᠦᠨ ᠢ ᠨᠢ ᠪᠣᠳᠤᠬᠤ ᠵᠠᠪ ᠦᠭᠡᠶ ᠡᠭᠡᠷᠡᠮ᠎ᠡ ᠳᠠᠯ᠎ᠠ ᠪᠠᠷ ᠳᠤᠷ᠎ᠠ ᠪᠠᠷ ᠶᠢᠡᠨ ᠭᠦᠶᠤᠨ᠎ᠡ᠃ ᠰᠦᠷᠦᠭ᠌ ᠥᠭᠡᠷ ᠲᠤ ᠠᠮᠠ ᠳᠦᠭᠦᠷᠡᠳᠡᠯ᠎ᠡ ᠢᠳᠡᠭᠦ ᠡᠪᠠᠰᠤ ᠭᠡᠷᠡᠭ᠌ ᠲᠡᠶ ᠪᠣᠯ᠂ ᠰᠢᠷᠠᠯᠳᠠᠢ ᠳᠤ ᠳᠤᠷ᠎ᠠ ᠪᠠᠷ ᠭᠦᠶ‍ᠦᠭᠦ ᠣᠷᠤᠨ ᠵᠠᠢ᠂ ᠊ᠭ᠍ᠱᠡᠨ ᠤ ᠡᠨᠡᠭᠦ ᠴᠠᠭ ᠵᠠᠭᠤᠷ᠎ᠠ ᠯᠠ ᠭᠡᠷᠡᠭ᠌ ᠲᠡᠶ᠃ ᠢᠩᠭᠢᠵᠤ ᠭᠦᠶ‍ᠦᠭᠦ ᠦᠶᠡᠰ ᠡᠨᠡ ᠶ‍ᠢᠷᠳᠢᠠᠴᠤ ᠶᠢᠨ ᠠᠯᠢᠪᠠ ᠵᠤᠯ ᠵᠢᠷᠭᠠᠯ ᠪᠦᠷ ᠯᠠ ᠳᠡᠭᠦᠨ ᠤ ᠪᠣᠯᠴᠢᠬᠠᠭᠰᠠᠨ ᠪᠠᠢ᠌ᠳᠠᠭ᠃ ᠵᠤᠷᠮ᠎ᠠ ᠳᠠᠷᠪᠠᠭ᠎ᠠ ᠶᠢᠨ ᠨᠥᠭᠡ ᠳᠠᠭᠠᠷᠢᠯᠳᠤᠭᠰᠠᠭᠠᠷ ᠦᠨᠦᠷᠯᠠᠨ ᠰᠢᠩᠰᠢᠯᠡᠳᠡᠭ᠌ ᠨᠤᠬᠠᠢ ᠪᠠᠨ ᠬᠠᠷᠠᠬᠤ ᠳᠤ ᠳᠤᠳᠤᠷ᠎ᠠ ᠮᠢᠨᠢ ᠦᠪᠡᠷ ᠤᠨ ᠡᠷᠭᠡ ᠦᠭᠡᠶ 《ᠭᠦᠭᠡᠷᠦᠭᠦᠢ ᠮᠢᠨᠢ᠂ ᠴᠢ ᠪᠣᠰᠤᠳ ᠠᠮᠢᠳᠠᠨ ᠤ ᠮᠢᠬ᠎ᠠ ᠳᠤ ᠳᠤᠷᠠᠯᠠᠬᠤ ᠰᠢᠭ ᠶᠢᠡᠷ ᠠᠯᠢ ᠨᠢᠭᠡ ᠡᠳᠦᠷ ᠴᠢᠨᠤ ᠮᠢᠬ᠎ᠠ ᠴᠤ ᠪᠣᠰᠤᠳ ᠤᠨ ᠠᠮᠠᠨ ᠳᠤ ᠣᠷᠤᠵᠤ ᠮᠠᠳᠠᠨ᠎ᠡ》 ᠭᠡᠳᠡᠭ᠌ ᠪᠣᠳᠤᠯ ᠬᠠᠷᠪᠣᠵᠤ ᠣᠷᠤᠯ᠎ᠠ᠃

    ᠮᠠᠷᠭᠠᠰᠢ ᠨᠢ ᠪᠢ ᠬᠠᠷ᠎ᠠ ᠦᠣᠷ ᠶᠢᠡᠷ ᠪᠣᠰᠴᠤ ᠬᠤᠪᠴᠠᠯᠠᠭᠠᠤᠨ ᠶᠠᠪᠣᠬᠤ ᠪᠠᠷ ᠪᠡᠯᠡᠳᠭᠡᠵᠡᠢ᠃ ᠡᠵᠢ ᠮᠢᠨᠢ ᠨᠠᠳᠠ ᠳᠤ ᠡᠨᠡ ᠳᠠᠷᠠ ᠰᠤᠷᠭᠠᠯ ᠰᠠᠨᠠᠭᠤᠯᠤᠮᠵᠢ ᠪᠠᠨ ᠵᠠᠭᠢᠵᠤ ᠯᠠ ᠪᠠᠢ᠌ᠯ᠎ᠠ᠃ ᠠᠪᠣ ᠨᠠᠮᠢ᠋ᠢ ᠳᠡᠷᠭᠡᠨ ᠦᠷᠳᠡᠭᠡᠨ ᠳᠤ ᠭᠦᠷᠭᠡᠭᠦ ᠪᠠᠷ ᠪᠣᠯᠪᠠ᠃ ᠨᠤᠳᠤᠭ ᠡᠴᠡ ᠪᠠᠨ ᠰᠠᠯᠬᠤ ᠮᠢᠨᠤ ᠰᠡᠳᠭᠢᠯ ᠠᠯᠢ ᠴᠤ ᠣᠳᠠᠭ᠎ᠠ ᠪᠦᠷ ᠭᠦᠡᠳᠤ᠂ ᠶᠠᠭ ᠯᠠ ᠨᠢᠭᠡ ᠶᠠᠪᠣᠭᠰᠠᠭᠠᠷ ᠳᠠᠭᠢᠵᠤ ᠪᠣᠴᠠᠵᠤ ᠢᠷᠡᠭᠦ ᠦᠭᠡᠶ ᠰᠢᠭ᠌ ᠯᠠ ᠰᠠᠨᠠᠭᠳᠠᠨ᠎ᠠ᠃ ᠭᠠᠳᠠᠨ᠎ᠠ ᠬᠠᠷᠠᠩᠭ᠋ᠤᠢ ᠮᠦᠷᠳᠡᠭᠡᠨ ᠵᠢᠭᠡᠭᠦᠨ ᠭᠦᠢᠳᠡᠨ᠃ ᠭᠦᠷᠢᠶᠡᠨ ᠡᠴᠡ ᠭᠠᠷᠬᠤ ᠳᠤ ᠪᠠᠨ ᠰᠢᠷᠠᠯᠳᠠᠢ ᠶᠢ ᠬᠠᠷᠠᠬᠤ ᠳᠤ ᠬᠠᠷᠠᠩᠭ᠋ᠤᠢ ᠳᠤ ᠪᠦᠷᠳᠡᠯᠵᠡᠭ᠍ᠰᠡᠨ ᠡᠭᠦᠷ ᠲᠤ ᠪᠠᠨ ᠴᠢᠮᠡᠭᠡ ᠥᠭᠡᠢ᠌ᠭᠡᠨ ᠨᠣᠢ᠌ᠷᠰᠤᠨ᠎ᠠ᠃ ᠭᠦᠭᠡᠷᠦᠭᠦᠢ︕ ᠦᠴᠦᠭᠡᠳᠦᠷ ᠨᠢᠭᠡ ᠡᠳᠦᠷ ᠭᠦᠶ‍ᠦᠭᠡᠳ ᠶᠠᠳᠠᠷᠠᠭᠰᠠᠨ ᠪᠠᠢ᠌ᠯᠭᠦᠢ᠂ ᠨᠠᠮᠢ᠋ᠢ ᠭᠦᠯᠢᠶᠡᠵᠤ ᠪᠠᠢ᠌ᠭᠠᠷᠠᠢ᠂ ᠰᠢᠷᠠᠯᠳᠠᠢ ᠮᠢᠨᠢ᠃ ᠰᠤᠷᠭᠠᠭᠤᠯᠢ ᠴᠢᠯᠦᠭᠡ ᠳᠠᠯᠪᠢᠭᠠᠤᠨ ᠢᠷᠡᠭᠦ ᠪᠠᠷ ᠬᠤᠶᠠᠭᠤᠯᠠ ᠭᠡᠭᠡᠷ᠎ᠡ ᠭᠦᠳᠡᠭᠡ ᠳᠤᠷ᠎ᠠ ᠪᠠᠷ ᠳᠤᠭᠯᠠᠨ᠎ᠠ ᠰᠢᠤ ᠭᠡᠵᠤ ᠨᠤᠬᠠᠢ ᠳᠤ ᠪᠠᠨ ᠭᠡᠯᠡᠭᠦ ᠰᠢᠭ᠌ ᠯᠠ ᠰᠠᠨᠠᠭᠳᠠᠵᠠᠢ ᠪᠢᠯᠠ᠃

    ᠬᠠᠷᠢᠨ ᠰᠤᠷᠭᠠᠭᠤᠯᠢ ᠳᠤ ᠪᠠᠨ ᠢᠷᠡᠭᠡᠳ ᠰᠠᠷ᠎ᠠ ᠥᠩᠭᠡᠷᠡᠭ᠍ᠰᠡᠨ ᠦᠭᠡᠶ ᠬᠠᠢ᠌ᠷᠠᠳᠤ ᠨᠤᠬᠠᠢ ᠶᠢᠨ ᠶᠢᠡᠨ ᠥᠭᠦᠭ᠍ᠰᠡᠨ ᠴᠢᠮᠡᠭᠡ ᠶᠢ ᠨᠢ ᠳᠤᠭᠤᠯᠠᠴᠢᠬᠠᠪᠠ᠃ ᠰᠡᠳᠭᠢᠯ ᠳᠤᠳᠤᠷ᠎ᠠ ᠶᠠᠭᠤ ᠨᠢᠭᠡ ᠪᠠᠨ ᠭᠡᠭᠡᠴᠢᠭᠡᠭ᠍ᠰᠡᠨ ᠰᠢᠭ᠌ ᠯᠠ ᠬᠤᠪ ᠬᠤᠭᠤᠰᠤᠨ ᠭᠦᠡᠳᠡᠢ᠌ᠷᠡᠵᠤ ᠯᠠ ᠢᠷᠠᠯ᠎ᠠ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭ᠋ᠤᠯ ᠰᠤᠳᠤᠯᠤᠯ ᠤᠨ ᠳᠡᠭᠡᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ·ᠴᠡᠩᠭᠡᠷ ᠡᠪᠠᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6165
ᠴᠠᠭ᠄ 2011 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ