ᠨᠡᠪᠲᠡᠷᠡᠨ ᠤᠷᠤᠬᠤ
ᠬᠠᠢ᠌ᠷ᠎ᠠ ᠶᠢᠨ ᠵᠠᠭᠢᠶ᠎ᠠ

ᠰᠦᠨᠢ ᠶᠢᠨ ᠤᠳᠤ ᠤᠨᠳᠠᠭ᠎ᠠ ᠥᠭᠡᠢ

ᠨᠠᠮ ᠵᠢᠮ ᠰᠡᠯᠡᠭᠦᠨ ᠵᠠᠢ ᠳ᠋ᠤ

ᠭᠦᠤ ᠮᠢᠨᠤ ᠵᠡᠭᠦᠳᠤᠨ ᠳ᠋ᠤ

ᠭᠦᠭᠡᠷᠦᠭᠦᠨ ᠴᠢᠨᠤ ᠳᠦᠷᠢ

ᠭᠠᠷ ᠤᠳᠡᠰᠤᠨ ᠤ ᠭᠦᠰᠢᠭᠡᠨ ᠳᠡᠭᠡᠷ᠎ᠡ

ᠭᠠᠵᠠᠷ ᠳᠡᠯᠡᠭᠡᠢ ᠳᠤᠩᠰᠤᠯᠭᠠᠵᠤ ᠢᠷᠠᠨ᠎ᠠ

ᠴᠢᠮ᠎ᠠ ᠳᠠᠭᠠᠨ ᠪᠢ ᠬᠠᠢ᠌ᠷᠠᠳᠠᠢ ᠭᠡᠰᠡᠨ

ᠴᠠᠪᠠᠷ ᠥᠨᠡᠡᠴᠢᠭᠡᠨ ᠰᠡᠳᠭᠢᠯ ᠤᠨ ᠥᠭᠡ

ᠵᠠᠯᠠᠭᠤ ᠨᠠᠰᠤᠨ ᠤ ᠳᠤᠭᠳᠤᠯᠤᠯ ᠵᠢᠠᠷ

ᠵᠢᠷᠦᠭᠡᠨ ᠳᠤ ᠰᠢᠩᠭᠡᠨ ᠬᠠᠳᠠᠭᠠᠯᠠᠭᠳᠠᠨ᠎ᠠ᠃

ᠬᠠᠷᠠᠮᠰᠠᠯ ᠴᠤ ᠠᠭᠤᠰᠤᠮᠠᠷ

ᠬᠠᠷᠠᠩᠭ᠋ᠤᠢ ᠶᠢ ᠵᠦᠰᠤᠨ ᠢᠷᠡᠭᠦ

ᠬᠠᠢ᠌ᠷ᠎ᠠ ᠶᠢᠨ ᠬᠠᠷᠠᠴᠠᠨ ᠳ᠋ᠤ

ᠡᠪᠦᠯ ᠴᠤ ᠬᠠᠢ᠌ᠯᠤᠮᠠᠷ

ᠤᠯᠡᠨ ᠳᠠᠭᠢᠨ ᠤᠩᠰᠢᠬᠳᠡᠬᠤ

ᠡᠦᠬᠤᠷ ᠵᠠᠭᠢᠶ᠎ᠠ ᠨᠤᠭᠤᠳ ᠡᠴᠡ

ᠤᠷᠴᠢᠯᠡᠩ ᠤᠨ ᠶᠤᠰᠤ ᠳᠠᠨᠢᠵᠤ

ᠲ᠋ᠤᠷᠠᠯᠠᠯ ᠤᠨ ᠳᠤᠯᠠᠭᠠᠬᠠᠨ ᠪᠦᠪᠠᠢ ᠳ᠋ᠡᠭᠡᠨ

ᠲ᠋ᠠᠭᠤᠯᠠᠴᠢᠬᠠᠮᠠᠷ ᠰᠠᠨᠠᠭᠳᠠᠵᠤ

ᠴᠢᠮ᠎ᠠ ᠳᠠᠭᠠᠨ ᠭᠡᠵᠤ ᠢᠨᠢᠶᠡᠮᠰᠦᠭᠯᠡᠭᠦ ᠪᠠᠷ

ᠴᠤᠩᠬᠤᠨ ᠳᠤ ᠳᠤᠰᠤᠭᠰᠠᠨ ᠰᠠᠷᠠᠨ ᠤ ᠳᠤᠶᠠᠭᠠᠨ ᠳ᠋ᠤ

ᠴᠠᠰᠤ ᠲᠡᠶ ᠳᠡᠯᠡᠭᠡᠢ ᠨᠠᠩ ᠭᠤᠶᠤᠬᠠᠨ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠭᠡᠰᠢᠭ᠍ᠳᠡᠨ ᠬᠤᠰᠢᠭᠤ

ᠵᠤᠬᠢᠶᠠᠭᠴᠢ᠄ ᠭᠡ᠊·ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2010 ᠤᠨ ᠤ 10 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ