☆ ᠵᠢ᠊·ᠠᠩᠭᠢᠷ
ᠮᠤᠩᠭᠤᠯ ᠬᠡᠯᠡᠨ ᠤ ᠰᠠᠯᠬᠢ
ᠳᠡᠭ᠍ᠷᠢ ᠶᠢᠨ ᠥᠷᠭᠡᠨ ᠳᠠᠩᠨᠠᠢ ᠪᠠᠷ
ᠭᠤᠶᠤᠳᠠᠵᠤ ᠢᠷᠡᠭ᠍ᠰᠡᠨ ᠳᠠᠯ︕
ᠳᠡᠦᠭᠡ ᠶᠢᠨ ᠦᠨᠡᠨ ᠮᠠᠩᠨᠠᠢ ᠪᠠᠷ
ᠭᠤᠯᠭᠠᠵᠤ ᠶᠠᠪᠣᠭᠰᠠᠨ ᠰᠠᠯ︕
ᠮᠤᠩᠭ᠋ᠤᠯ ᠥᠰᠦᠭ᠌ ᠮᠢᠨᠤ︕
ᠮᠤᠩᠭ᠋ᠤᠯ ᠪᠢᠴᠢᠭ᠌ ᠮᠢᠨᠤ︕
ᠰᠦᠨᠤᠰᠢ ᠦᠭᠡᠶ ᠡᠪᠦᠭᠡᠤᠨ ᠤᠨ ᠭᠠᠯ ᠶᠢᠡᠷ
ᠦᠨᠡᠠᠴᠢ ᠶᠢᠨ ᠢᠮ ᠶᠢᠡᠨ ᠳᠠᠷᠤᠭᠰᠠᠨ
ᠰᠥᠭᠦᠷᠡᠰᠢ ᠦᠭᠡᠶ ᠳᠡᠭᠡᠳᠦᠰ ᠤᠨ ᠭᠠᠷ ᠶᠢᠡᠷ
ᠰᠢᠳᠤᠷᠭᠤ ᠶᠢᠨ ᠵᠠᠮ ᠶᠢᠡᠨ ᠳᠠᠯᠪᠢᠭᠰᠠᠨ
ᠦᠪᠡᠷ ᠢ ᠪᠠᠨ ᠢᠳᠡᠭᠡᠭᠦ ᠣᠬᠠᠭᠠᠨ ᠤ ᠶᠠᠠᠳᠠᠷ ᠳᠡᠭᠡᠷ᠎ᠡ
ᠡᠪᠦᠭᠡ ᠶᠢᠨ ᠰᠦᠰᠦ ᠶᠢ ᠪᠠᠷᠢᠵᠤ
ᠥᠷᠦᠭᠡᠯ ᠢ ᠪᠢᠰᠢᠷᠡᠭᠦᠯᠭᠦ ᠣᠶᠤᠨ ᠤ ᠨᠠᠮᠳᠠᠷ ᠳᠡᠭᠡᠷ᠎ᠡ
ᠡᠴᠢᠭᠡ ᠶᠢᠨ ᠰᠦᠯᠳᠡ ᠶᠢ ᠳᠠᠭᠢᠵᠤ
ᠮᠤᠷᠢ ᠲᠡᠶ ᠳᠠᠯ᠎ᠠ ᠶᠢᠨ ᠡᠯᠢᠭᠡᠨ ᠳᠤ
ᠮᠤᠩᠭ᠋ᠤᠯ ᠭᠦᠮᠤᠨ ᠭᠡᠵᠤ ᠣᠨᠠᠯ᠎ᠠ ᠪᠢ
ᠳᠤᠯᠪᠣ ᠲᠡᠶ ᠶᠠᠰᠤ ᠲᠡᠶ ᠣᠭᠰᠠᠭ᠎ᠠ ᠶᠢᠨ ᠶᠢᠡᠨ
ᠣᠮᠤᠭ ᠢ ᠨᠢ ᠡᠷᠭᠦᠵᠤ ᠪᠢᠯᠢᠭ᠌ ᠶᠢᠡᠨ ᠴᠢᠮᠠᠨ᠎ᠠ
ᠳᠤᠮᠤᠭ ᠲᠡᠶ ᠳᠡᠦᠭᠡ ᠲᠡᠶ ᠭᠤᠯᠤᠮᠳᠠ ᠶᠢᠨ ᠶᠢᠡᠨ
ᠣᠪᠣᠭ ᠢ ᠨᠢ ᠡᠭᠦᠷᠴᠤ ᠪᠠᠶ᠎ᠠ ᠪᠠᠨ ᠴᠢᠮᠠᠨ᠎ᠠ︕
ᠭᠡᠯᠡ ᠪᠠᠨ ᠪᠢ ᠰᠤᠷᠤᠨ᠎ᠠ ᠊᠊᠊᠊᠊᠊᠊᠊᠊᠊᠊᠊᠊᠊᠊
ᠬᠤᠯᠢᠶ᠎ᠠ ᠦᠭᠡᠶ ᠮᠤᠩᠭ᠋ᠤᠯ ᠭᠡᠯᠡ ᠪᠠᠷ ᠶᠢᠡᠨ
ᠭᠡᠯᠡ ᠳᠤ ᠪᠢ ᠣᠷᠤᠨ᠎ᠠ
ᠢᠪᠠᠷᠠᠰᠢ ᠦᠭᠡᠶ ᠣᠪᠣᠭᠠᠨ ᠳᠠᠭᠠᠨ ᠰᠥᠭᠦᠦᠡᠴᠤ
ᠢᠵᠠᠷᠠᠰᠢ ᠦᠭᠡᠶ ᠳᠡᠦᠭᠡ ᠶᠢ ᠣᠩᠰᠢᠨ᠎ᠠ᠃
ᠨᠠᠷᠠ ᠪᠠᠨ ᠪᠢ ᠡᠷᠭᠦᠨ᠎ᠡ ᠊᠊᠊᠊᠊᠊᠊᠊᠊᠊᠊᠊᠊᠊᠊
ᠨᠠᠰᠤ ᠵᠦᠪ ᠵᠢᠷᠭᠠᠬᠤ ᠶᠢᠨ
ᠨᠠᠷᠠ ᠪᠠᠨ ᠪᠢ ᠡᠷᠭᠦᠨ᠎ᠡ
ᠪᠢᠯᠢᠭ᠌ ᠤᠨ ᠴᠢᠭᠤᠯᠭᠠᠨ ᠤ ᠳᠤᠯᠭ᠎ᠠ ᠡᠴᠡ
ᠪᠢᠰᠢᠨ ᠳᠤ ᠦᠭᠡᠶ ᠵᠤᠷᠢᠭ ᠳᠡᠭᠡᠭᠡᠭᠦ
ᠶᠡᠭᠡ ᠠᠶᠠᠨ ᠢ ᠰᠥᠷᠭᠦ ᠦᠭᠡᠶ︕
ᠪᠢᠴᠢᠭ᠌ ᠤᠨ ᠦᠨᠳᠦᠷ ᠳᠠᠪᠠᠭ᠎ᠠ ᠡᠴᠡ
ᠪᠢᠳᠡᠭᠦᠤ ᠰᠤᠳᠤᠷ ᠲᠡᠶ ᠵᠤᠳᠤᠭ ᠰᠡᠭ᠍ᠰᠦᠷᠭᠦ
ᠣᠬᠠᠭᠠᠨ ᠪᠣᠳᠤᠯ ᠢ ᠮᠡᠷᠡᠭᠦ ᠦᠭᠡᠶ︕
ᠣᠳᠤᠷ ᠮᠠᠨᠠᠬᠤ ᠡᠴᠡ ᠣᠳᠤᠨ ᠳᠤ ᠭᠠᠷᠬᠤ
ᠮᠠᠩᠬᠠᠨ ᠰᠠᠭᠤᠳᠠᠯ ᠳ᠋ᠠᠭᠢ ᠰᠠᠤᠠᠭᠢᠯ ᠤᠨ ᠦᠯ ᠢ
ᠣᠷᠭ᠎ᠠ ᠴᠢᠷᠭᠦ ᠡᠴᠡ ᠣᠷᠴᠢᠯᠠᠩ ᠬᠤᠪᠢᠶᠠᠯᠴᠠᠬᠤ
ᠮᠠᠢ᠌ᠬᠠᠨ ᠪᠠᠭᠤᠳᠠᠯ ᠳ᠋ᠠᠭᠢ ᠢᠪᠠᠭᠡᠯ ᠤᠨ ᠭᠤᠤᠯ ᠢ
ᠣᠳᠤᠷ ᠤᠨ ᠦᠨᠡᠰᠤᠨ ᠳᠤ ᠪᠢᠰᠢ
ᠣᠨ ᠤ ᠭᠦᠷᠳᠤᠨ ᠳᠡᠭᠡᠷ᠎ᠡ ᠰᠢᠷᠭᠠᠭᠠᠨᠠ︕
ᠣᠷᠳᠤ ᠶᠢᠨ ᠳᠠᠭᠤᠤ ᠪᠠᠨ ᠴᠢᠩᠨᠠᠭᠰᠠᠨ
ᠣᠰᠤᠨ ᠴᠡᠩᠭᠡᠷ ᠡᠭᠡ ᠣᠷᠤᠨ ᠡ︕
ᠣᠳᠤᠮ ᠵᠠᠯᠭᠠᠬᠤ ᠦᠷ᠎ᠡ ᠶᠢᠨ ᠶᠢᠡᠨ
ᠣᠬᠠᠭᠠᠨ ᠵᠠᠯᠠᠬᠤ ᠳᠠᠭᠢᠯᠭ᠎ᠠ ᠡ︕
ᠮᠤᠩᠭ᠋ᠤᠯ ᠭᠡᠯᠡᠨ ᠤ ᠰᠠᠯᠭᠢ
ᠳᠡᠭ᠍ᠷᠢ ᠶᠢᠨ ᠡᠷᠭᠢᠨ ᠳᠡᠭᠡᠷ᠎ᠡ ᠴᠢᠨᠢ ᠱᠤᠤᠭᠢᠨ᠎ᠠ︕
ᠮᠤᠷᠢᠨ ᠵᠢᠯ ᠲᠡᠶ ᠪᠢ
ᠳᠡᠦᠭᠡ ᠶᠢᠨ ᠴᠢᠷᠠᠢ ᠳᠡᠭᠡᠷ᠎ᠡ ᠴᠢᠨᠢ ᠱᠤᠭᠰᠢᠨ᠎ᠠ︕
2006.5.29 ᠬᠦᠬᠡᠬᠤᠲᠠᠨ᠎ᠡ
(ᠪᠦᠭᠦ ᠣᠯᠤᠰ ᠤᠨ 《ᠳᠡᠭ᠍ᠷᠢ ᠶᠢᠨ ᠪᠣᠳᠤᠭᠤ》 ᠢᠷᠠᠭᠤ ᠨᠠᠢ᠌ᠷᠠᠭ ᠤᠨ ᠭᠤᠷᠪᠠᠳᠠᠭᠢ ᠳᠡᠮᠡᠴᠡᠭᠡᠨ ᠤ ᠨᠤᠭᠤᠯᠤᠭ᠎ᠠ ᠣᠷᠤᠯᠳᠤᠭᠠᠨ ᠡᠴᠡ ᠳᠤᠳᠤᠷᠠᠭᠰᠠᠨ ᠪᠦᠳᠦᠭᠡᠯ)
ᠵᠤᠬᠢᠶᠠᠭᠴᠢ ᠶᠢᠨ ᠳᠤᠬᠠᠢ᠄ ᠵᠢ᠊·ᠠᠩᠭᠢᠷ᠂ ᠲᠦᠩᠯᠢᠶᠤᠤ ᠬᠤᠳᠠ ᠶᠢᠨ ᠭᠦᠷᠢᠶ᠎ᠡ ᠬᠤᠰᠢᠭᠤᠨ ᠤ ᠭᠦᠮᠤᠨ᠂ ᠣᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠭᠠᠵᠠᠷ ᠵᠦᠢ ᠶᠢᠨ ᠰᠢᠡᠵᠢᠯᠡᠭᠦ ᠣᠬᠠᠭᠠᠨ ᠤ ᠭᠦᠷᠢᠶᠡᠯᠡᠩ ᠤᠨ 2003 ᠣᠨ ᠤ ᠮᠤᠩᠭ᠋ᠤᠯ ᠠᠩᠭᠢ ᠳᠤ ᠰᠤᠷᠤᠯᠴᠠᠵᠤ ᠪᠠᠢ᠌ᠨ᠎ᠠ᠃
ᠵᠤᠬᠢᠶᠠᠭᠴᠢ᠄ ᠵᠢ᠊·ᠠᠩᠭᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 4182
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ