ᠨᠡᠪᠲᠡᠷᠡᠨ ᠤᠷᠤᠬᠤ
ᠳᠠᠶᠠᠭ

ᠳᠡᠭ᠍ᠷᠢ ᠶᠢᠨ ᠳᠠᠩᠨᠠᠢ ᠶᠢ ᠭᠤᠶᠠᠳᠠᠭᠰᠠᠨ

ᠡᠭᠡ ᠭᠡᠯᠡᠨ ᠤ ᠦᠨᠳᠦᠷ ᠤᠨ ᠰᠠᠯᠭᠢ

ᠣᠬᠠᠭᠠᠨ ᠤ ᠶᠠᠠᠳᠠᠷ ᠳᠡᠭᠡᠷ᠎ᠡ ᠱᠤᠤᠭᠢᠨ᠎ᠠ︕

ᠭᠠᠵᠠᠷ ᠤᠨ ᠮᠠᠩᠨᠠᠢ ᠶᠢ ᠭᠤᠯᠠᠭᠠᠭᠰᠠᠨ

ᠡᠪᠦᠭᠡ ᠳᠡᠭᠡᠳᠦᠰ ᠤᠨ ᠽᠠᠠᠳᠠᠨ ᠳᠠᠶᠠᠭ

ᠳᠡᠦᠭᠡ ᠶᠢᠨ ᠦᠨᠡᠰᠤᠨ ᠳᠡᠭᠡᠷ᠎ᠡ ᠱᠤᠭᠰᠢᠨ᠎ᠠ︕

ᠭᠤᠤᠯ ᠤᠨ ᠣᠷᠤᠰᠬᠠᠯ ᠳᠤ

ᠭᠦᠯᠦᠰᠤ ᠪᠠᠨ ᠡᠷᠭᠦᠭ᠍ᠰᠡᠨ ᠨᠠᠷᠠ

ᠭᠤᠪᠢ ᠶᠢᠨ ᠳᠤᠷᠠᠰᠬᠠᠯ ᠳᠤ

ᠭᠦᠨᠡᠰᠤ ᠪᠠᠨ ᠡᠭᠦᠷᠦᠭ᠍ᠰᠡᠨ ᠨᠠᠷ᠎ᠠ

ᠰᠠᠪᠳᠤᠰᠢ ᠦᠭᠡᠶ ᠭᠡᠢ ᠮᠤᠷᠢ ᠶᠢᠨ

ᠰᠠᠮᠠᠷᠠᠰᠢ ᠦᠭᠡᠶ ᠳᠠᠷᠴᠤᠭ

ᠰᠢᠯᠵᠢᠰᠢ ᠦᠭᠡᠶ ᠦᠯᠵᠡᠢ ᠬᠤᠳᠤᠭ ᠤᠨ

ᠰᠢᠷᠭᠢᠰᠢ ᠦᠭᠡᠶ ᠪᠣᠶᠠᠨ

ᠮᠤᠷᠢᠨ ᠨᠢᠷᠤᠭᠤᠨ ᠳᠤ ᠮᠠᠠᠳᠠᠭᠰᠠᠨ

ᠪᠣᠰᠤᠭ᠎ᠠ ᠰᠠᠯᠠᠮ᠎ᠠ

ᠮᠤᠩᠭ᠋ᠤᠯ ᠭᠡᠷ ᠲᠤ ᠬᠠᠳᠠᠭᠰᠠᠨ

ᠪᠣᠰᠤᠭ᠎ᠠ ᠳᠠᠮᠠᠭ᠎ᠠ

ᠭᠠᠯ ᠲᠡᠶ ᠰᠤᠷ ᠲᠡᠶ ᠭᠤᠯᠤᠮᠳᠠ ᠶᠢᠨ ᠮᠢᠨᠢ

ᠢᠪᠠᠷᠠᠰᠢ ᠦᠭᠡᠶ ᠳᠦᠰᠢᠭ᠌

ᠭᠠᠷ ᠲᠡᠶ ᠰᠦᠷ ᠲᠡᠶ ᠳᠡᠦᠭᠡ ᠶᠢᠨ ᠮᠢᠨᠢ

ᠢᠵᠠᠷᠠᠰᠢ ᠦᠭᠡᠶ ᠭᠡᠰᠢᠭ᠌

ᠲᠦᠷᠦ ᠳᠡᠭᠡᠨ ᠦᠨᠡᠠᠴᠢ ᠬᠠᠭᠠᠨ

ᠳᠡᠦᠭᠡ ᠶᠢᠨ ᠵᠠᠯᠠᠭ᠎ᠠ ᠶᠠᠷᠢᠬᠤ ᠳᠤ

ᠭᠠᠵᠠᠷ ᠲᠠᠭᠠᠨ ᠰᠢᠳᠤᠷᠭᠤ ᠵᠠᠭᠠᠨ

ᠮᠤᠩᠭ᠋ᠤᠯ ᠥᠰᠦᠭ᠌ ᠮᠢᠨᠤ

ᠮᠤᠩᠭ᠋ᠤᠯ ᠪᠢᠴᠢᠭ᠌ ᠮᠢᠨᠤ

ᠣᠬᠠᠭᠠᠨ ᠤ ᠭᠦᠮᠦᠷᠭᠡ ᠶᠢᠨ ᠬᠠᠶ‍ᠢᠭ ᠥᠰᠦᠭ᠌ ᠮᠢᠨᠤ︕

ᠣᠳᠤᠮ ᠣᠭᠰᠠᠭ᠎ᠠ ᠶᠢᠨ ᠳᠠᠶᠠᠭ ᠪᠢᠴᠢᠭ᠌ ᠮᠢᠨᠤ︕

ᠵᠤᠬᠢᠶᠠᠭᠴᠢ᠄ ᠵᠢ᠊·ᠠᠩᠭᠢᠷ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 3665
ᠴᠠᠭ᠄ 2007 ᠤᠨ ᠤ 05 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ