☆ ᠭᠦᠷᠵᠡᠪ
ᠠᠮᠢᠳᠤᠷᠠᠯ ᠤᠨ ᠭᠡᠪ ᠤᠨ ᠪᠣᠰᠤ ᠳᠠᠳᠬᠠᠯ ᠡᠴᠡ ᠣᠯᠬᠤ ᠡᠪᠡᠳᠴᠢᠨ ᠨᠤᠭᠦᠳ
ᠭᠦᠮᠤᠨ ᠡᠪᠠᠦᠡᠴᠢᠯᠡᠭᠦ ᠨᠢ ᠡᠩ ᠤᠨ ᠶᠠᠪᠣᠳᠠᠯ᠃ ᠡᠪᠠᠦᠡᠴᠢᠯᠡᠭᠦ ᠳᠤ᠂ ᠣᠯᠠᠨ ᠳᠠᠯ᠎ᠠ ᠶᠢᠨ ᠰᠢᠯᠳᠠᠭᠠᠨ ᠪᠣᠢ᠃
ᠮᠡᠷᠭᠡᠵᠢᠯᠳᠡᠳ ᠰᠤᠳᠤᠯᠭᠠᠳᠠᠤᠨ ᠤᠨ ᠰᠤᠳᠤᠯᠵᠤ ᠪᠠᠢ᠌ᠭ᠎ᠠ ᠪᠠᠷ ᠪᠣᠯ᠂ ᠣᠳᠤᠭᠢ ᠭᠦᠮᠦᠰ ᠤᠨ ᠡᠪᠡᠳᠴᠢᠨ ᠣᠯᠬᠤ ᠰᠢᠯᠳᠠᠭᠠᠨ ᠣᠯᠠᠨ ᠳᠠᠯ᠎ᠠ ᠶᠢᠨ ᠪᠣᠯᠵᠤ ᠬᠤᠪᠢᠷᠠᠵᠤ ᠪᠣᠢ᠃ ᠠᠩᠬ᠎ᠠ ᠣᠷᠢᠳᠤ ᠶᠢᠨ ᠢᠳᠡᠭ᠍ᠰᠡᠨ ᠣᠤᠭᠤᠭᠰᠠᠨ᠂ ᠠᠵᠢᠯᠯᠠᠭᠰᠠᠨ ᠰᠤᠷᠤᠯᠴᠠᠭᠰᠠᠨ᠂ ᠶᠠᠳᠠᠷᠠᠭᠰᠠᠨ ᠲᠤᠢ᠌ᠯᠳᠠᠭᠰᠠᠨ᠂ ᠳᠠᠭᠠᠷᠠᠭᠰᠠᠨ ᠪᠠᠭᠡᠷᠡᠭ᠍ᠰᠡᠨ ᠵᠡᠷᠭᠡ ᠨᠥᠭᠦᠴᠡᠯ ᠰᠢᠯᠳᠠᠭᠠᠨ ᠡᠴᠡ ᠪᠣᠯᠵᠤ ᠡᠯᠳᠡᠪ ᠡᠪᠡᠳᠴᠢᠨ ᠡᠭᠦᠰᠳᠡᠭ᠌ ᠪᠠᠢ᠌ᠭᠰᠠᠨ ᠡᠴᠡ ᠪᠠᠨ᠂ ᠣᠳᠤ ᠠᠮᠢᠳᠤᠷᠠᠯ ᠤᠨ ᠭᠡᠯᠪᠠᠷᠢ᠂ ᠶᠠᠪᠣᠵᠤ ᠰᠠᠭᠤᠬᠤ ᠨᠥᠭᠦᠴᠡᠯ᠂ ᠭᠦᠮᠤᠨ ᠳᠦᠷᠤᠯᠭᠢᠳᠠᠨ ᠤ ᠠᠮᠢᠳᠤ ᠪᠣᠳᠠᠰ ᠤᠨ ᠰᠤᠳᠤᠯᠤᠯ ᠤᠨ ᠨᠥᠭᠦᠴᠡᠯ᠂ ᠣᠷᠴᠢᠨ ᠳᠤᠭᠤᠷᠢᠨ ᠤ ᠨᠥᠭᠦᠴᠡᠯ᠂ ᠡᠷᠡᠭᠦᠯ ᠮᠠᠠᠳᠤ ᠶᠢᠨ ᠥᠢᠯᠡᠴᠢᠯᠡᠭᠡᠨ ᠤ ᠨᠥᠭᠦᠴᠡᠯ ᠵᠡᠷᠭᠡ ᠡᠴᠡ ᠰᠢᠯᠳᠠᠭᠠᠯᠠᠵᠤ ᠣᠯᠠᠨ ᠳᠠᠯ᠎ᠠ ᠶᠢᠨ ᠡᠪᠡᠳᠴᠢᠨ ᠡᠭᠦᠰᠴᠤ ᠪᠣᠢ᠃ ᠡᠭᠦᠨ ᠳᠤ᠂ ᠠᠮᠢᠳᠤᠷᠠᠯ ᠤᠨ ᠭᠡᠯᠪᠠᠷᠢ ᠪᠠ ᠶᠠᠪᠣᠵᠤ ᠰᠠᠭᠤᠬᠤ ᠨᠥᠭᠦᠴᠡᠯ ᠰᠢᠯᠳᠠᠭᠠᠨ ᠡᠴᠡ ᠪᠣᠯᠵᠤ ᠣᠯᠤᠭᠰᠠᠨ ᠡᠪᠡᠳᠴᠢᠨ ᠨᠢ ᠦᠨᠳᠦᠰᠦᠨ ᠳᠡᠭᠡᠨ ᠪᠦᠭᠦᠯᠢ ᠡᠪᠡᠳᠴᠢᠨ ᠤ ᠪᠠᠨ ᠵᠠᠭᠤᠨ ᠤ ᠳᠠᠪᠢ ᠣᠷᠴᠢᠮ ᠢ ᠡᠵᠡᠯᠡᠵᠤ ᠪᠣᠢ᠃ ᠡᠳᠡᠭᠡᠷ ᠡᠪᠡᠳᠴᠢᠨ ᠳᠤ᠂ ᠭᠤᠤᠯᠳᠠᠭᠤ ᠵᠢᠷᠦᠭᠡ ᠰᠤᠳᠠᠯ ᠤᠨ ᠡᠪᠡᠳᠴᠢᠨ᠂ ᠴᠢᠰᠤᠨ ᠳᠠᠷᠤᠯᠳᠠ ᠦᠨᠳᠦᠷ᠂ ᠰᠢᠭᠢᠷ ᠠᠬᠠᠳᠠᠭᠰᠠᠨ᠂ ᠠᠮᠠ ᠬᠠᠮᠠᠷ ᠮᠤᠷᠣᠢ᠌ᠬᠤ᠂ ᠭᠦᠯ ᠨᠢᠷᠤᠭᠤ ᠭᠦᠵᠦᠭᠦᠤ ᠰᠡᠭᠡᠷ ᠮᠥᠭᠡᠷᠡᠰᠦᠯᠡᠭᠦ᠂ ᠡᠯᠳᠡᠪ ᠵᠣᠢ᠌ᠯ ᠤᠨ ᠦᠮᠠᠨ᠂ ᠵᠢᠴᠢ ᠠᠮᠢᠰᠬᠤᠯ ᠤ ᠰᠢᠰᠲ᠋ᠸᠮ ᠤᠨ ᠡᠪᠡᠳᠴᠢᠨ ᠵᠡᠷᠭᠡ ᠪᠠᠭᠳᠠᠵᠤ ᠪᠣᠢ ᠭᠡᠨ᠎ᠡ᠃
ᠠᠮᠢᠳᠤᠷᠠᠯ ᠤᠨ ᠭᠡᠯᠪᠠᠷᠢ ᠪᠠ ᠶᠠᠪᠣᠵᠤ ᠰᠠᠭᠤᠬᠤ ᠨᠥᠭᠦᠴᠡᠯ ᠡᠴᠡ ᠰᠢᠯᠳᠠᠭᠠᠯᠠᠵᠤ ᠣᠯᠬᠤ ᠡᠪᠡᠳᠴᠢᠨ ᠭᠡᠳᠡᠭ᠌ ᠴᠢᠨᠢ ᠶᠠᠭᠤ ᠪᠣᠢ ︖ ᠭᠡᠪᠠᠯ᠂ ᠮᠢᠨᠤ ᠣᠢ᠌ᠯᠠᠭᠠᠯᠳᠠ ᠪᠠᠷ᠂ ᠡᠨᠡ ᠪᠣᠯ ᠠᠮᠢᠳᠤᠷᠠᠯ ᠤᠨ ᠭᠡᠪ ᠤᠨ ᠪᠣᠰᠤ ᠳᠠᠳᠬᠠᠯ ᠵᠠᠩᠰᠢᠯ ᠡᠴᠡ ᠪᠣᠯᠵᠤ ᠣᠯᠬᠤ᠂ ᠡᠭᠦᠰᠭᠦ ᠡᠪᠡᠳᠴᠢᠨ ᠢ ᠭᠡᠯᠡᠵᠤ ᠪᠣᠢ᠃ ᠮᠠᠨ ᠤ ᠶᠠᠷᠤ ᠶᠢᠨ ᠭᠡᠯᠡᠳᠡᠭ᠌ 《ᠢᠳᠡᠭᠡᠳ ᠣᠯᠬᠤ ᠡᠪᠡᠳᠴᠢᠨ》᠂ 《ᠣᠤᠭᠤᠭᠠᠤᠨ ᠣᠯᠬᠤ ᠡᠪᠡᠳᠴᠢᠨ》᠂ 《ᠣᠠᠳᠠᠭᠠᠤᠨ ᠣᠯᠬᠤ ᠡᠪᠡᠳᠴᠢᠨ》᠂ 《ᠰᠠᠭᠤᠭᠠᠤᠨ ᠣᠯᠬᠤ ᠡᠪᠡᠳᠴᠢᠨ》᠂ 《ᠰᠤᠷᠤᠯᠴᠠᠭᠠᠤᠨ ᠣᠯᠬᠤ ᠡᠪᠡᠳᠴᠢᠨ》᠂ 《ᠠᠵᠢᠯᠯᠠᠭᠠᠤᠨ ᠣᠯᠬᠤ ᠡᠪᠡᠳᠴᠢᠨ》᠂ 《ᠠᠯᠵᠠᠭᠤᠷᠠᠭᠠᠤᠨ ᠣᠯᠬᠤ ᠡᠪᠡᠳᠴᠢᠨ》 ᠵᠡᠷᠭᠡ ᠶᠢ ᠵᠢᠭᠠᠵᠤ ᠪᠣᠢ᠃ ᠡᠳᠡᠭᠡᠷ ᠡᠪᠡᠳᠴᠢᠨ ᠨᠢ ᠭᠤᠤᠯᠳᠠᠭᠤ ᠢᠳᠡᠭᠡᠨ ᠣᠮᠳᠠᠭᠠᠨ ᠤ ᠭᠡᠪ ᠤᠨ ᠪᠣᠰᠤ ᠳᠠᠳᠬᠠᠯ (ᠭᠡᠳᠦᠷᠡᠳᠡᠯ᠎ᠡ ᠢᠳᠡᠭᠦ᠂ ᠣᠤᠭᠤᠬᠤ)᠂ ᠥᠩᠭᠡᠷᠡᠤ ᠶᠠᠭᠠᠷᠠᠵᠤ ᠰᠠᠠᠳᠤᠷᠬᠤ ᠪᠠ ᠪᠢᠴᠢᠮᠳᠠᠵᠤ ᠳᠤᠯᠭᠠᠮᠳᠠᠬᠤ᠂ ᠳᠠᠮᠠᠭᠢ ᠶᠡᠭᠡ ᠳᠠᠳᠠᠬᠤ᠂ ᠠᠷᠢᠭᠢ ᠳᠠᠷᠠᠰᠤ ᠠᠬᠠᠳᠠᠳᠠᠯᠠ ᠣᠤᠭᠤᠬᠤ᠂ ᠵᠢᠴᠢ ᠭᠦᠳᠡᠯᠭᠡᠭᠡᠨ ᠪᠠᠭᠠᠳᠠᠬᠤ ᠵᠡᠷᠭᠡ ᠭᠡᠪ ᠤᠨ ᠪᠣᠰᠤ ᠠᠮᠢᠳᠤᠷᠠᠯ ᠤᠨ ᠳᠠᠳᠬᠠᠯ ᠡᠴᠡ ᠡᠭᠦᠰᠦᠯᠳᠡᠢ᠃ ᠳᠠᠷᠠᠴᠢᠯᠠᠨ ᠣᠯᠠᠩᠭᠢ ᠨᠢ ᠢᠳᠡᠭᠡᠨ ᠣᠮᠳᠠᠭᠠᠨ ᠤ ᠭᠡᠪ ᠤᠨ ᠪᠣᠰᠤ ᠳᠠᠳᠬᠠᠯ ᠡᠴᠡ ᠭᠤᠤᠯ ᠡᠭᠦᠰᠦᠯᠳᠡᠢ ᠭᠡᠵᠤ ᠦᠵᠡᠯᠳᠠᠢ᠃
ᠶᠠᠷᠤ ᠨᠢ ᠭᠦᠮᠦᠰ ᠥᠭᠡᠭᠦ ᠳᠤᠰᠤ ᠥᠩᠭᠡᠷᠡᠤ ᠢᠳᠡᠭᠦ᠂ ᠳᠠᠪᠣᠰᠤ ᠰᠢᠭᠢᠷ ᠠᠬᠠᠳᠠᠳᠠᠯᠠ ᠡᠳ᠋ᠯᠡᠭᠦ᠂ ᠠᠷᠢᠭᠢ ᠳᠠᠮᠠᠭᠢ ᠭᠡᠳᠦᠷᠡᠳᠡᠯ᠎ᠡ ᠳᠠᠳᠠᠬᠤ᠂ ᠠᠯᠵᠠᠭᠤᠷᠠᠵᠤ ᠵᠠᠯᠬᠠᠭᠤᠷᠠᠵᠤ ᠭᠡᠷ ᠤᠨ ᠭᠠᠳᠠᠨᠠᠭᠢ ᠭᠦᠳᠡᠯᠭᠡᠭᠡᠨ ᠳᠤ ᠳᠤᠳᠠᠭᠤ ᠣᠷᠤᠯᠴᠠᠬᠤ ᠵᠡᠷᠭᠡ ᠨᠢ ᠡᠯᠳᠡᠪ ᠡᠪᠡᠳᠴᠢᠨ ᠢ ᠡᠭᠦᠰᠭᠡᠭᠦ ᠭᠤᠤᠯ ᠡᠯᠧᠮᠧᠨ᠋ᠲ ᠪᠣᠯᠵᠤ ᠪᠣᠢ ᠭᠡᠵᠤ ᠥᠵᠡᠳᠡᠭ᠌᠃ ᠡᠨᠡ ᠦᠵᠡᠯᠳᠠ ᠊᠊᠊᠊᠊᠊᠊᠊᠊᠊᠊᠊᠊᠊᠊ ᠣᠷᠤ ᠲᠡᠶ ᠦᠵᠡᠯᠳᠠ ︕
ᠣᠳᠤ ᠮᠠᠨ ᠤ ᠬᠠᠵᠠᠭᠤ ᠳᠤ᠂ ᠳᠡᠭᠡᠷᠡᠭᠢ ᠰᠢᠯᠳᠠᠭᠠᠨ ᠡᠴᠡ ᠪᠣᠯᠵᠤ᠂ ᠡᠯᠳᠡᠪ ᠡᠪᠡᠳᠴᠢᠨ ᠡᠮᠭᠡᠭ᠌ ᠲᠤ ᠨᠡᠷᠪᠠᠭ᠍ᠰᠡᠳ ᠡᠳᠦᠷ ᠢᠷᠡᠭᠦ ᠳᠤᠳᠤᠮ ᠣᠯᠠᠰᠢᠷᠠᠵᠤ ᠪᠣᠢ᠃ ᠡᠪᠦᠭᠡᠳ ᠭᠦᠭ᠍ᠰᠢᠳ ᠢ ᠭᠡᠯᠡᠭᠦ ᠪᠠᠢ᠌ᠳᠤᠭᠠᠢ ᠦᠰᠪᠦᠷᠢ ᠶᠢᠨ ᠵᠢᠭᠠᠯ ᠬᠡᠦᠬᠡᠳ ᠪᠠᠭᠠᠴᠤᠳ ᠴᠤ ᠭᠡᠰᠡᠨ ᠡᠯᠳᠡᠪ ᠤᠨ ᠡᠪᠡᠳᠴᠢᠨ ᠳᠤ ᠨᠡᠷᠪᠠᠭ᠍ᠳᠡᠵᠤ ᠪᠣᠢ᠃ ᠥᠭᠡᠷ᠎ᠡ ᠶᠢ ᠭᠡᠯᠡᠭᠦ ᠦᠭᠡᠶ᠂ ᠭᠠᠭᠴᠠ ᠰᠢᠭᠢᠷ ᠠᠬᠠᠳᠠᠭᠰᠠᠨ᠂ ᠴᠢᠰᠤᠨ ᠳᠠᠷᠤᠯᠳᠠ ᠦᠨᠳᠦᠷ᠂ ᠮᠠᠷᠢᠶᠠᠯᠠᠵᠤ ᠳᠠᠷᠭᠤᠯᠤᠭᠰᠠᠨ ᠵᠡᠷᠭᠡ ᠭᠡᠪ ᠤᠨ ᠪᠣᠰᠤ ᠢᠯᠠᠷᠠᠯᠳᠠᠤᠨ ᠲᠤ᠂ ᠦᠰᠪᠦᠷᠢ ᠪᠠᠭᠠᠴᠤᠳ ᠨᠢ ᠡᠪᠦᠭᠡᠳ ᠨᠠᠰᠤᠳᠠᠤᠨ ᠡᠴᠡ ᠬᠤᠯᠠ ᠣᠯᠠᠨ ᠳᠤᠭ᠎ᠠ ᠶᠢ ᠡᠵᠡᠯᠡᠵᠤ ᠪᠣᠢ ᠭᠡᠵᠤ ᠮᠠᠨ ᠤ ᠭᠢᠨ ᠤ ᠰᠤᠳᠤᠯᠭᠠᠳᠠᠤᠨ ᠶᠠᠷᠢᠵᠤ ᠪᠣᠢ᠃ ᠡᠨᠡ ᠪᠣᠯ ᠪᠦᠷ ᠠᠮᠢᠳᠤᠷᠠᠯ ᠤᠨ ᠭᠡᠪ ᠤᠨ ᠪᠣᠰᠤ ᠳᠠᠳᠬᠠᠯ ᠡᠴᠡ ᠰᠢᠯᠳᠠᠭᠠᠯᠠᠵᠤ ᠣᠯᠵᠤ ᠪᠠᠢ᠌ᠭ᠎ᠠ ᠭᠡᠮ ᠠᠷᠬᠠᠭ ᠤᠳ᠃
ᠪᠢᠳᠠ ᠡᠭᠦᠨ ᠢ ᠭᠦᠡᠳᠦᠳᠭᠡᠵᠤ ᠥᠵᠡᠭᠦᠰᠢᠳᠡᠢ ︕ ᠡᠪᠡᠳᠴᠢᠨ ᠡᠮᠭᠡᠭ᠌ ᠡᠭᠦᠰᠴᠤ ᠪᠠᠢ᠌ᠭ᠎ᠠ ᠭᠤᠤᠯ ᠰᠢᠯᠳᠠᠭᠠᠨ ᠢ ᠨᠢ ᠡᠷᠢᠨ ᠭᠠᠷᠭᠠᠵᠤ᠂ ᠵᠠᠰᠠᠬᠤ᠂ ᠰᠡᠷᠭᠡᠢ᠌ᠯᠡᠭᠦ ᠶᠢ ᠵᠡᠷᠭᠡᠳᠡ ᠨᠢ ᠠᠪᠬᠤ ᠴᠢᠬᠤᠯᠠᠳᠠᠢ ︕ ᠪᠣᠳᠠᠳᠠᠢ ᠰᠢᠭ ᠶᠠᠷᠢᠪᠠᠯ᠂ ᠥᠭᠡᠭᠦ ᠳᠤᠰᠤ ᠲᠡᠶ ᠢᠳᠡᠭᠡᠨ᠂ ᠠᠮᠢᠳᠠᠨ ᠤ ᠳᠤᠳᠤᠷ᠂ ᠳᠠᠪᠣᠰᠤ ᠰᠢᠭᠢᠷ ᠶᠡᠭᠡ ᠢᠳᠡᠭᠡᠨ ᠵᠡᠷᠭᠡ ᠶᠢ ᠳᠤᠳᠠᠭᠤ ᠢᠳᠠᠨ᠎ᠠ᠃ ᠳᠠᠷᠠᠴᠢᠯᠠᠨ ᠢᠳᠡᠭᠦ ᠭᠡᠮᠵᠢᠶ᠎ᠡ ᠪᠠᠨ ᠭᠢᠵᠠᠭᠠᠷᠯᠠᠵᠤ᠂ ᠳᠤᠭᠳᠠᠭᠰᠠᠨ ᠭᠡᠮᠵᠢᠶ᠎ᠡ ᠲᠡᠶ᠂ ᠳᠤᠭᠳᠠᠭᠰᠠᠨ ᠴᠠᠭ ᠲᠡᠶ ᠢᠳᠠᠨ᠎ᠠ ᠭᠡᠵᠢᠶ᠎ᠡ᠂ ᠬᠠᠮᠢᠭ᠎ᠠ ᠪᠣᠯᠤᠭᠰᠠᠨ ᠴᠤ ᠭᠡᠮᠵᠢᠶ᠎ᠡ ᠳᠤᠮᠵᠢᠶ᠎ᠠ ᠦᠭᠡᠶ᠂ ᠭᠢᠷᠢ ᠡᠴᠡ ᠪᠠᠨ ᠠᠬᠠᠳᠠᠳᠠᠯᠠ ᠢᠳᠡᠭᠦ ᠣᠤᠭᠤᠬᠤ ᠶᠢ ᠴᠡᠭᠡᠷᠯᠡᠨ᠎ᠡ᠃ ᠠᠷᠢᠭᠢ ᠳᠠᠮᠠᠭᠢ ᠳᠤᠳᠠᠭᠤ ᠳᠠᠳᠠᠨ᠎ᠠ᠃ ᠪᠠᠶ᠎ᠠ ᠮᠠᠬᠠᠪᠣᠤᠨ ᠢ ᠪᠣᠯᠪᠠᠰᠤᠷᠠᠭᠤᠯᠬᠤ ᠳᠤ ᠠᠰᠢᠭᠳᠠᠢ ᠡᠯ᠎ᠡ ᠵᠣᠢ᠌ᠯ ᠤᠨ ᠭᠦᠳᠡᠯᠭᠡᠭᠡᠨ ᠠᠵᠢᠯᠠᠯᠭ᠎ᠠ ᠳᠤ ᠢᠯᠡᠭᠦᠭᠡᠨ ᠣᠷᠤᠯᠴᠠᠵᠤ᠂ ᠪᠠᠶ᠎ᠠ ᠮᠠᠬᠠᠪᠣᠤᠨ ᠶᠢᠡᠨ ᠳᠠᠰᠤᠷᠠᠯᠳᠠ ᠦᠭᠡᠶ ᠪᠠᠷ ᠳᠠᠪᠳᠠᠨ ᠪᠣᠯᠪᠠᠰᠤᠷᠠᠭᠤᠯᠵᠤ᠂ ᠮᠠᠷᠢᠶᠠᠯᠠᠵᠤ ᠳᠠᠷᠭᠤᠯᠠᠬᠤ ᠶᠢ ᠰᠡᠷᠭᠡᠢ᠌ᠯᠡᠨ᠎ᠡ᠃ ᠮᠠᠷᠢᠶᠠᠯᠠᠵᠤ ᠳᠠᠷᠭᠤᠯᠠᠭᠰᠠᠨ ᠴᠤ ᠮᠠᠷᠢᠶ᠎ᠠ ᠳᠠᠷᠭᠤ ᠪᠠᠨ ᠪᠠᠭᠤᠷᠠᠭᠤᠯᠬᠤ ᠠᠷᠭ᠎ᠠ ᠭᠡᠮᠵᠢᠶ᠎ᠡ ᠶᠢ ᠳᠠᠷᠣᠢ᠌ᠬᠠᠨ ᠠᠪᠣᠨ᠎ᠠ᠃ ᠢᠩᠭᠢᠭᠦ ᠨᠢ ᠠᠮᠢᠳᠤᠷᠠᠯ ᠤᠨ ᠭᠡᠪ ᠤᠨ ᠪᠣᠰᠤ ᠳᠠᠳᠬᠠᠯ ᠡᠴᠡ ᠪᠣᠯᠵᠤ ᠣᠯᠬᠤ ᠡᠪᠡᠳᠴᠢᠨ ᠢ ᠣᠷᠢᠳᠴᠢᠯᠠᠨ ᠰᠡᠷᠭᠡᠢ᠌ᠯᠡᠭᠦ ᠪᠣᠶᠤ ᠨᠢᠭᠡᠨᠲᠡ ᠣᠯᠤᠭᠰᠠᠨ ᠡᠪᠡᠳᠴᠢᠨ ᠢ ᠡᠮᠨᠡᠨ ᠵᠠᠰᠠᠬᠤ ᠳᠤ ᠴᠦᠮ ᠳᠤᠰᠠᠳᠠᠢ ᠪᠢᠯᠠ ︕ ᠠᠮᠢᠳᠤᠷᠠᠯ ᠤᠨ ᠭᠡᠪ ᠤᠨ ᠪᠣᠰᠤ ᠳᠠᠳᠬᠠᠯ ᠡᠴᠡ ᠪᠣᠯᠵᠤ ᠣᠯᠬᠤ ᠡᠪᠡᠳᠴᠢᠨ ᠠᠷᠬᠠᠭ ᠢ ᠦᠨᠳᠦᠰᠦᠨ ᠡᠴᠡ ᠨᠢ ᠵᠠᠰᠠᠵᠤ ᠠᠷᠢᠯᠭᠠᠬᠤ ᠴᠤᠷ ᠤᠨ ᠭᠠᠭᠴᠠ ᠠᠷᠭ᠎ᠠ᠂ ᠵᠠᠮ ᠪᠣᠯ ᠡᠳᠡᠭᠡᠷ ᠭᠡᠵᠤ ᠭᠡᠯᠡᠵᠤ ᠴᠤ ᠪᠣᠯᠬᠤ ᠪᠢᠯᠠ ︕
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠡᠷᠡᠭᠦᠯ ᠡᠩᠬᠡᠳᠠᠷᠤᠮ᠄ 8934
ᠴᠠᠭ᠄ 2011 ᠤᠨ ᠤ 10 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ