ᠨᠡᠪᠲᠡᠷᠡᠨ ᠤᠷᠤᠬᠤ
ᠪᠢᠳᠡᠭᠦᠨ ᠤ ᠰᠦᠨᠢ

ᠬᠤᠳᠠ ᠪᠠᠯᠭᠠᠰᠤᠵᠢᠭᠤᠯᠤᠯᠳᠠ᠂ ᠳᠡᠯᠡᠭᠡᠢ᠌ᠵᠢᠭᠦᠯᠦᠯᠳᠡ᠂ ᠠᠵᠤ ᠥᠢᠯᠡᠰᠵᠢᠭᠦᠯᠦᠯᠳᠡ ᠶᠢᠨ ᠰᠠᠯᠭᠢ ᠮᠠᠯᠵᠢᠬᠤ ᠣᠷᠤᠨ ᠤ ᠵᠢᠵᠢᠭ᠌ ᠪᠠᠯᠭᠠᠰᠤ ᠳᠤ ᠰᠢᠨ᠎ᠡ ᠠᠮᠢᠵᠢᠷᠠᠯ ᠤᠨ ᠭᠦᠴᠤᠨ ᠣᠯᠭᠤᠵᠤ ᠦᠭ‍ᠭᠦ ᠶᠢᠨ ᠳᠠᠭᠠᠤ ᠨᠡᠭᠦᠳᠡᠯ ᠮᠠᠯᠵᠢᠯ᠂ ᠰᠠᠭᠤᠷᠢᠰᠢᠯ ᠮᠠᠯᠵᠢᠯ ᠡᠴᠡ ᠪᠠᠯᠭᠠᠰᠤᠵᠢᠭᠤᠯᠤᠯᠳᠠ ᠳᠤ ᠰᠢᠯᠵᠢᠵᠤ ᠪᠠᠢ᠌ᠭ᠎ᠠ ᠮᠠᠯᠴᠢᠳ ᠲᠤ ᠰᠢᠨ᠎ᠡ ᠵᠦᠷᠢᠴᠠᠯ ᠮᠥᠷᠭᠦᠯᠳᠦᠭᠡᠨ ᠢ ᠠᠪᠴᠢᠷᠠᠨ ᠥᠭ᠍ᠴᠤ᠂ ᠨᠡᠢ᠌ᠭᠡᠮ ᠨᠢ ᠰᠢᠨ᠎ᠠ ᠵᠦᠷᠢᠴᠠᠯ ᠮᠥᠷᠭᠦᠯᠳᠦᠭᠡᠨ ᠤ ᠳᠤᠮᠳᠠ ᠭᠦᠭ᠍ᠵᠢᠯᠳᠡ ᠶᠢᠨ ᠵᠢᠮ᠎ᠠ ᠬᠠᠤᠯᠢ ᠪᠠᠷ ᠶᠢᠡᠨ ᠣᠷᠤᠭᠰᠢᠯᠠᠵᠤ ᠯᠠ ᠪᠠᠢ᠌ᠯ᠎ᠠ᠃

ᠪᠠᠯᠭᠠᠰᠤ ᠶᠢᠨ ᠰᠠᠭᠤᠭ᠎ᠠ ᠭᠠᠵᠠᠷ ᠤᠨ ᠪᠢᠳᠡᠭᠦᠨ ᠤ ᠰᠦᠨᠢ ᠭᠡᠭ᠍ᠴᠢ ᠮᠠᠩᠬᠠᠨ ᠪᠣᠯᠤᠩ ᠡᠴᠡ ᠬᠤᠯᠠ ᠢᠯᠡᠭᠦᠤ ᠢᠯᠭᠠᠭ᠎ᠠ ᠲᠡᠶ ᠪᠠᠢ᠌ᠪᠠ᠃ ᠠᠷᠰᠯᠠᠨ ᠭᠤᠸᠠᠢ ᠶᠢᠨ ᠭᠢᠨ ᠪᠣᠰᠤᠳ ᠠᠢ᠌ᠯ ᠡᠷᠦᠭᠡ ᠲᠡᠶ ᠠᠳᠠᠯᠢ ᠪᠠᠷ ᠪᠢᠳᠡᠭᠦᠨ ᠤ ᠡᠳᠦᠷ ᠲᠤ ᠰᠠᠭᠤᠭᠠᠯᠢ ᠠᠷᠠᠤᠨ ᠤᠨ ᠠᠰᠠᠷ ᠤᠨ ᠶᠢᠡᠨ ᠡᠭᠦᠳᠡᠨ ᠳᠤ ᠮᠤᠩᠭ᠋ᠤᠯ ᠬᠤᠤᠰ ᠤᠶᠠᠩ‍ᠭ᠎ᠠ ᠶᠢ ᠳᠤᠷᠠᠢ᠌ᠳᠠᠯ᠎ᠠ ᠨᠠᠭᠠᠴᠢᠵᠠᠢ᠃ ᠡᠷᠢᠶᠡᠨ ᠬᠤᠳᠠᠨ ᠳᠤ ᠰᠠᠭᠤᠭ᠎ᠠ ᠬᠤᠶᠠᠷ ᠭᠦᠤ ᠨᠢ ᠪᠦᠷ ᠭᠡᠷ ᠶᠢᠡᠷ ᠶᠢᠡᠨ ᠰᠢᠨᠡᠯᠡᠭᠦ ᠪᠠᠷ ᠢᠷᠡᠭ᠍ᠰᠡᠨ ᠪᠣᠯᠬᠤᠷ ᠭᠦᠮᠤᠨ ᠠᠮᠠ ᠣᠯᠠᠨ ᠪᠣᠯᠵᠤ᠂ ᠥᠩᠭᠡᠷᠡᠭ᠍ᠰᠡᠨ ᠵᠢᠯ ᠳᠤ ᠡᠪᠦᠭᠡᠨ ᠭᠦᠭ᠍ᠰᠢᠨ ᠬᠤᠶᠠᠷ ᠤᠨ ᠮᠠᠩᠬᠠᠨ ᠣᠳᠤᠷ ᠳᠡᠭᠡᠷ᠎ᠡ ᠪᠠᠨ ᠰᠢᠨᠡᠯᠡᠳᠡᠭ᠌ ᠡᠴᠡ ᠬᠤᠯᠠ ᠥᠢᠮᠡᠭᠡᠨ ᠲᠡᠶ ᠪᠣᠯᠵᠠᠢ᠃ ᠶᠡᠭᠡ ᠪᠠᠷᠢ ᠨᠢ ᠬᠠᠳᠠᠮ ᠡᠵᠢ ᠲᠡᠶ ᠪᠠᠨ ᠳᠤᠭᠤᠭᠠᠨ ᠭᠡᠷ ᠲᠤ ᠬᠤᠭᠤᠯᠠ ᠪᠣᠳᠠᠭ᠎ᠠ ᠪᠠᠵᠠᠭᠠᠵᠤ᠂ ᠪᠠᠭ᠎ᠠ ᠪᠠᠷᠢ ᠨᠢ ᠭᠠᠵᠠᠷ ᠤᠨ ᠳᠠᠰ ᠤᠨ ᠵᠠᠯᠠᠭᠤ ᠺᠠᠳᠠᠷ ᠭᠡᠳᠡᠭ᠌ ᠶᠢᠡᠷ ᠶᠢᠡᠨ ᠵᠤᠴᠢᠳ ᠤᠨ ᠳᠠᠰᠤᠯᠭ᠎ᠠ᠂ ᠣᠠᠳᠠᠬᠤ ᠥᠷᠦᠭᠡ ᠵᠡᠷᠭᠡ ᠶᠢ ᠵᠥᠯᠭᠦᠵᠤ ᠠᠷᠴᠢᠨ ᠶᠡᠭᠡ ᠬᠤᠳᠠ ᠶᠢᠨ ᠰᠠᠭᠤᠭᠠᠯᠢ ᠠᠷᠠᠤᠨ ᠤᠨ ᠠᠰᠠᠷ ᠰᠢᠭ᠌ ᠴᠢᠮᠠᠵᠤ ᠵᠠᠰᠠᠴᠢᠬᠠᠯ᠎ᠠ᠃ ᠠᠷᠰᠯᠠᠨ ᠤ ᠣᠮᠪᠣᠯᠤ ᠬᠡᠦᠬᠡᠳ ᠤᠳ ᠨᠢ ᠬᠤᠳᠠᠨ ᠳᠤ ᠰᠠᠭᠤᠵᠤ ᠭᠢᠳᠠᠤᠨ ᠪᠢᠴᠢᠭ᠌ ᠦᠵᠡᠵᠤ ᠪᠠᠢ᠌ᠬᠤ ᠪᠣᠯᠬᠤᠷ ᠭᠢᠳᠠᠤᠨ ᠶᠢᠡᠷ ᠳᠸᠯᠸᠢᠰ ᠪᠠ ᠺᠤᠮᠫᠢᠦ᠋ᠲ᠋ᠧᠷ ᠦᠵᠡᠵᠤ ᠭᠦᠦᠷᠨᠢᠯᠳᠤᠨ᠎ᠡ᠃ ᠠᠷᠰᠯᠠᠨ ᠭᠤᠸᠠᠢ ᠴᠤᠩᠬᠤ ᠪᠠᠨ ᠨᠡᠭᠡᠭᠡᠵᠤ ᠳᠠᠮᠠᠭᠢ ᠪᠠᠨ ᠨᠤᠴᠤᠭᠠᠨ ᠣᠳᠤᠭ᠎ᠠ ᠪᠠᠭᠠᠭᠢᠭᠤᠯᠵᠤ ᠭᠠᠷᠪᠠ᠃ ᠵᠤᠴᠢᠳ ᠤᠨ ᠥᠷᠦᠭᠡ ᠡᠴᠡ ᠪᠢᠴᠢᠬᠠᠨ ᠣᠮᠪᠣᠯᠤ ᠠᠮᠤᠷ ᠨᠢ᠄ 《ᠭᠡᠨ ᠳᠠᠮᠠᠭᠢ ᠳᠠᠳᠠᠵᠤ ᠪᠠᠢ᠌ᠬᠤ ᠪᠣᠢ︖ ᠫᠣ ᠡᠨ᠂ ᠣᠳᠤᠭ᠎ᠠ︕》 ᠭᠡᠵᠤ ᠬᠠᠰᠭᠢᠷᠴᠤ ᠭᠠᠷᠤᠯ᠎ᠠ᠃ 《ᠠᠢ ᠬᠠᠷᠠᠯᠠ︕ ᠭᠡᠷ ᠤᠨ ᠬᠠᠭᠠᠨ ᠢ ᠣᠳᠤᠴᠢᠭᠰᠠᠨ ᠶᠤᠮ ᠪᠠᠢ᠌ᠨ᠎ᠠ ᠰᠢᠳᠠ︕》 ᠭᠡᠳ ᠢᠨᠢᠶᠡᠮᠰᠦᠭᠯᠡᠭ᠍ᠰᠡᠭᠡᠷ ᠠᠷᠰᠯᠠᠨ ᠭᠤᠸᠠᠢ ᠭᠠᠳᠠᠨ᠎ᠠ ᠭᠤᠯᠳᠤᠩ ᠳᠤ ᠭᠠᠷᠤᠯ᠎ᠠ᠃ ᠠᠷᠰᠯᠠᠨ ᠤ ᠭᠡᠷ ᠲᠤ ᠪᠠᠨ ᠣᠷᠤᠵᠤ ᠢᠷᠡᠭᠦ ᠳᠤ ᠭᠦᠭ᠍ᠰᠢᠨ ᠨᠢ ᠨᠢᠭᠡᠨᠲᠡ ᠴᠢᠩᠭᠢᠰ ᠬᠠᠭᠠᠨ ᠤ ᠭᠦᠷᠦᠭ᠌ ᠤᠨ ᠡᠮᠤᠨ᠎ᠡ ᠳᠠᠭᠢᠯᠭ᠎ᠠ ᠳᠠᠯᠪᠢᠵᠤ ᠪᠠᠷᠠᠭᠠᠤᠨ ᠠᠭᠤᠯᠠᠨ ᠥᠭᠡᠳᠡ ᠭᠠᠷᠴᠤ ᠪᠠᠢ᠌ᠭ᠎ᠠ ᠪᠠᠷᠰ ᠲᠡᠶ ᠬᠠᠨ᠎ᠠ ᠶᠢᠨ ᠵᠢᠷᠤᠭ ᠢ ᠳᠤᠳᠤᠷ ᠬᠠᠨ᠎ᠠ ᠳᠠᠭᠠᠨ ᠡᠭᠦᠳᠡᠨ ᠵᠥᠭ᠌ ᠪᠠᠨ ᠬᠠᠠᠳᠤᠭᠤᠯᠵᠤ ᠨᠠᠭᠠᠵᠤ᠂ ᠡᠪᠦᠭᠡᠨ ᠤ ᠪᠠᠨ ᠬᠠᠮᠤᠭ ᠤᠨ ᠬᠠᠢ᠌ᠷᠠᠳᠠᠢ ᠬᠤᠪᠢᠨ ᠤ ᠠᠳᠤᠭᠤᠨ ᠰᠥᠷᠦᠭ᠌ ᠤᠨ ᠭᠡᠷᠡᠯ ᠵᠢᠷᠤᠭ ᠢ ᠵᠡᠭᠦᠨ ᠬᠠᠨ᠎ᠠ ᠶᠢᠨ ᠭᠤᠤᠯ ᠳᠤᠮᠳᠠ ᠡᠯᠭᠦᠵᠤ ᠳᠠᠯᠪᠢᠴᠢᠵᠠᠢ᠃ ᠠᠷᠰᠯᠠᠨ ᠶᠡᠭᠡ ᠬᠠᠨᠤᠮᠵᠢᠳᠠᠢ ᠳᠤᠯᠤᠭᠠᠢ ᠳᠤᠭᠢᠵᠤ᠂ ᠭᠦᠭ᠍ᠰᠢᠨ ᠤ ᠪᠠᠨ ᠵᠥᠭ᠌᠄ 《ᠣᠷᠤᠢ ᠶᠢᠨ ᠳᠤᠶ‍ᠢᠩ ᠰᠢᠳᠠᠭᠠᠬᠤ ᠶᠠᠭᠤᠮ᠎ᠠ ᠶᠢ ᠪᠡᠯᠡᠳᠭᠡᠪᠠᠤ︖》 ᠭᠡᠪᠡ᠃ ᠭᠦᠭ᠍ᠰᠢᠨ ᠨᠢ᠄ 《ᠪᠡᠯᠡᠳᠭᠡᠴᠢᠭ᠍ᠰᠡᠨ︕ ᠶᠠᠭᠠᠷᠠᠭᠰᠠᠭᠠᠷ ᠪᠠᠢ᠌ᠭᠠᠤᠨ ᠣᠳᠤᠷ ᠡᠴᠡ ᠰᠢᠳᠠᠭᠠᠯᠭ᠎ᠠ ᠶᠢᠨ ᠲᠦᠯᠡᠰᠢ ᠠᠪᠴᠢᠷᠠᠬᠤ ᠪᠠᠨ ᠮᠠᠷᠳᠠᠴᠢᠬᠠᠭᠰᠠᠨ ᠪᠢᠰᠢᠤ︖》 ᠭᠡᠪᠡ᠃ ᠶᠡᠭᠡ ᠭᠦᠤ ᠨᠢ ᠴᠠᠭᠠᠨ᠎ᠠ ᠡᠴᠡ᠄ 《ᠣᠷᠤᠢ ᠶᠢᠨ ᠪᠣᠳᠠᠭ᠎ᠠ ᠪᠠᠨ ᠢᠳᠠᠵᠤ ᠪᠠᠷᠠᠭᠠᠤᠨ ᠪᠢ ᠵᠢᠫᠦ᠋ ᠳᠡᠷᠭᠡ ᠪᠠᠷ ᠣᠳᠤᠷ ᠳᠡᠭᠡᠷ᠎ᠡ ᠣᠴᠢᠵᠤ ᠳᠤᠶ‍ᠢᠩ ᠰᠢᠳᠠᠭᠠᠤᠨ ᠢᠷᠠᠶ᠎ᠠ︕》 ᠭᠡᠯ᠎ᠡ᠃ ᠡᠨᠡ ᠨᠢ ᠠᠷᠰᠯᠠᠨ ᠤ ᠴᠢᠭᠢᠨ ᠳᠤ ᠱᠤᠷ ᠱᠠᠭᠠᠭᠰᠠᠨ ᠠᠳᠠᠯᠢ ᠰᠠᠨᠠᠭᠳᠠᠵᠠᠢ᠃ ᠳᠡᠭᠦᠨ ᠤ ᠭᠦᠷᠡᠩ ᠬᠠᠷ᠎ᠠ ᠴᠢᠷᠠᠢ ᠨᠢ ᠳᠠᠷᠠ ᠳᠤᠤᠷ᠎ᠠ ᠪᠠᠨ ᠭᠦᠭᠡᠷᠤᠨ ᠭᠦᠷᠡᠭᠡ ᠶᠢᠨ ᠰᠤᠳᠠᠯ ᠨᠢ ᠭᠦᠭᠡᠭᠡᠵᠤ᠄ 《ᠪᠢ ᠭᠡᠯᠡᠭ᠍ᠰᠡᠨ ᠦᠭᠡᠶ ᠦᠦ︖ ᠣᠳᠤᠷ ᠳᠡᠭᠡᠷ᠎ᠡ ᠪᠠᠨ ᠰᠢᠨᠡᠯᠡᠴᠢᠭᠡᠶ᠎ᠡ ᠭᠡᠭᠦ ᠳᠤ ᠵᠠᠪᠠᠯ ᠡ᠊ᠨᠳᠡ ᠰᠢᠨᠠᠯᠠᠨ᠎ᠡ ᠭᠡᠨ᠎ᠡ᠃ ᠳᠡᠭᠡᠳᠦᠰ ᠲᠡᠭᠡᠨ ᠳᠤᠶ‍ᠢᠩ ᠰᠢᠳᠠᠭᠠᠬᠤ ᠡᠴᠡ ᠡᠮᠤᠨ᠎ᠡ ᠪᠢᠳᠡᠭᠦᠨ ᠤ ᠪᠣᠳᠠᠭ᠎ᠠ ᠪᠠᠨ ᠢᠳᠠᠵᠤ ᠪᠣᠯᠬᠤ ᠶᠤᠮ ᠦᠦ︖ ᠳᠠᠪᠢ ᠶᠢ ᠭᠦᠭᠡᠭᠡᠵᠤ ᠪᠠᠢ᠌ᠭᠠᠤᠨ ᠡᠨᠡᠭᠡᠨ ᠶᠤᠰᠤ ᠣᠴᠢᠷ ᠢ ᠮᠡᠳᠡᠭᠦ ᠦᠭᠡᠶ︕》 ᠭᠡᠵᠤ ᠠᠳᠠᠯᠠᠵᠤ ᠭᠠᠷᠪᠠ᠃ ᠬᠤᠶᠠᠳᠤᠭᠠᠷ ᠭᠦᠤ ᠨᠢ ᠴᠠᠭᠠᠨ᠎ᠠ ᠡᠴᠡ᠄ 《ᠠᠪᠣ ᠶᠠᠭᠠᠭᠢᠵᠤ ᠪᠠᠢ᠌ᠬᠤ ᠶᠤᠮ︖ ᠡᠢ᠌ᠮᠤ ᠪᠠᠶᠠᠷ ᠭᠦᠷ ᠲᠡᠶ ᠡᠳᠦᠷ ᠢᠩᠭᠢᠨ᠎ᠡ ᠦᠦ ᠳ᠋ᠠ︖ ᠮᠦᠤᠠᠳᠤ ᠪᠢᠳᠠ ᠭᠡᠳᠦᠭᠦᠯᠡ ᠵᠢᠫᠦ᠋ ᠳᠡᠷᠭᠡ ᠪᠠᠷ ᠶᠢᠡᠨ ᠣᠳᠤᠷ ᠳᠡᠭᠡᠷ᠎ᠡ ᠪᠠᠨ ᠶᠠᠪᠣᠵᠤ ᠳᠤᠶ‍ᠢᠩ ᠰᠢᠳᠠᠭᠠᠵᠤ ᠪᠠᠷᠠᠭᠠᠤᠨ ᠡᠷᠭᠢᠵᠤ ᠢᠷᠡᠭᠡᠳ ᠪᠣᠳᠠᠭ᠎ᠠ ᠪᠠᠨ ᠢᠳᠠᠶ᠎ᠠ ︕》 ᠭᠡᠪᠡ᠂ 《ᠡᠨᠡ ᠪᠠᠰᠠ ᠪᠣᠯᠤᠨ᠎ᠠ︕》 ᠠᠷᠰᠯᠠᠨ ᠭᠤᠸᠠᠢ ᠶᠢᠨ ᠠᠭᠤᠷ ᠨᠢ ᠪᠠᠭ᠎ᠠ ᠨᠠᠮᠠᠬᠠᠷᠠᠵᠤ ᠢᠷᠠᠯ᠎ᠠ᠃

ᠪᠠᠯᠭᠠᠰᠤ ᠶᠢᠨ ᠲᠦᠪ ᠡᠴᠡ ᠠᠷᠰᠯᠠᠨ ᠤ ᠣᠳᠤᠷ ᠭᠦᠷᠳᠡᠯ᠎ᠡ ᠠᠷᠪᠠᠨ ᠳᠠᠪᠤᠨ ᠺᠢᠯᠤᠮᠸᠲ᠋ᠷ ᠵᠠᠢ᠌ᠳᠠᠢ ᠳᠤᠯᠠ ᠳᠠᠳᠠ ᠠᠷᠪᠠᠨ ᠳᠠᠪᠣᠬᠠᠨ ᠮᠢᠨᠦ᠋ᠲ ᠶᠠᠪᠣᠮᠠᠭᠴᠠ ᠣᠳᠤᠷ ᠲᠠᠭᠠᠨ ᠭᠦᠷᠴᠢᠭᠡᠵᠡᠢ᠃ ᠳᠠᠷᠠ ᠬᠤᠶᠠᠷ ᠭᠦᠤ ᠬᠤᠶᠠᠷ ᠣᠮᠪᠣᠯᠤ ᠲᠡᠶ ᠪᠠᠨ ᠳᠠᠪᠣᠭᠤᠯᠠ ᠮᠠᠰᠢᠨ ᠳᠡᠷᠭᠡ ᠪᠠᠷ ᠶᠢᠡᠨ ᠣᠳᠤᠷ ᠳᠡᠭᠡᠷ᠎ᠡ ᠪᠠᠨ ᠭᠦᠷᠴᠡᠢ᠃ ᠠᠷᠰᠯᠠᠨ ᠭᠦᠵᠢ ᠰᠢᠳᠠᠭᠠᠵᠤ᠂ ᠰᠢᠳᠠᠭᠠᠯᠠᠭ᠎ᠠ ᠶᠢᠨ ᠶᠠᠭᠤᠮ᠎ᠠ ᠪᠠᠨ ᠠᠷᠢᠭᠤᠯᠠᠨ ᠭᠠᠯ ᠳᠤ ᠡᠷᠭᠦᠵᠤ ᠳᠡᠭᠡᠳᠦᠰ ᠤᠨ ᠣᠩᠭ᠋ᠤᠨ ᠵᠥᠭ᠌ ᠶᠢᠡᠨ ᠬᠠᠠᠳᠤᠨ ᠮᠥᠷᠭᠦᠵᠤ᠄ 《ᠠᠵᠠᠢ᠂ ᠮᠥᠮᠥ ᠡ︕ ᠪᠠᠰᠠ ᠨᠢᠭᠡ ᠵᠢᠯ ᠥᠩᠭᠡᠷᠡᠴᠢᠭᠡᠯ᠎ᠡ᠃ ᠭᠦᠤ ᠴᠢᠨᠢ ᠪᠢ ᠬᠤᠶᠠᠷ ᠭᠦᠤ ᠬᠤᠶᠠᠷ ᠣᠮᠪᠣᠯᠤ ᠪᠠᠨ ᠳᠠᠭᠠᠭᠤᠯᠵᠤ ᠳᠠ ᠬᠤᠶᠠᠷ ᠲᠤ ᠪᠠᠨ ᠰᠢᠳᠠᠭᠠᠯᠠᠭ᠎ᠠ ᠰᠢᠳᠠᠭᠠᠵᠤ ᠪᠠᠢ᠌ᠨ᠎ᠠ᠃ ᠮᠠᠨ ᠤ ᠠᠮᠢᠳᠤᠷᠠᠯ ᠳᠠ ᠬᠤᠶᠠᠷ ᠤᠨ ᠮᠠᠨᠢ ᠳᠤᠭᠠᠯᠠᠵᠤ᠂ ᠳᠡᠭ᠍ᠷᠢ ᠪᠣᠷᠬᠠᠨ ᠳᠤ ᠵᠠᠯᠪᠢᠷᠠᠵᠤ ᠳᠠᠭᠠᠠᠳᠬᠠᠭᠰᠠᠨ ᠤ ᠰᠠᠢ᠌ᠨ ᠶᠢᠡᠷ ᠵᠢᠯ ᠡᠴᠠ ᠵᠢᠯ ᠰᠠᠢ᠌ᠵᠢᠷᠠᠵᠤ ᠪᠠᠢ᠌ᠨ᠎ᠠ᠃ ᠡᠨᠡ ᠵᠢᠯ ᠪᠢᠳᠠ ᠪᠠᠯᠭᠠᠰᠤ ᠶᠢᠨ ᠲᠦᠪ ᠳᠡᠭᠡᠷ᠎ᠡ ᠪᠠᠨ ᠨᠢᠭᠡ ᠠᠰᠠᠷ ᠬᠤᠳᠠᠯᠳᠤᠨ ᠠᠪᠣᠯ᠎ᠠ᠃ ᠬᠤᠶᠠᠷ ᠣᠮᠪᠣᠯᠤ ᠶᠢᠨ ᠴᠢᠨᠢ ᠮᠠᠢ᠌ᠮᠠᠢ ᠶᠢᠨ ᠣᠷᠤᠯᠭ᠎ᠠ ᠪᠠᠰᠠ ᠶᠡᠭᠡ ᠰᠠᠢ᠌ᠨ᠃ ᠬᠤᠶᠠᠳᠤᠭᠠᠷ ᠣᠮᠪᠣᠯᠤ ᠪᠠᠷᠢ ᠴᠢᠨᠢ ᠶᠡᠭᠡ ᠨᠤᠶᠠᠨ ᠰᠠᠭᠤᠵᠤ ᠪᠠᠢ᠌ᠨ᠎ᠠ᠃ ᠣᠮᠪᠣᠯᠤ ᠶᠢᠨ ᠴᠢᠨᠢ ᠬᠡᠦᠬᠡᠳ ᠪᠦᠷ ᠪᠢᠴᠢᠭ᠌ ᠦᠵᠡᠵᠤ ᠪᠠᠢ᠌ᠨ᠎ᠠ᠃ ᠭᠡᠪᠠᠴᠤ ᠭᠢᠳᠠᠤᠨ ᠶᠢᠡᠷ ᠰᠤᠷᠤᠭᠰᠠᠨ ᠨᠢ ᠬᠠᠷᠠᠮᠰᠠᠯᠳᠠᠢ᠃ ᠪᠢ ᠳᠠᠳᠠᠨ ᠢ 〈ᠮᠤᠩᠭ᠋ᠤᠯ ᠥᠭᠡ ᠭᠡᠯᠡ ᠪᠠᠨ ᠪᠣᠤ ᠯᠠ ᠮᠠᠷᠳᠠ︕〉 ᠭᠡᠵᠤ ᠱᠠᠭᠠᠷᠳᠠᠵᠤ ᠪᠠᠢ᠌ᠨ᠎ᠠ᠃ ᠶᠡᠭᠡ ᠣᠮᠪᠣᠯᠤ ᠴᠢᠨᠢ ᠳᠠᠪᠢ ᠰᠢᠬᠠᠴᠢᠭᠠᠤᠨ ᠪᠠᠰᠠ ᠦᠪᠡᠷ ᠤᠨ ᠵᠠᠩ ᠵᠠᠩᠰᠢᠯ ᠶᠢᠡᠨ ᠰᠠᠢ᠌ᠬᠠᠨ ᠮᠡᠳᠡᠭᠦ ᠦᠭᠡᠶ ᠪᠠᠢ᠌ᠭᠰᠠᠭᠠᠷ ᠁ ᠭᠦᠤ ᠴᠢᠨᠢ ᠪᠢ ᠬᠡᠦᠬᠡᠳ ᠶᠢᠡᠨ ᠰᠠᠢ᠌ᠨ ᠰᠤᠷᠭᠠᠵᠤ ᠴᠢᠳᠠᠭᠰᠠᠨ ᠦᠭᠡᠶ ᠳᠠ ᠬᠤᠶᠠᠷ ᠲᠤ ᠣᠰᠤᠯᠳᠠᠵᠤ ᠪᠠᠢ᠌ᠨ᠎ᠠ᠃ ᠦᠭᠡᠶ᠂ ᠶᠡᠭᠡ ᠭᠦᠤ ᠶᠢ ᠳᠠ ᠬᠤᠶᠠᠷ ᠭᠡᠳᠦᠷᠭᠡᠢ ᠡᠷᠭᠡᠯᠡᠭᠦᠯᠴᠢᠭᠡᠭ᠍ᠰᠡᠨ ᠶᠤᠮ᠃ ᠡᠷᠭᠡ ᠳᠤᠷ᠎ᠠ ᠪᠠᠷ ᠶᠢᠡᠨ ᠥᠰᠦᠭ᠍ᠰᠡᠨ ᠬᠡᠦᠬᠡᠳ ᠶᠠᠭᠤᠮ᠎ᠠ ᠰᠤᠷᠬᠤ ᠪᠠᠷ ᠠᠨᠠᠢ ᠶᠤᠮ ᠪᠠ︖ ᠢᠷᠡᠭᠦ ᠵᠢᠯ ᠳᠤ ᠠᠰ ᠤᠨ ᠪᠠᠶ᠎ᠠ ᠪᠣᠯᠤᠨ ᠭᠡᠷ ᠬᠤᠳᠠᠯᠠᠭᠠᠷ ᠤᠨ ᠶᠢᠡᠨ ᠡᠷᠡᠭᠦᠯ ᠮᠠᠠᠳᠤ᠂ ᠠᠵᠤ ᠠᠮᠢᠳᠤᠷᠠᠯ ᠤᠨ ᠥᠭᠡᠳᠡ ᠡᠰᠡᠷᠡᠭ᠌ ᠪᠠᠢ᠌ᠬᠤ ᠶᠢ ᠳᠠ ᠬᠤᠶᠠᠷ ᠲᠤ ᠪᠠᠨ ᠵᠠᠯᠪᠢᠷᠠᠨ ᠳᠠᠭᠠᠳᠬᠠᠵᠤ ᠪᠠᠢ᠌ᠨ᠎ᠠ᠃ ᠦᠷ᠎ᠡ ᠬᠣᠢ᠌ᠴᠢᠰ ᠴᠢᠨᠢ ᠯᠠᠪᠳᠠᠢ ᠳᠠᠨᠠᠷ ᠤᠨ ᠶᠢᠡᠨ ᠨᠠᠷ᠎ᠠ ᠲᠦᠷᠦ ᠶᠢ ᠮᠠᠠᠳᠤᠭᠤᠯᠵᠤ ᠶᠠᠪᠣᠬᠤ ᠶᠤᠮ ᠁》 ᠭᠡᠵᠤ ᠠᠮᠠᠨ ᠳᠠᠭᠠᠨ ᠰᠢᠪᠰᠢᠵᠤ ᠪᠠᠢ᠌ᠭᠰᠠᠨ ᠢ ᠨᠢ ᠶᠡᠭᠡ ᠭᠦᠤ ᠨᠢ ᠣᠯᠵᠤ ᠰᠤᠨᠤᠰᠤᠭᠰᠠᠨ ᠦᠭᠡᠶ᠃ ᠬᠤᠶᠠᠷ ᠭᠦᠤ ᠪᠣᠯᠤᠨ ᠬᠤᠶᠠᠷ ᠣᠮᠪᠣᠯᠤ ᠨᠢ ᠠᠷᠰᠯᠠᠨ ᠢ ᠳᠠᠭᠠᠵᠤ ᠳᠤᠩᠭ᠋ᠤᠰ ᠳᠤᠩᠭ᠋ᠤᠰ ᠮᠥᠷᠭᠦᠨ᠂ ᠠᠮᠠ ᠠᠮᠠᠨ ᠳᠠᠭᠠᠨ᠄ 《ᠳᠡᠭᠡᠳᠦᠰ ᠳᠡᠭᠡᠨ ᠳᠤᠶ‍ᠢᠩ ᠰᠢᠳᠠᠭᠠᠵᠤ ᠥᠭ᠍ᠴᠤ ᠪᠠᠢ᠌ᠨ᠎ᠠ᠃ ᠮᠠᠨ ᠢ ᠪᠠᠨ ᠳᠠᠯᠳᠠ ᠶ‍ᠢᠷᠳᠢᠠᠴᠤ ᠡᠴᠡ ᠳᠠᠮᠵᠢᠵᠤ ᠳᠤᠰᠠᠯᠠᠵᠤ ᠪᠠᠢ ᠳ᠋ᠠ︕》 ᠭᠡᠵᠤ ᠵᠠᠯᠪᠢᠷᠠᠵᠤ ᠳᠠᠭᠠᠳᠬᠠᠵᠤ᠂ ᠪᠠᠩᠰᠢ᠂ ᠮᠢᠬ᠎ᠠ ᠥᠭᠡᠭᠦ᠂ ᠴᠠᠢ᠂ ᠡᠮᠦᠰᠭᠡᠯ ᠤᠨ ᠪᠦᠰ᠂ ᠵᠤᠭᠤᠰ ᠵᠡᠷᠭᠡ ᠶᠢ ᠡᠪᠦᠭᠡ ᠳᠡᠭᠡᠳᠦᠰ ᠤᠨ ᠰᠦᠨᠠᠰᠤ ᠰᠠᠭᠢᠭᠤᠰᠤ ᠳᠤ ᠰᠢᠳᠠᠭᠠᠵᠤ ᠦᠭ‍ᠭᠦᠨ᠎ᠡ᠃

ᠠᠷᠰᠯᠠᠨ ᠤ ᠣᠳᠤᠷ ᠭᠡᠳᠡᠭ᠌ ᠨᠢ ᠦᠨᠡᠨ ᠳᠡᠭᠡᠨ ᠳᠡᠭᠦᠨ ᠤ ᠮᠠᠩᠬᠠᠨ ᠳ᠋ᠠᠭᠢ ᠰᠠᠭᠤᠷᠢᠰᠢᠯ ᠨᠢ ᠪᠣᠯᠤᠨ᠎ᠠ᠃ ᠡ᠊ᠨᠳᠡ ᠳᠡᠭᠦᠨ ᠤ ᠳᠦᠷᠪᠡᠨ ᠳᠠᠰᠤᠯᠭ᠎ᠠ ᠪᠠᠢ᠌ᠰᠢᠩ ᠭᠡᠷ ᠪᠠ ᠭᠤᠷᠪᠠᠨ ᠮᠢᠩᠭ᠋ᠠᠨ ᠮᠤ ᠮᠠᠩᠬᠠᠨ ᠪᠠᠯᠴᠢᠭᠡᠷ᠂ ᠮᠠᠯ ᠤᠨ ᠬᠠᠰᠢᠶ᠎ᠠ ᠰᠠᠷᠠᠪᠴᠢ᠂ ᠳᠦᠴᠢ ᠳᠠᠪᠢᠨ ᠮᠠᠯ ᠨᠢ ᠪᠠᠢ᠌ᠳᠠᠭ᠃ ᠦᠳᠡ ᠶᠢᠨ ᠡᠮᠤᠨ᠎ᠡ ᠳᠠᠷᠠ᠂ ᠪᠣᠷᠬᠠᠨ ᠶᠢᠡᠨ ᠳᠠᠭᠢᠵᠤ ᠪᠠᠷᠠᠭᠠᠤᠨ ᠬᠠᠰᠢᠶᠠᠨ ᠳᠠᠭᠠᠨ ᠭᠦᠷᠴᠤ ᠮᠠᠯ ᠶᠢᠡᠨ ᠪᠦᠷᠢᠦᠡᠭᠡᠨ᠂ ᠮᠠᠯ ᠤᠨ ᠬᠠᠰᠢᠶ᠎ᠠ᠂ ᠮᠤᠷᠢᠨ ᠣᠶᠠᠭ᠎ᠠ᠂ ᠢᠩ ᠳᠡᠭᠡᠷᠡᠮ᠎ᠡ᠂ ᠬᠤᠤᠠᠳᠤᠭ ᠣᠰᠤᠨ ᠳᠠᠭᠠᠨ ᠣᠯᠠᠭᠠᠨ ᠴᠠᠭᠠᠰᠤᠨ ᠳᠡᠭᠡᠷ᠎ᠡ ᠤᠶᠠᠩ‍ᠭ᠎ᠠ ᠪᠢᠴᠢᠵᠤ ᠨᠠᠭᠠᠨ᠂ ᠳᠤᠰᠤ ᠥᠭᠡᠭᠦ ᠪᠠᠷ ᠮᠢᠯᠢᠶᠠᠨ᠂ ᠬᠤᠷᠤᠳ ᠪᠣᠤᠪᠣ ᠪᠣᠭᠤᠷᠰᠤᠭ ᠴᠢᠪᠠᠭ᠎ᠠ ᠪᠠᠷ ᠳᠠᠭᠢᠯᠭ᠎ᠠ ᠳᠠᠯᠪᠢᠵᠠᠢ᠃ ᠣᠳᠤ ᠳᠠᠷᠠ ᠡᠳᠡᠭᠡᠷ ᠶᠢᠡᠨ ᠳᠠᠭᠢᠨ ᠠᠵᠢᠭᠯᠠᠵᠤ ᠥᠵᠡᠭᠡᠳ ᠬᠡᠦᠬᠡᠳ ᠶᠢᠡᠨ ᠳᠠᠭᠠᠭᠤᠯᠤᠨ ᠭᠡᠷ ᠤᠨ ᠡᠮᠦᠨᠡᠭᠢ ᠳᠤᠪᠣᠷᠬᠠᠭ ᠰᠢᠭ᠌ ᠭᠠᠵᠠᠷ ᠰᠢᠷᠤᠢ ᠶᠢᠨ ᠣᠪᠣᠭ᠎ᠠ ᠪᠣᠰᠬᠠᠵᠤ ᠮᠠᠠᠳᠠᠯ ᠵᠤᠬᠢᠶᠠᠭᠠᠤᠨ᠄ 《ᠮᠠᠷᠭᠠᠰᠢ ᠥᠷᠯᠦᠭᠡ ᠡ᠊ᠨᠳᠡ ᠢᠷᠠᠵᠤ ᠳᠡᠭ᠍ᠷᠢ ᠳᠠᠭᠢᠶ᠎ᠠ︕》 ᠭᠡᠪᠡ᠃ ᠬᠠᠰᠢᠶᠠᠨ ᠳ᠋ᠠᠭᠢ ᠮᠠᠯ ᠨᠢ ᠳᠡᠭᠦᠨ ᠢ ᠥᠵᠡᠭᠡᠳ ᠥᠯᠡᠯᠵᠡᠭᠦ ᠨᠢ ᠶᠠᠭ ᠯᠠ ᠡᠩᠭᠦᠷᠡᠢ ᠬᠡᠦᠬᠡᠳ ᠨᠢ ᠡᠭᠡ ᠪᠠᠨ ᠥᠵᠡᠭᠡᠳ ᠥᠭᠡᠳᠡ ᠡᠴᠡ ᠨᠢ ᠡᠷᠭᠡᠯᠡᠨ ᠢᠨᠢᠶᠠᠵᠤ ᠪᠠᠢ᠌ᠬᠤ ᠰᠢᠭ᠌ ᠰᠠᠨᠠᠭᠳᠠᠵᠠᠢ᠃

ᠬᠤᠶᠠᠳᠤᠭᠠᠷ ᠭᠦᠤ ᠨᠢ ᠵᠢᠫᠦ᠋ ᠳᠡᠷᠭᠡᠨ ᠤ ᠯᠠᠪᠠᠷ ᠶᠢᠡᠨ ᠳᠤᠤᠭᠠᠷᠭᠠᠵᠤ ᠠᠰᠠᠷ ᠵᠥᠭ᠌ ᠶᠢᠡᠨ ᠶᠠᠪᠣᠬᠤ ᠪᠠᠷ ᠮᠡᠳᠡᠭ᠍ᠳᠡᠯ᠎ᠡ᠃ ᠠᠷᠰᠯᠠᠨ ᠶᠠᠭᠠᠷᠠᠵᠤ ᠰᠠᠠᠳᠤᠷᠤᠭᠰᠠᠨ ᠴᠤ ᠦᠭᠡᠶ᠃ ᠳᠠᠷᠠ ᠣᠳᠤᠷ ᠶᠢᠡᠨ ᠨᠢᠳᠤ ᠳᠦᠭᠦᠷᠡᠩ ᠨᠢᠭᠡ ᠰᠠᠢ᠌ᠬᠠᠨ ᠬᠠᠷᠠᠵᠤ ᠠᠪᠣᠭᠠᠤᠨ ᠳᠡᠷᠭᠡᠨ ᠳᠤ ᠰᠠᠭᠤᠯ᠎ᠠ᠃ ᠠᠷᠰᠯᠠᠨ ᠳᠤ ᠪᠣᠯ ᠡᠨᠡ ᠣᠳᠤᠷ ᠨᠢ ᠳᠡᠭᠦᠨ ᠤ ᠠᠮᠢ ᠭᠤᠤᠯ᠂ ᠠᠮᠢᠳᠤᠷᠠᠯᠭ᠎ᠠ ᠶᠢᠨ ᠭᠢᠨᠢ ᠭᠤᠤᠯ ᠢᠷᠠᠯᠳᠠ ᠪᠠᠢ᠌ᠯ᠎ᠠ᠃ ᠳᠠᠷᠠ 《ᠭᠦᠮᠤᠨ ᠶᠠᠭᠤᠨ ᠤ ᠳᠦᠯᠦᠭᠡ ᠳᠠᠮᠠᠴᠠᠯᠳᠠᠵᠤ ᠪᠠᠢ᠌ᠬᠤ ᠪᠣᠢ︖ ᠪᠦᠷ ᠯᠠ ᠡᠨᠡ ᠭᠠᠵᠠᠷ ᠰᠢᠷᠤᠢ ᠶᠢᠨ ᠳᠦᠯᠦᠭᠡ ᠰᠢᠳᠠ︕ ᠮᠠᠯᠴᠢᠨ ᠭᠦᠮᠤᠨ ᠪᠠᠯᠴᠢᠭᠡᠷ ᠣᠰᠤ ᠪᠠᠨ ᠠᠯᠳᠠᠴᠢᠬᠠᠪᠠᠯ ᠨᠢᠴᠦᠭᠦᠨ ᠶᠠᠳᠠᠭᠤ ᠥᠭᠡᠭᠦᠤ ᠠᠩᠭᠢ ᠪᠣᠯᠤᠭᠰᠠᠨ ᠭᠡᠵᠤ ᠮᠠᠳᠠ︕ ᠡᠭᠦᠨ ᠢ ᠪᠠᠨ ᠠᠳᠬᠤᠵᠤ ᠪᠠᠢ᠌ᠪᠠᠯ ᠰᠡᠳᠭᠢᠯ ᠳᠤᠳᠤᠷ᠎ᠠ ᠳᠤᠭᠳᠠᠪᠣᠷᠢᠳᠠᠢ ᠪᠢᠰᠢᠤ︖》 ᠭᠡᠵᠤ ᠪᠣᠳᠤᠵᠤ ᠵᠠᠪᠳᠤᠵᠠᠢ᠃ ᠳᠠᠷᠠ ᠵᠠᠮ ᠳᠤᠷᠰᠢ ᠡᠯᠳᠡᠪ ᠢ ᠪᠣᠳᠤᠵᠤ ᠶᠠᠪᠣᠯ᠎ᠠ᠃ ᠨᠢᠳᠤᠨᠤᠨ ᠵᠢᠯ ᠬᠡᠦᠬᠡᠳ ᠨᠢ ᠳᠡᠭᠦᠨ ᠢ ᠡᠷᠢᠶᠡᠨ ᠬᠤᠳᠠᠨ ᠳᠤ ᠠᠪᠠᠴᠢᠵᠤ ᠰᠢᠨᠡᠯᠡᠭᠦᠯᠦᠭᠡᠳ ᠳᠠᠠᠳᠠ ᠥᠯᠡᠳᠡᠭᠡᠨ ᠠᠪᠴᠤ ᠰᠠᠭᠤᠬᠤ ᠭᠡᠰᠡᠨ ᠳᠤ ᠳᠠᠷᠠ 《ᠬᠠᠩᠵᠤᠨ ᠳᠡᠭᠡᠷ᠎ᠡ ᠣᠠᠳᠠᠵᠤ ᠰᠤᠷᠤᠭᠰᠠᠨ ᠭᠦᠮᠤᠨ ᠠᠰᠠᠷ ᠳᠡᠭᠡᠷ᠎ᠡ ᠣᠠᠳᠠᠵᠤ ᠣᠷᠤᠬᠤ ᠦᠭᠡᠶ ᠪᠠᠢ᠌ᠨ᠎ᠠ᠃ ᠭᠡᠷ ᠥᠭᠡᠷᠡᠯᠭᠡᠵᠤ ᠪᠠᠢ᠌ᠨ᠎ᠠ᠃ ᠡᠨᠡ ᠭᠠᠵᠠᠷ ᠳᠠᠨᠢᠵᠤ ᠮᠡᠳᠡᠭᠦ ᠭᠦᠮᠤᠨ ᠦᠭᠡᠶ᠂ ᠵᠤᠭᠤᠭ ᠳᠡᠯᠭᠡᠭᠦ ᠭᠦᠮᠤᠨ ᠦᠭᠡᠶ ᠪᠣᠭᠤᠭᠳᠠᠵᠤ ᠥᠭᠦᠯ᠎ᠡ᠃ ᠣᠳᠤᠷ ᠳᠡᠭᠡᠷ᠎ᠡ ᠪᠠᠨ ᠬᠠᠷᠢᠵᠤ ᠥᠭᠡᠷ ᠠᠳᠤᠭᠤ ᠲᠡᠶ ᠪᠠᠨ ᠭᠡᠯᠡᠯᠴᠡᠭᠦ ᠶᠢ ᠭᠦᠷᠭᠦ ᠦᠭᠡᠶ᠃ ᠡ᠊ᠨᠳᠡ ᠬᠤᠷᠢᠭᠳᠠᠵᠤ ᠪᠦᠳᠡᠩᠰᠡᠵᠤ ᠥᠭᠦᠭᠦ ᠪᠠᠷ ᠶᠢᠡᠨ ᠨᠤᠳᠤᠭ ᠲᠠᠭᠠᠨ ᠬᠠᠷᠢᠵᠤ ᠬᠠᠷᠠᠭᠠᠨ᠎ᠠ ᠪᠣᠳᠠᠨ ᠤ ᠡᠩᠭᠡᠷ ᠲᠤ ᠭᠦᠯᠳᠡᠵᠤ ᠥᠭᠦᠭ᠍ᠰᠡᠨ ᠳᠡᠭᠡᠷ᠎ᠡ ᠁》 ᠭᠡᠳ ᠡᠷᠢᠶᠡᠨ ᠬᠤᠳᠠᠨ ᠳᠤ ᠰᠠᠭᠤᠵᠤ ᠳᠡᠢ᠌ᠯᠦᠭ᠍ᠰᠡᠨ ᠦᠭᠡᠶ᠂ ᠡᠭᠡᠨᠡᠷ ᠶᠢᠡᠨ ᠳᠠᠠᠳᠠ ᠬᠠᠶᠠᠭᠠᠤᠨ ᠭᠠᠭᠴᠠ ᠪᠠᠷ ᠶᠢᠡᠨ ᠨᠤᠳᠤᠭ ᠳᠠᠭᠠᠨ ᠬᠠᠷᠢᠵᠤ ᠢᠷᠠᠵᠠᠢ᠃ ᠡᠨᠡ ᠵᠢᠯ ᠶᠡᠭᠡ ᠭᠦᠤ ᠨᠢ ᠨᠤᠳᠤᠭ ᠤᠨ ᠭᠢᠨᠢ ᠪᠠᠯᠭᠠᠰᠤ ᠶᠢᠨ ᠲᠦᠪ ᠳᠤ ᠮᠠᠯᠴᠢᠳ ᠤᠨ ᠰᠠᠭᠤᠭᠠᠯᠢ ᠠᠰᠠᠷ ᠤᠳ ᠬᠣᠢ᠌ᠨ᠎ᠠ ᠬᠣᠢ᠌ᠨ᠎ᠠ ᠡᠴᠡ ᠪᠠᠨ ᠪᠣᠰᠬᠠᠭᠳᠠᠵᠤ ᠪᠠᠢ᠌ᠨ᠎ᠠ ᠭᠡᠰᠡᠨ ᠢ ᠰᠤᠨᠤᠰᠤᠭᠠᠤᠨ ᠳᠠᠯᠠ ᠶᠢ ᠭᠦᠭᠡᠭᠡᠵᠤ ᠶᠠᠪᠣᠭ᠎ᠠ ᠠᠪᠣ ᠡᠵᠢ ᠪᠠᠨ ᠵᠢᠷᠭᠠᠭᠤᠯᠬᠤ ᠭᠡᠵᠤ ᠡᠨᠡ ᠠᠰᠠᠷ ᠢ ᠬᠤᠳᠠᠯᠳᠤᠨ ᠠᠪᠴᠤ ᠥᠭ᠍ᠴᠡᠢ᠃ ᠭᠦᠤ ᠨᠢ ᠠᠰᠠᠷ ᠠᠪᠬᠤ ᠳᠤ ᠪᠠᠩᠭᠢ ᠡᠴᠡ ᠵᠢᠭᠡᠯᠡᠯᠭᠡ ᠵᠢᠭᠡᠯᠡᠵᠤ ᠦᠷᠢ ᠳᠠᠳᠠᠯ᠎ᠠ ᠭᠡᠵᠤ ᠭᠡᠯᠡᠭᠦ ᠡᠴᠡ ᠠᠶᠤᠨ ᠵᠢᠭᠡᠯᠡᠯᠭᠡ ᠶᠢᠨ ᠣᠴᠢᠷ ᠢ ᠳᠠᠰᠤ ᠨᠢᠭᠤᠵᠤ ᠭᠡᠢ ᠭᠠᠷᠭᠠᠭᠰᠠᠨ ᠦᠭᠡᠶ᠃ ᠬᠠᠠᠵᠤ ᠦᠭᠡᠶ ᠪᠣᠯ ᠠᠰᠠᠷ ᠲᠤ ᠣᠷᠤᠬᠤ ᠦᠭᠡᠶ ᠡᠴᠡ ᠠᠶᠤᠬᠤ ᠳᠠᠭᠠᠨ ᠠᠰᠠᠷ ᠤᠨ ᠨᠢᠭᠡ ᠳᠠᠰᠤᠯᠭ᠎ᠠ ᠣᠠᠳᠠᠯᠭ᠎ᠠ ᠶᠢᠨ ᠥᠷᠦᠭᠡ ᠳᠤ ᠭᠠᠵᠠᠷ ᠬᠠᠯᠠᠭᠠᠯᠭ᠎ᠠ ᠳᠠᠭᠠᠷᠠᠭᠤᠯᠵᠤ ᠮᠤᠳᠤᠨ ᠬᠠᠠᠵᠤ ᠪᠠᠷᠢᠵᠤ ᠠᠪᠣ ᠶᠢᠨ ᠶᠢᠡᠨ ᠠᠮᠠ ᠶᠢ ᠪᠦᠭᠯᠡᠯ᠎ᠡ᠃ ᠳᠠᠯ᠎ᠠ ᠳᠠᠯ᠎ᠠ ᠶᠢᠨ ᠡᠯ᠎ᠡ ᠡᠳᠡᠭᠡᠳ ᠤᠨ ᠭᠦᠮᠦᠰ ᠤᠨ ᠬᠠᠰᠢᠵᠤ ᠬᠤᠮᠢᠵᠤ ᠭᠡᠯᠡᠭᠦ ᠶᠢᠨ ᠰᠠᠢ᠌ᠨ ᠶᠢᠡᠷ ᠡᠪᠦᠭᠡᠨ ᠭᠦᠭ᠍ᠰᠢᠨ ᠬᠤᠶᠠᠷ ᠰᠢᠨ᠎ᠡ ᠠᠰᠠᠷ ᠲᠤ ᠪᠠᠭᠤᠵᠤ ᠢᠷᠡᠭᠡᠳ ᠰᠢᠨ᠎ᠡ ᠭᠦᠷᠭᠡᠨ ᠰᠢᠨ᠎ᠡ ᠪᠠᠷᠢ ᠰᠢᠭ᠌ ᠬᠤᠶᠠᠷ ᠬᠤᠨᠤᠭ ᠢ ᠳᠤᠭᠤᠢ ᠥᠩᠭᠡᠷᠡᠭᠡᠭ᠍ᠰᠡᠨ ᠪᠣᠯᠪᠠᠴᠤ 《ᠮᠠᠯ᠂ ᠮᠠᠯ︕》 ᠭᠡᠳ ᠪᠠᠰᠠ ᠯᠠ ᠣᠳᠤᠷ ᠲᠤ ᠪᠠᠨ ᠶᠠᠪᠣᠴᠢᠯ᠎ᠠ᠃ ᠳᠡᠭᠡᠭᠡᠳ ᠭᠦᠮᠤᠨ ᠬᠠᠷᠭᠤᠪᠠᠯ᠄ 《ᠮᠢᠨᠤ ᠬᠤᠶᠠᠷ ᠭᠦᠤ ᠨᠠᠳᠠᠳᠤ ᠠᠰᠠᠷ ᠠᠪᠴᠤ ᠥᠭ᠍ᠴᠡᠢ᠃ ᠦᠷ᠎ᠡ ᠶᠢᠨ ᠶᠢᠡᠨ ᠰᠠᠢ᠌ᠨ ᠢ ᠦᠵᠡᠵᠤ ᠥᠳᠡᠯᠦᠭᠡ ᠨᠠᠰᠤᠨ ᠳᠠᠭᠠᠨ ᠵᠢᠷᠭᠠᠵᠤ ᠪᠠᠢ᠌ᠨ᠎ᠠ ᠡ︕ ᠮᠢᠨᠤ ᠬᠤᠶᠠᠷ ᠭᠦᠤ ᠠᠷᠠᠯᠵᠢᠶ᠎ᠠ ᠮᠠᠢ᠌ᠮᠠᠢ ᠭᠡᠵᠤ ᠳᠤᠯᠤᠭᠠᠢ ᠨᠢ ᠭᠠᠳᠠᠭᠰᠢ ᠪᠠᠨ ᠬᠠᠠᠳᠤᠵᠤ ᠭᠦᠶ‍ᠦᠭᠦ ᠶᠤᠮ᠃ ᠳᠠᠷᠠ ᠬᠤᠶᠠᠷ ᠴᠤ ᠬᠠᠷᠢᠵᠤ ᠢᠷᠠᠵᠤ ᠭᠡᠳᠤᠨ ᠮᠠᠯ ᠤᠨ ᠪᠦᠭ᠍ᠰᠡ ᠶᠢ ᠳᠠᠭᠠᠬᠤ ᠡᠴᠡ ᠥᠩᠭᠡᠷᠡᠴᠢᠵᠡᠢ᠃ ᠡᠪᠦᠭᠡᠨ ᠭᠦᠭ᠍ᠰᠢᠨ ᠪᠢᠳᠠ ᠬᠤᠶᠠᠷ ᠨᠡᠢ᠌ᠭᠡᠮ ᠤᠨ ᠰᠠᠢ᠌ᠨ ᠳᠤ ᠡᠪᠡᠳᠴᠢᠨ ᠡᠮᠵᠡᠭ᠌ ᠦᠭᠡᠶ ᠳᠡᠩᠭᠡᠯᠡᠭᠦᠨ ᠪᠠᠢ᠌ᠨ᠎ᠠ᠃ ᠬᠤᠶᠠᠷ ᠣᠮᠪᠣᠯᠤ ᠪᠠᠨ ᠰᠤᠷᠭᠠᠭᠤᠯᠢ ᠳᠡᠭᠦᠰᠳᠡᠯ᠎ᠡ ᠨᠤᠳᠤᠭ ᠢ ᠨᠢ ᠰᠠᠭᠢᠵᠤ ᠪᠠᠢ᠌ᠶ᠎ᠠ︕》 ᠭᠡᠵᠤ ᠭᠡᠯᠡᠵᠤ ᠪᠠᠢ᠌ᠯ᠎ᠠ ᠁

《ᠵᠢᠫᠦ᠋ ᠳᠡᠷᠭᠡ ᠭᠡᠳᠡᠭ᠌ ᠶᠤᠷᠤ ᠤᠨ ᠰᠠᠢ᠌ᠨ ᠶᠠᠭᠤᠮ᠎ᠠ ᠪᠠᠢ᠌ᠨ᠎ᠠ᠂ ᠪᠢ ᠮᠤᠷᠢ ᠪᠠᠷ ᠶᠢᠡᠨ ᠶᠠᠪᠣᠭᠰᠠᠨ ᠪᠣᠯ ᠬᠠᠭᠠᠰ ᠴᠠᠭ ᠪᠤᠯᠤᠯᠭᠦᠢ᠃ ᠠᠷᠪᠠᠭᠠᠤᠨ ᠮᠢᠨᠦ᠋ᠲ ᠳᠤᠳᠤᠷ᠎ᠠ ᠶᠠᠪᠣᠭᠠᠤᠨ ᠢᠷᠡᠴᠢᠭᠡᠯ᠎ᠡ ᠰᠢᠳᠠ︕》 ᠭᠡᠭ᠍ᠰᠡᠭᠡᠷ ᠠᠷᠰᠯᠠᠨ ᠭᠤᠸᠠᠢ ᠠᠰᠠᠷ ᠳᠡᠭᠡᠷ᠎ᠡ ᠪᠠᠨ ᠭᠠᠷᠴᠠᠢ᠃ ᠭᠦᠭ᠍ᠰᠢᠨ ᠨᠢ᠄ 《ᠣᠭ ᠲᠠᠭᠠᠨ ᠪᠢᠳᠠ ᠪᠢᠳᠡᠭᠦᠨ ᠳᠤ ᠬᠤᠨᠢᠨ ᠳᠤᠯᠤᠭᠠᠢ ᠴᠢᠨᠠᠵᠤ᠂ ᠬᠤᠨᠢᠨ ᠳᠤᠯᠤᠭᠠᠢ ᠶᠢᠨ ᠱᠦᠯᠦᠨ ᠳᠤᠰᠤ ᠪᠠᠷ ᠴᠤᠩᠬᠤ ᠡᠭᠦᠳᠡᠨ ᠳᠡᠭᠡᠨ ᠵᠤᠯᠠ ᠠᠰᠠᠭᠠᠳᠠᠭ᠃ ᠡᠨᠡ ᠵᠢᠯ ᠠᠰᠠᠷ ᠲᠤ ᠣᠷᠤᠭᠰᠠᠨ ᠪᠣᠯᠬᠤᠷ ᠡᠨᠡ ᠶᠢ ᠨᠢ ᠳᠦᠭᠦᠮᠴᠢᠯᠡᠵᠤ ᠮᠤᠩᠭ᠋ᠤᠯ ᠭᠢᠳᠠᠤᠨ ᠵᠠᠩᠰᠢᠯ ᠢ ᠬᠤᠯᠢᠵᠤ ᠪᠢᠳᠡᠭᠦᠨ ᠤ ᠪᠣᠳᠠᠭ᠎ᠠ ᠭᠡᠵᠤ ᠪᠡᠯᠡᠳᠭᠡᠯ᠎ᠡ᠃ ᠡᠪᠦᠭᠡᠨ ᠣᠷᠤᠨ ᠳᠤ ᠪᠠᠨ ᠰᠠᠭᠤ ᠳ᠋ᠠ︕ ᠬᠡᠦᠬᠡᠳ ᠴᠢᠨᠢ 〈ᠬᠠᠭᠤᠴᠢᠨ ᠵᠢᠯ ᠤᠨ ᠬᠤᠤᠷᠠᠵᠠ᠂ ᠭᠦᠪᠠᠭᠦᠨ ᠦᠷ᠎ᠡ ᠶᠢᠨ ᠴᠢᠨᠢ ᠭᠦᠴᠤ〉 ᠭᠡᠵᠤ ᠠᠷᠢᠭᠢ ᠪᠠᠷᠢᠬᠤ ᠭᠡᠵᠤ ᠪᠠᠢ᠌ᠨ᠎ᠠ᠂ ᠡᠪᠦᠭᠡᠨ ᠵᠢᠯ ᠶᠢᠡᠨ ᠦᠳᠡᠵᠤ᠂ ᠥᠩᠭᠡ ᠲᠡᠶ ᠵᠢᠯ ᠶᠢᠡᠨ ᠣᠭᠳᠤᠵᠠᠭᠠᠶ᠎ᠠ︕》 ᠭᠡᠵᠤ ᠭᠡᠯᠡᠵᠤ ᠭᠠᠷᠪᠠ᠃ ᠬᠤᠶᠠᠷ ᠪᠠᠷᠢ ᠨᠢ ᠠᠯᠢ ᠭᠡᠳᠥᠢ᠌ᠨ ᠰᠢᠷᠡᠭᠡ ᠵᠠᠰᠠᠵᠤ᠂ ᠳᠦᠭᠦᠷᠢᠭ᠌ ᠰᠢᠷᠡᠭᠡᠨ ᠳᠡᠭᠡᠷ᠎ᠡ ᠴᠢᠨᠠᠭᠰᠠᠨ ᠬᠤᠨᠢᠨ ᠮᠢᠬ᠎ᠠ᠂ ᠬᠠᠭᠤᠷᠴᠤ ᠬᠠᠭᠠᠷᠢᠭᠰᠠᠨ ᠫᠢᠯᠠ ᠲᠡᠶ ᠨᠤᠭᠤᠭ᠎ᠠ᠂ ᠯᠤᠩᠬᠤ ᠲᠡᠶ ᠠᠷᠢᠭᠢ ᠶᠢ ᠠᠪᠴᠢᠷᠠᠵᠤ ᠳᠠᠯᠪᠢᠵᠠᠢ᠃ ᠬᠤᠶᠠᠷ ᠭᠦᠤ᠂ ᠬᠤᠶᠠᠷ ᠪᠠᠷᠢ᠂ ᠬᠤᠶᠠᠷ ᠣᠮᠪᠣᠯᠤ ᠨᠢ ᠬᠣᠢ᠌ᠨ᠎ᠠ ᠬᠣᠢ᠌ᠨ᠎ᠠ ᠡᠴᠡ ᠪᠠᠨ ᠠᠷᠰᠯᠠᠨ ᠡᠪᠦᠭᠡᠨ ᠭᠦᠭ᠍ᠰᠢᠨ ᠬᠤᠶᠠᠷ ᠲᠤ ᠪᠢᠳᠡᠭᠦᠨ ᠤ ᠠᠷᠢᠭᠢ ᠪᠠᠷᠢᠭᠰᠠᠨ ᠳᠤ ᠮᠠᠨ ᠤ ᠭᠦᠮᠤᠨ ᠬᠤᠶᠠᠷ ᠭᠦᠤ ᠪᠠᠨ᠄ 《ᠠᠷᠠᠯᠵᠢᠶ᠎ᠠ ᠮᠠᠢ᠌ᠮᠠᠢ ᠴᠢᠨᠢ ᠠᠰᠢᠭ ᠣᠯᠵᠠ ᠰᠠᠢ᠌ᠳᠠᠢ ᠪᠣᠯᠤᠭ︕ ᠠᠰ ᠤᠨ ᠪᠠᠶ᠎ᠠ ᠴᠢᠨᠢ ᠡᠷᠡᠭᠦᠯ ᠴᠠᠭᠢᠷᠠᠭ ᠪᠣᠯᠤᠭ︕》 ᠭᠡᠵᠤ ᠢᠷᠦᠭᠡᠵᠤ᠂ ᠶᠡᠭᠡ ᠪᠠᠷᠢ ᠪᠠᠨ᠄ 《ᠣᠷᠠᠨ ᠪᠣᠯ︕ ᠣᠭᠠᠯᠵᠠ ᠬᠤᠸᠠᠷ ᠢ ᠰᠠᠢ᠌ᠬᠠᠨ ᠣᠶᠤ︕ ᠮᠥᠷᠭᠦᠭ᠍ᠰᠡᠨ ᠳᠤᠯᠤᠭᠠᠢ ᠴᠢᠨᠢ ᠮᠥᠩᠭᠡ ᠪᠣᠯᠤᠭ︕ ᠮᠦᠨ ᠪᠠᠶ᠎ᠠ ᠴᠢᠨᠢ ᠳᠠᠮᠤᠷ ᠭᠤᠤᠯ ᠲᠡᠶ ᠪᠣᠯᠤᠭ︕》 ᠭᠡᠵᠤ ᠢᠷᠦᠭᠡᠵᠡᠢ᠃ ᠪᠠᠭ᠎ᠠ ᠭᠦᠤ ᠪᠠᠷᠢ ᠪᠠᠨ᠄ 《ᠨᠠᠮ ᠳᠠᠭᠠᠨ ᠢᠳᠡᠭᠡᠯ ᠲᠡᠶ ᠶᠠᠪᠣ︕ ᠠᠷᠠᠤᠨ ᠲᠠᠭᠠᠨ ᠭᠦᠷᠢᠶᠡᠯᠡᠯ ᠲᠡᠶ ᠶᠠᠪᠣ︕ ᠨᠠᠰᠤᠨ ᠳᠤᠷᠰᠢ ᠵᠢᠷᠭᠠᠯ ᠲᠡᠶ ᠶᠠᠪᠣ︕ ᠨᠠᠪᠴᠢ ᠴᠡᠴᠡᠭ᠌ ᠰᠢᠭ᠌ ᠳᠡᠯᠭᠡᠷᠡᠵᠤ ᠶᠠᠪᠣ︕》 ᠭᠡᠵᠤ ᠢᠷᠦᠭᠡᠵᠡᠢ᠃ ᠬᠤᠶᠠᠷ ᠣᠮᠪᠣᠯᠤ ᠨᠢ ᠠᠷᠢᠭᠢ ᠪᠠᠷᠢᠭᠰᠠᠨ ᠳᠤ᠄ 《ᠪᠢᠴᠢᠭ᠌ ᠰᠠᠢ᠌ᠨ ᠰᠤᠷ︕ ᠰᠠᠢ᠌ᠨ ᠮᠠᠯᠴᠢᠨ ᠪᠣᠯ︕ ᠨᠤᠳᠤᠭ ᠣᠰᠤ ᠪᠠᠨ ᠭᠦᠭ᠍ᠵᠢᠭᠦᠯᠵᠤ ᠣᠳᠤᠮ ᠰᠤᠳᠤᠷ ᠶᠢᠡᠨ ᠮᠠᠳᠤᠭᠤᠯ︕》 ᠭᠡᠵᠤ ᠢᠷᠦᠭᠡᠭ᠍ᠰᠡᠨ ᠳᠤ ᠬᠤᠶᠠᠷ ᠭᠦᠤ ᠨᠢ ᠢᠨᠢᠭ᠌ ᠢᠨᠢᠭ᠌ ᠢᠨᠢᠶᠠᠵᠤ ᠪᠠᠢ᠌ᠯ᠎ᠠ᠃

ᠠᠷᠰᠯᠠᠨ ᠬᠤᠠᠳᠠᠭ᠎ᠠ ᠲᠡᠶ ᠠᠷᠢᠭᠢ ᠪᠠᠨ ᠳᠡᠭ᠍ᠷᠢ ᠭᠠᠵᠠᠷ ᠳᠡᠭᠡᠳᠦᠰ ᠲᠤ ᠪᠠᠨ ᠳᠤᠰ ᠳᠤᠰ ᠰᠠᠷᠵᠢᠮᠯᠠᠨ ᠡᠷᠭᠦᠵᠤ᠄ 《ᠮᠠᠨ ᠤ ᠬᠠᠪᠬᠠᠴᠢᠨ ᠠᠢ᠌ᠮᠠᠭ ᠪᠣᠯ ᠡᠷᠳᠡᠨ ᠤ ᠭᠡᠷᠢᠶᠡᠳ ᠠᠢ᠌ᠮᠠᠭ ᠤᠨ ᠰᠠᠯᠪᠣᠷᠢ ᠮᠦᠨ᠃ ᠳᠡᠭᠡᠳᠤ ᠶᠢᠨ ᠨᠤᠳᠤᠭ ᠢ ᠣᠯᠠᠭᠠᠠᠪᠠᠭᠠᠳᠤᠷ ᠬᠤᠳᠠᠨ ᠳᠤ ᠪᠠᠢ᠌ᠨ᠎ᠠ ᠭᠡᠵᠤ ᠮᠢᠨᠤ ᠠᠪᠣ ᠨᠡᠷ ᠭᠡᠯᠡᠳᠡᠭ᠌᠃ ᠮᠠᠨ ᠤ ᠳᠡᠭᠡᠳᠦᠰ ᠲᠤ ᠳᠤᠭᠤᠷᠢᠭᠤᠯ ᠬᠠᠨ ᠭᠡᠵᠤ ᠪᠠᠢ᠌ᠯ᠎ᠠ ᠭᠡᠳᠡᠭ᠌᠃ ᠬᠤᠵᠢᠮ ᠨᠢ ᠮᠠᠨ ᠤ ᠡᠪᠦᠭᠡ ᠳᠡᠭᠡᠳᠦᠰ ᠴᠢᠩᠭᠢᠰ ᠬᠠᠭᠠᠨ ᠤ ᠳᠡᠭᠦᠤ ᠬᠠᠴᠢᠭᠤᠨ ᠤ ᠬᠣᠢ᠌ᠴᠢᠰ ᠲᠦᠩ ᠳᠠᠢ᠌ᠴᠢᠩ ᠢ ᠳᠠᠭᠠᠵᠤ ᠭᠦᠯᠤᠨ ᠪᠣᠢ᠌ᠷ ᠡᠴᠡ ᠡᠨᠡ ᠭᠠᠵᠠᠷ ᠢᠷᠠᠯ᠎ᠠ ᠭᠡᠳᠡᠭ᠌᠃ ᠬᠤᠯᠠ ᠶᠢ ᠭᠡᠯᠡᠭᠦ ᠦᠭᠡᠶ᠂ ᠣᠢ᠌ᠷ᠎ᠠ ᠶᠢᠨ ᠵᠠᠭᠤ ᠢᠯᠡᠭᠦᠤ ᠵᠢᠯ ᠤᠨ ᠳᠤᠳᠤᠷ᠎ᠠ ᠮᠠᠨ ᠤ ᠠᠢ᠌ᠮᠠᠭ ᠡᠴᠡ ᠳᠠᠮᠤᠵᠠᠪ ᠪᠦᠭᠡ᠂ ᠨᠠᠰᠤᠠᠪᠠᠳᠤ ᠫᠣᠤᠴᠢ ᠭᠡᠵᠤ ᠨᠠᠷ᠎ᠠ ᠴᠤᠤ ᠲᠡᠶ ᠰᠠᠢ᠌ᠨ ᠡᠷ᠎ᠡ ᠭᠠᠷᠤᠭᠰᠠᠨ ᠶᠤᠮ᠃ ᠡᠪᠦᠭᠡᠨ ᠪᠢ ᠳᠡᠭᠡᠳᠦᠰ ᠤᠨ ᠠᠪᠣᠷᠠᠯ᠂ ᠨᠠᠮ ᠤᠨ ᠰᠠᠢ᠌ᠨ ᠶᠢᠡᠷ ᠭᠠᠴᠠᠭ᠎ᠠ ᠪᠠᠷᠢᠭᠠᠳᠠ ᠳᠠᠭᠠᠨ ᠵᠢᠱᠢᠶᠠᠴᠢ ᠮᠠᠯᠴᠢᠨ᠂ ᠠᠵᠢᠯᠴᠢ ᠭᠦᠳᠡᠯᠮᠦᠷᠢ ᠪᠠᠷ ᠶᠢᠡᠨ ᠪᠠᠶᠠᠵᠢᠭᠰᠠᠨ ᠳᠡᠷᠢᠭᠦᠨ ᠤ ᠡᠷᠦᠭᠡ ᠭᠡᠵᠤ ᠮᠠᠭᠳᠠᠭᠳᠠᠵᠤ ᠶᠠᠪᠣᠭᠰᠠᠨ᠃ ᠦᠨᠦ ᠪᠢ ᠭᠡᠳᠥᠢᠪᠠᠷ ᠳᠠᠯᠠ ᠶᠢ ᠭᠦᠭᠡᠭᠡᠵᠤ ᠪᠠᠢ᠌ᠪᠠᠴᠤ ᠨᠤᠳᠤᠭ ᠣᠰᠤ ᠪᠠᠨ ᠡᠯᠢᠭᠡ ᠪᠦᠳᠤᠨ ᠶᠢᠡᠷ ᠦᠷ᠎ᠡ ᠬᠡᠦᠬᠡᠳ ᠲᠤ ᠪᠠᠨ ᠳᠤᠰᠢᠶᠠᠶ᠎ᠠ ᠭᠡᠵᠤ ᠴᠢᠷᠮᠠᠢ᠌ᠵᠤ ᠪᠠᠢ᠌ᠨ᠎ᠠ᠃ ᠴᠢᠯᠦᠭᠡᠯᠡᠭ᠍ᠳᠡᠭᠦ ᠡᠴᠡ ᠡᠮᠤᠨ᠎ᠡ᠂ ᠮᠠᠨ ᠤ ᠭᠢᠨ ᠪᠣᠷᠭᠠᠰᠤᠨ ᠪᠦᠮᠪᠦᠭᠡ ᠭᠡᠷ ᠲᠤ ᠰᠠᠭᠤᠵᠤ ᠪᠠᠢ᠌ᠭᠰᠠᠨ᠃ ᠦᠨᠦᠳᠤᠷ ᠠᠭᠤᠳᠠᠮ ᠰᠠᠷᠠᠭᠤᠯ ᠰᠢᠨ᠎ᠡ ᠠᠰᠠᠷ ᠲᠤ ᠰᠠᠭᠤᠬᠤ ᠪᠣᠯᠤᠯ᠎ᠠ᠃ ᠡᠨᠡ ᠪᠦᠭᠦᠨ ᠮᠠᠤ ᠳᠡᠷᠢᠭᠦᠯᠡᠭ᠍ᠴᠢ᠂ ᠨᠠᠮ ᠵᠠᠰᠠᠭ ᠲᠦᠷᠦ ᠭᠦᠷᠤᠨ ᠤ ᠰᠠᠢ᠌ᠨ᠂ ᠳᠡᠭᠡᠳᠦᠰ ᠤᠨ ᠮᠢᠨᠢ ᠵᠠᠯᠪᠢᠷᠠᠵᠤ ᠳᠠᠭᠠᠳᠬᠠᠭᠰᠠᠨ ᠤ ᠰᠠᠢ᠌ᠨ ᠰᠢᠳᠠ︕ ᠭᠡᠳᠥᠢ᠌ᠪᠠᠷ ᠡᠨᠡ ᠭᠡᠳᠤᠨ ᠵᠢᠯ ᠭᠠᠩ ᠭᠠᠴᠢᠭ ᠶᠡᠭᠡ᠂ ᠣᠷᠴᠢᠨ ᠠᠬᠤᠢ ᠡᠪᠳᠡᠭ᠍ᠳᠡᠵᠤ᠂ ᠨᠤᠳᠤᠭ ᠪᠠᠯᠴᠢᠭᠡᠷ ᠡᠯᠡᠰᠦᠷᠡᠭᠡᠭ᠍ᠵᠡᠭ᠍ᠰᠡᠨ ᠪᠣᠯᠪᠠᠴᠤ ᠠᠷᠠᠤᠨ ᠤᠨ ᠠᠮᠢᠳᠤᠷᠠᠯ ᠬᠠᠰᠢᠯᠠ ᠨᠠᠢ᠌ᠳᠠᠮ ᠰᠠᠢ᠌ᠵᠢᠷᠠᠵᠠᠢ᠃ ᠵᠠ︕ ᠣᠳᠤ ᠡᠨᠡ ᠶᠢ ᠭᠡᠯᠡᠭᠦ ᠶᠢ ᠪᠣᠯᠢᠶ᠎ᠠ᠃ ᠪᠢᠳᠡᠭᠦᠨ ᠳᠤ ᠪᠢᠳᠡᠭᠦᠷᠡᠳᠡᠯ᠎ᠡ ᠪᠠᠨ ᠰᠠᠢ᠌ᠨ ᠢᠳᠡᠭᠦ ᠶᠤᠮ ᠰᠢᠤ︕ ᠳᠡᠭᠡᠭᠦ ᠦᠭᠡᠶ ᠪᠣᠯ ᠵᠢᠩᠯᠡᠭᠦᠷ ᠡᠪᠦᠭᠡᠨ ᠵᠢᠩᠯᠡᠭᠡᠳ ᠠᠪᠣᠭᠠᠤᠨ ᠶᠠᠪᠣᠴᠢᠨ᠎ᠠ ᠭᠡᠳᠡᠭ᠌ ᠁》 ᠭᠡᠵᠤ ᠭᠡᠯᠡᠭᠡᠳ ᠬᠡᠦᠬᠡᠳ ᠲᠤ ᠪᠠᠨ ᠵᠢᠯ ᠵᠢᠯ ᠤᠨ ᠪᠢᠳᠡᠭᠦᠨ ᠤ ᠰᠦᠨᠢ ᠭᠡᠯᠡᠳᠡᠭ᠌ ᠥᠭᠡ ᠪᠠᠨ ᠪᠠᠰᠠ ᠨᠢᠭᠡ ᠣᠳᠠᠭ᠎ᠠ ᠨᠤᠷᠱᠤᠵᠤ ᠭᠡᠯᠡᠭᠡᠳ ᠭᠢᠳᠤᠭ᠎ᠠ ᠠᠪᠴᠤ ᠬᠡᠦᠬᠡᠳ ᠳᠡᠭᠡᠨ ᠮᠢᠬ᠎ᠠ ᠣᠭᠳᠤᠯᠵᠤ ᠳᠦᠭᠡᠭᠡᠵᠤ ᠦᠭ‍ᠭᠦᠯ᠎ᠡ᠃ ᠪᠠᠭ᠎ᠠ ᠭᠦᠤ ᠨᠢ᠄ 《ᠮᠠᠨ ᠤ ᠠᠪᠣ ᠶᠠᠷᠢᠶ᠎ᠠ ᠳᠠᠯᠪᠢᠵᠤ ᠪᠠᠷᠠᠯ᠎ᠠ᠃ ᠣᠳᠤ ᠪᠦᠭᠦᠳᠡᠭᠡᠷ ᠶᠢᠡᠨ ᠰᠠᠢ᠌ᠨ ᠢᠳᠡᠵᠡᠭᠡᠶ᠎ᠡ︕》 ᠭᠡᠭᠦ ᠳᠤ ᠣᠯᠠᠨ ᠶᠢᠡᠷ ᠶᠢᠡᠨ ᠬᠤᠠᠳᠠᠭ᠎ᠠ ᠳᠠᠯᠪᠢᠯ ᠦᠭᠡᠶ ᠰᠠᠷᠬᠤᠤᠨ ᠪᠠᠯᠭᠤᠵᠤ᠂ ᠭᠢᠳᠤᠭ᠎ᠠ ᠳᠠᠯᠪᠢᠯ ᠦᠭᠡᠶ ᠮᠢᠬ᠎ᠠ ᠨᠤᠭᠤᠭ᠎ᠠ ᠢᠳᠠᠵᠤ ᠡᠭᠢᠯᠡᠯ᠎ᠡ᠃

ᠪᠣᠳᠠᠭ᠎ᠠ ᠶᠢᠨ ᠳᠠᠷᠠᠭ᠎ᠠ᠂ ᠬᠤᠶᠠᠷ ᠭᠦᠤ ᠬᠤᠶᠠᠷ ᠪᠠᠷᠢ ᠨᠢ ᠭᠦᠵᠦᠷ ᠨᠠᠭᠠᠳᠤᠵᠤ᠂ ᠶᠡᠭᠡ ᠣᠮᠪᠣᠯᠤ ᠨᠢ ᠺᠤᠮᠫᠢᠦ᠋ᠲ᠋ᠧᠷ ᠨᠠᠭᠠᠳᠤᠨ᠂ ᠪᠢᠴᠢᠬᠠᠨ ᠣᠮᠪᠣᠯᠤ ᠠᠮᠤᠷ ᠨᠢ ᠡᠪᠦᠭᠡ ᠡᠮᠡᠭᠡ ᠲᠡᠶ ᠪᠠᠨ ᠳᠸᠯᠸᠢᠰ ᠦᠵᠡᠵᠤ ᠪᠠᠢ᠌ᠭᠠᠤᠨ ᠡᠪᠦᠭᠡ ᠡᠮᠡᠭᠡ ᠬᠤᠶᠠᠷ ᠡᠴᠡ ᠪᠠᠨ ᠠᠯᠤᠰ ᠡᠵᠡᠮᠳᠡᠭᠦᠷ ᠢ ᠪᠣᠯᠢᠶᠠᠨ ᠠᠪᠴᠤ ᠭᠢᠳᠠᠤᠨ ᠶᠢᠡᠷ ᠦᠵᠡᠯ᠎ᠠ᠃ ᠠᠷᠰᠯᠠᠨ ᠭᠤᠸᠠᠢ᠄ 《ᠭᠡᠷ ᠤᠨ ᠬᠠᠭᠠᠨ ᠳᠠᠢ᠌ᠯᠤᠨ᠎ᠠ ᠰᠢᠳᠠ︕》 ᠭᠡᠳ ᠱᠠᠹᠠ ᠳᠡᠭᠡᠷ᠎ᠡ ᠡᠴᠡ ᠪᠣᠰᠴᠤ ᠬᠤᠭᠤᠯᠠᠨ ᠰᠢᠷᠡᠭᠡᠨ ᠵᠥᠭ᠌ ᠭᠦᠷᠴᠤ ᠣᠰᠤᠨ ᠳᠠᠭᠠᠨ ᠶᠠᠭᠠᠷᠭᠢᠭᠰᠠᠨ ᠪᠣᠬ᠎ᠠ ᠰᠢᠭ᠌ ᠬᠤᠠᠳᠠᠭ᠎ᠠ ᠲᠡᠶ ᠠᠷᠢᠭᠢ ᠪᠠᠨ ᠰᠢᠮᠠᠵᠤ ᠰᠠᠭᠤᠯ᠎ᠠ᠃ ᠭᠦᠭ᠍ᠰᠢᠨ ᠨᠢ ᠠᠤᠬᠠᠨ ᠸᠠᠩ ᠤᠨ ᠬᠠᠭᠤᠴᠢᠨ ᠬᠤᠷᠢᠶ᠎ᠠ ᠳᠤ ᠲᠦᠷᠦᠵᠤ ᠦᠰᠦᠨ ᠭᠢᠳᠠᠤᠨ ᠶᠢᠡᠷ ᠭᠡᠳᠤᠨ ᠵᠢᠯ ᠪᠢᠴᠢᠭ᠌ ᠥᠵᠡᠭ᠍ᠰᠡᠨ ᠭᠦᠮᠤᠨ ᠪᠣᠯᠬᠤᠷ ᠪᠠᠭ᠎ᠠ ᠣᠮᠪᠣᠯᠤ ᠲᠡᠶ ᠪᠠᠨ ᠭᠢᠳᠠᠤᠨ ᠶᠢᠡᠷ ᠳᠸᠯᠸᠢᠰ ᠦᠵᠡᠵᠤ ᠢᠨᠢᠶᠠᠯᠴᠢᠨ᠎ᠡ᠃ ᠭᠦᠭ᠍ᠰᠢᠨ ᠨᠢ ᠠᠷᠰᠯᠠᠨ ᠤ ᠠᠷᠢᠭᠢ ᠣᠤᠭᠤᠵᠤ ᠪᠠᠢ᠌ᠬᠤ ᠶᠢ ᠣᠯᠵᠤ ᠥᠵᠡᠭᠡᠳ᠄ 《ᠪᠣᠤ ᠰᠤᠭᠳᠤᠴᠢᠬ᠎ᠠ ᠳ᠋ᠠ︕ ᠮᠦᠤᠠᠳᠤ ᠣᠳᠤ ᠳᠠᠭᠢᠨ᠎ᠠ ᠰᠢᠤ︕》 ᠭᠡᠵᠤ ᠰᠠᠨᠠᠭᠤᠯᠪᠠ᠃

ᠪᠢᠳᠡᠭᠦᠨ ᠤ ᠵᠤᠴᠢᠳ ᠤᠨ ᠭᠦᠯ ᠬᠤᠷᠢᠶᠠᠭᠳᠠᠵᠤ ᠢᠷᠡᠭ᠍ᠰᠡᠨ ᠪᠣᠯᠤᠯᠳᠠᠢ᠂ ᠭᠠᠳᠠᠨ᠎ᠠ ᠨᠠᠮ ᠵᠢᠮ ᠪᠣᠯᠵᠤ ᠬᠠᠶᠠ ᠨᠢᠭᠡ ᠫᠣᠤᠵᠢᠩ ᠤᠨ ᠫᠠᠷᠴᠢᠭᠢᠨᠠᠬᠤ ᠳᠠᠭᠤᠨ ᠰᠤᠨᠤᠰᠳᠠᠨ᠎ᠠ᠃ ᠬᠡᠦᠬᠡᠳ ᠨᠢ ᠲᠦᠪ ᠪᠠ ᠣᠷᠤᠨ ᠤ ᠳᠸᠯᠸᠢᠰ ᠤᠨ ᠪᠢᠳᠡᠭᠦᠨ ᠤ ᠰᠦᠨᠢ ᠶᠢᠨ ᠥᠳᠡᠰᠢᠯᠭᠡ ᠶᠢ ᠦᠵᠡᠨ᠎ᠡ ᠭᠡᠵᠤ ᠠᠪᠠᠭᠠᠷᠠᠯᠳᠤᠵᠤ ᠢᠷᠠᠪᠠ᠃ ᠠᠷᠰᠯᠠᠨ ᠭᠤᠸᠠᠢ ᠣᠳᠤ ᠳᠠᠭᠢᠬᠤ ᠶᠠᠭᠤᠮ᠎ᠠ ᠪᠠᠨ ᠠᠪᠴᠤ᠂ ᠪᠠᠭ᠎ᠠ ᠣᠮᠪᠣᠯᠤ ᠠᠮᠤᠷ ᠲᠡᠶ ᠪᠠᠨ ᠬᠤᠶᠠᠭᠤᠯᠠ ᠭᠠᠳᠠᠨ᠎ᠠ ᠭᠠᠷᠴᠠᠢ᠃ ᠳᠠᠷᠠ᠂ ᠭᠤᠯᠢᠷ ᠶᠢᠡᠷ ᠭᠦᠯᠢᠰ ᠰᠢᠤ ᠶᠠᠭᠤᠮ᠎ᠠ ᠵᠤᠬᠢᠶᠠᠵᠤ ᠳᠤᠮᠳᠠ ᠨᠢ ᠳᠤᠯᠤᠭᠠᠨ ᠭᠤᠤᠯ ᠰᠢᠭᠢᠦᠡᠭᠡᠨ ᠳᠤᠰᠤ ᠭᠢᠵᠤ᠂ ᠳᠤᠭᠢᠭᠤᠷ ᠳᠤᠯᠤᠭᠠᠨ ᠣᠳᠤᠨ ᠳᠤ ᠰᠢᠨ᠎ᠡ ᠵᠢᠯ ᠤᠨ ᠵᠠᠮ ᠮᠦᠷ ᠵᠦᠩ ᠪᠢᠯᠢᠭ᠌ ᠢ ᠳᠠᠭᠠᠳᠬᠠᠵᠤ ᠮᠥᠷᠭᠦᠪᠡ᠃ ᠣᠮᠪᠣᠯᠤ ᠠᠮᠤᠷ ᠨᠢ᠄ 《ᠡᠪᠦᠭᠡ ᠡ︕ ᠮᠠᠨ ᠤ ᠮᠥᠷᠭᠦᠵᠤ ᠪᠠᠢ᠌ᠬᠤ ᠶᠢ ᠣᠳᠤ ᠮᠡᠳᠡᠭᠦ ᠪᠣᠯ ᠦᠦ︖》 ᠭᠡᠯ᠎ᠡ᠃ 《ᠮᠠᠳᠠᠨ᠎ᠡ ᠰᠢᠤ︕ ᠮᠠᠨ ᠤ ᠬᠤᠰᠢᠭᠤᠨ ᠤ ᠵᠢᠷᠠᠭ᠎ᠠ ᠶᠢᠨ ᠣᠪᠣᠭ᠎ᠠ ᠠᠭᠤᠯᠠᠨ ᠤ ᠬᠠᠳᠠᠨ ᠳᠡᠭᠡᠷ᠎ᠡ ᠳᠤᠭᠢᠭᠤᠷ ᠳᠤᠯᠤᠭᠠᠨ ᠣᠳᠤ ᠪᠣᠯᠤᠨ ᠨᠠᠷᠠᠨ ᠰᠠᠷᠠᠨ ᠰᠠᠭᠢᠭᠤᠰᠤ ᠶᠢᠨ ᠵᠢᠷᠤᠭ ᠪᠠᠢ᠌ᠳᠠᠭ᠃ ᠳᠠᠷᠠ ᠪᠣᠯ ᠭᠡᠳᠤᠨ ᠮᠢᠩᠭ᠋ᠠᠨ ᠵᠢᠯ ᠤᠨ ᠡᠮᠦᠨᠡᠭᠢ ᠮᠠᠨ ᠤ ᠡᠪᠦᠭᠡ ᠳᠡᠭᠡᠳᠦᠰ ᠤᠨ ᠳᠡᠭ᠍ᠷᠢ ᠳᠠᠭᠢᠳᠠᠭ ᠭᠠᠵᠠᠷ ᠪᠣᠯᠤᠨ᠎ᠠ᠃ ᠮᠠᠨ ᠤ ᠮᠤᠩᠭ᠋ᠤᠯ ᠭᠦᠮᠤᠨ ᠭᠦᠭᠡ ᠳᠡᠭ᠍ᠷᠢ ᠶᠢ ᠰᠢᠳᠤᠵᠤ᠂ ᠭᠠᠯ ᠢ ᠰᠢᠳᠤᠵᠤ᠂ ᠪᠠᠢ᠌ᠭᠠᠯᠢ ᠪᠠᠨ ᠰᠢᠳᠤᠵᠤ ᠪᠠᠢ᠌ᠳᠠᠭ ᠶᠢᠡᠷ ᠶᠢᠡᠨ ᠮᠤᠩᠭ᠋ᠤᠯ ᠭᠦᠮᠤᠨ ᠤ ᠳᠡᠭ᠍ᠷᠢ ᠨᠢ ᠭᠦᠭᠡ ᠥᠩᠭᠡ ᠲᠡᠶ᠂ ᠪᠠᠢ᠌ᠭᠠᠯᠢ ᠨᠢ ᠨᠤᠮᠢᠨ ᠨᠤᠭᠤᠭᠠᠨ ᠥᠩᠭᠡ ᠲᠡᠶ ᠪᠠᠢ᠌ᠳᠠᠭ ᠰᠢᠤ︕》 ᠭᠡᠵᠤ ᠠᠷᠰᠯᠠᠨ ᠬᠠᠷᠢᠭᠤᠯᠵᠠᠢ᠃ ᠢᠩᠭᠢᠭᠡᠳ ᠯᠠ ᠪᠢᠴᠢᠬᠠᠨ ᠠᠮᠤᠷ ᠤᠨ ᠣᠭᠤᠷᠠᠭ ᠳᠠᠷᠢᠭᠢᠨ ᠳᠤ 《ᠳᠡᠭ᠍ᠷᠢ ᠶᠢ ᠳᠠᠭᠢᠳᠠᠭ ᠶᠢᠡᠷ ᠶᠢᠡᠨ ᠡᠪᠦᠭᠡ ᠶᠢᠨ ᠨᠤᠳᠤᠭ ᠤᠨ ᠳᠡᠭ᠍ᠷᠢ ᠭᠦᠭᠡ ᠥᠩᠭᠡ ᠲᠡᠶ᠂ ᠳᠡᠭ᠍ᠷᠢ ᠶᠢ ᠳᠠᠭᠢᠬᠤ ᠦᠭᠡᠶ ᠪᠣᠯᠤᠭᠰᠠᠨ ᠶᠢᠡᠷ ᠶᠢᠡᠨ ᠬᠤᠳᠠ ᠶᠢᠨ ᠳᠡᠭ᠍ᠷᠢ ᠬᠠᠷ᠎ᠠ ᠥᠩᠭᠡ ᠲᠡᠶ ᠪᠣᠯᠤᠯ᠎ᠠ》 ᠭᠡᠭᠦ ᠭᠦᠨ ᠰᠠᠭᠤᠭᠳᠠᠯ ᠢ ᠥᠭ᠍ᠴᠡᠢ᠃ ᠪᠢᠴᠢᠬᠠᠨ ᠠᠮᠤᠷ ᠠᠯᠢ ᠨᠢᠭᠡ ᠡᠳᠦᠷ ᠳᠡᠭ᠍ᠷᠢ ᠳᠠᠭᠢᠳᠠᠭ ᠳᠠᠷᠠ ᠰᠤᠨᠢᠨ ᠬᠠᠴᠢᠨ ᠭᠠᠵᠠᠷ ᠭᠦᠷᠴᠤ ᠦᠵᠡᠶ᠎ᠠ ᠭᠡᠵᠤ ᠪᠣᠳᠤᠵᠤ ᠶᠠᠪᠣᠬᠤ ᠪᠣᠯᠤᠯ᠎ᠠ᠃

ᠰᠦᠨᠢ ᠳᠤᠮᠳᠠ ᠪᠣᠯᠤᠮᠠᠭᠴᠠ ᠪᠠᠯᠭᠠᠰᠤ ᠶᠢᠨ ᠲᠦᠪ ᠤᠨ ᠠᠰᠠᠷ ᠤᠳ ᠶᠢᠡᠷ ᠬᠤᠸᠠᠷ ᠫᠣᠤᠵᠢᠩ ᠳᠤᠸᠠᠯᠠᠯᠵᠠᠨ᠂ ᠨᠢᠷᠭᠢᠯ ᠳᠠᠷᠭᠢᠯ ᠫᠣᠤᠵᠢᠩ ᠤᠳ ᠫᠠᠷᠴᠢᠭᠢᠨᠠᠵᠤ ᠭᠠᠷᠤᠯ᠎ᠠ᠃ ᠣᠳᠤᠷ ᠳᠡᠭᠡᠷ᠎ᠡ ᠪᠠᠨ ᠪᠣᠯ ᠭᠠᠯ ᠡᠴᠡ ᠠᠶᠤᠭᠠᠤᠨ ᠠᠷᠰᠯᠠᠨ ᠫᠣᠤᠵᠢᠩ ᠳᠠᠯᠪᠢᠭᠤᠯᠳᠠᠭ ᠦᠭᠡᠶ ᠶᠤᠮ᠃ ᠡ᠊ᠨᠳᠡ ᠣᠳᠤ ᠬᠡᠦᠬᠡᠳ ᠨᠢ ᠭᠠᠳᠠᠨ᠎ᠠ ᠭᠠᠷᠴᠤ ᠳᠤᠷ᠎ᠠ ᠪᠠᠷ ᠶᠢᠡᠨ ᠫᠣᠤᠵᠢᠩ ᠳᠠᠯᠪᠢᠵᠠᠭᠠᠪᠠ᠃ ᠠᠷᠰᠯᠠᠨ᠄ 《ᠦᠨᠦ ᠶᠢᠨ ᠭᠦᠮᠤᠨ ᠥᠨᠡᠭᠡᠷ ᠪᠣᠶᠠᠨ ᠲᠡᠶ᠂ ᠬᠠᠰᠢᠯᠠ ᠪᠠᠶᠠᠵᠢᠵᠠᠢ᠃ ᠡᠨᠡ ᠰᠦᠨᠢ ᠡᠨᠡ ᠵᠢᠵᠢᠭ᠌ ᠪᠠᠯᠭᠠᠰᠤ ᠭᠡᠳᠦᠢ ᠵᠤᠭᠤᠰ ᠤᠨ ᠫᠣᠤᠵᠢᠩ ᠳᠠᠯᠪᠢᠭᠰᠠᠨ ᠪᠣᠯ︖》 ᠭᠡᠨ᠎ᠡ᠃ ᠭᠦᠭ᠍ᠰᠢᠨ ᠨᠢ᠄ 《ᠭᠡᠢ᠌ᠮᠦᠷᠢ ᠮᠠᠠᠳᠤᠬᠤ ᠶᠤᠮ᠂ ᠴᠢ ᠪᠠᠰᠠ ᠭᠠᠷᠴᠤ ᠫᠣᠤᠵᠢᠩ ᠳᠠᠯᠪᠢ︕》 ᠭᠡᠭᠦ ᠳᠤ ᠡᠪᠦᠭᠡᠨ ᠨᠢ᠄ 《ᠬᠡᠦᠬᠡᠳ ᠳᠠᠯᠪᠢᠭᠰᠠᠨ ᠶᠤᠮ ᠴᠢᠨᠢ ᠪᠣᠯᠵᠠᠢ︕》 ᠭᠡᠳ ᠵᠤᠭᠰᠤᠪᠠ᠃ ᠶᠡᠭᠡ ᠭᠦᠤ ᠨᠢ᠄ 《ᠦᠨᠦ ᠪᠣᠯ ᠵᠤᠭᠤᠰ ᠭᠡᠳᠡᠭ᠌ ᠶᠠᠭᠤᠮ᠎ᠠ ᠶᠢ ᠪᠣᠳᠤᠵᠤ ᠭᠠᠷᠭᠠᠵᠤ ᠴᠢᠳᠠᠪᠠᠯ ᠣᠯᠵᠤ ᠴᠢᠳᠠᠨ᠎ᠠ ᠰᠢᠤ︕ ᠬᠤᠭᠤᠰᠤᠨ ᠭᠦᠴᠤ ᠭᠠᠷᠭᠠᠭᠠᠤᠨ ᠯᠠ ᠪᠣᠯᠬᠤ ᠶᠠᠭᠤᠮ᠎ᠠ ᠪᠢᠰᠢ︕》 ᠭᠡᠯ᠎ᠡ᠃ ᠴᠠᠭᠠᠨ᠎ᠠ ᠡᠴᠡ ᠨᠢ ᠪᠠᠭ᠎ᠠ ᠭᠦᠤ ᠨᠢ᠄ 《ᠣᠬᠠᠭᠠᠨ ᠶᠢᠡᠷ ᠠᠮᠢᠳᠤᠷᠠᠬᠤ ᠬᠤᠷᠸ᠎ᠠ ᠶᠤᠮ ᠴᠢᠨᠢ︕》 ᠭᠡᠨ᠎ᠡ᠃ 《ᠬᠠᠰᠢᠯᠠ ᠪᠢᠴᠢᠭ᠌ ᠰᠤᠶᠤᠯ ᠲᠡᠶ ᠬᠡᠦᠬᠡᠳ ᠰᠠᠢ᠌ᠬᠠᠨ ᠡ︕》 ᠭᠡᠵᠤ ᠪᠣᠳᠤᠭᠰᠠᠨ ᠪᠣᠯᠪᠠᠴᠤ ᠠᠷᠰᠯᠠᠨ ᠳᠤᠤᠭᠠᠷᠤᠭᠰᠠᠨ ᠦᠭᠡᠶ᠂ ᠱᠠᠹᠠ ᠳᠡᠭᠡᠷ᠎ᠡ ᠣᠴᠢᠵᠤ ᠰᠠᠭᠤᠨ᠂ ᠬᠤᠷᠭᠤ ᠡᠴᠡ ᠪᠠᠨ ᠱᠠᠭ᠎ᠠ ᠭᠠᠷᠭᠠᠵᠤ ᠨᠠᠭᠠᠳᠬᠤ ᠭᠡᠵᠤ ᠪᠣᠳᠤᠭᠰᠠᠨ ᠪᠣᠯᠪᠠᠴᠤ ᠬᠠᠨᠢ ᠦᠭᠡᠶ ᠪᠣᠯᠬᠤᠷ ᠳᠸᠯᠸᠢᠰ ᠦᠵᠡᠵᠤ ᠳᠡᠭ᠍ᠷᠢ ᠭᠡᠭᠡᠷᠡᠭᠦ ᠶᠢ ᠭᠦᠯᠢᠶᠡᠯ᠎ᠡ᠃

ᠠᠷᠰᠯᠠᠨ ᠤ ᠰᠠᠨᠠᠭ᠎ᠠ ᠳᠸᠯᠸᠢᠰ ᠳᠡᠭᠡᠷ᠎ᠡ ᠦᠭᠡᠶ᠃ ᠳᠠᠷᠠ ᠡᠨᠡᠭᠡᠨ ᠵᠠᠭᠤᠷ᠎ᠠ ᠨᠡᠭᠦᠳᠡᠯ ᠮᠠᠯᠵᠢᠯ ᠡᠴᠡ ᠰᠠᠭᠤᠷᠢᠰᠢᠯ ᠮᠠᠯᠵᠢᠯ ᠳᠤ ᠰᠢᠯᠵᠢᠭ᠍ᠰᠡᠨ᠂ ᠰᠠᠭᠤᠷᠢᠰᠢᠯ ᠮᠠᠯᠵᠢᠯ ᠡᠴᠡ ᠬᠠᠰᠢᠶᠠᠯᠠᠵᠤ ᠮᠠᠯᠵᠢᠬᠤ ᠪᠣᠯᠤᠭᠰᠠᠨ᠂ ᠣᠳᠤ ᠳᠦᠭᠦᠭᠡᠷᠡᠮᠵᠢᠳᠤ ᠮᠠᠯᠵᠢᠯ᠂ ᠠᠵᠤ ᠥᠢᠯᠡᠰᠵᠢᠭᠦᠯᠵᠤ ᠮᠠᠯᠵᠢᠬᠤ ᠭᠡᠵᠤ ᠪᠠᠢ᠌ᠬᠤ᠂ ᠮᠠᠩᠬᠠᠨ ᠪᠠᠯᠴᠢᠭᠡᠷ ᠢ ᠪᠢᠳᠡᠭᠦᠮᠵᠢᠯᠡᠨ ᠬᠠᠮᠠᠭᠠᠯᠠᠵᠤ᠂ ᠮᠠᠩᠬᠠᠨ ᠠᠢ᠌ᠯ ᠢ ᠪᠦᠭᠦᠨ ᠢ ᠪᠠᠯᠭᠠᠰᠤ ᠪᠣᠶᠤ ᠨᠢᠭᠡᠳᠦᠯᠳᠡᠢ ᠨᠢᠭᠡᠯᠡ ᠰᠠᠭᠤᠷᠢᠰᠢᠯ ᠳᠡᠭᠡᠷ᠎ᠡ ᠳᠦᠪᠯᠡᠷᠡᠭᠦᠯᠭᠦ ᠭᠡᠵᠤ ᠪᠠᠢ᠌ᠬᠤ ᠪᠠ ᠨᠤᠳᠤᠭ ᠪᠠᠯᠴᠢᠭᠡᠷ᠂ ᠭᠠᠵᠠᠷ ᠳᠠᠷᠢᠶ᠎ᠠ ᠳᠤ ᠭᠡᠳᠡᠷᠭᠦ ᠳᠠᠭᠠᠭᠠᠴᠢᠯᠠᠯᠳᠠ ᠭᠢᠵᠤ᠂ ᠭᠠᠵᠠᠷ ᠰᠢᠷᠤᠢ ᠶᠢ ᠨᠢᠭᠡ ᠪᠦᠯᠦᠭ᠌ ᠴᠢᠳᠠᠪᠣᠷᠢᠳᠠᠨ ᠤ ᠭᠠᠷ ᠲᠤ ᠳᠦᠪᠯᠡᠷᠡᠭᠦᠯᠭᠦ ᠭᠡᠵᠤ ᠪᠠᠢ᠌ᠬᠤ ᠵᠡᠷᠭᠡ ᠶᠢ ᠪᠣᠳᠤᠵᠤ ᠵᠠᠪᠳᠤᠵᠠᠢ᠃ ᠰᠡᠭᠦᠯ ᠰᠡᠭᠦᠯ ᠤᠨ ᠭᠢ ᠶᠢ ᠨᠢ ᠳᠠᠷᠠ ᠣᠢ᠌ᠯᠭᠠᠬᠤ ᠴᠤ ᠦᠭᠡᠶ ᠪᠣᠯᠵᠠᠢ᠃ ᠳᠡᠭᠦᠨ ᠤ ᠪᠠᠶ᠎ᠠ ᠰᠥᠷᠡᠭᠡᠢ ᠵᠢᠪᠭᠦᠴᠡᠭᠦ ᠰᠢᠭ᠌ ᠪᠣᠯᠪᠠ᠃ ᠳᠠᠷᠠ᠂ ᠬᠤᠤᠰ ᠳᠠᠭᠠᠭᠠᠴᠢᠯᠠᠯᠳᠠ ᠶᠢᠨ ᠦᠶ᠎ᠡ ᠳᠤ ᠡᠨᠡ ᠭᠤᠷᠪᠠᠨ ᠮᠢᠩᠭ᠋ᠠᠨ ᠮᠤ ᠮᠠᠩᠬᠠᠨ ᠪᠠᠯᠴᠢᠭᠡᠷ ᠢ ᠬᠤᠪᠢᠶᠠᠵᠤ ᠣᠯᠤᠭᠰᠠᠨ ᠪᠠᠢ᠌ᠵᠠᠢ᠃ ᠭᠤᠴᠢᠭᠠᠤᠨ ᠵᠢᠯ ᠤᠨ ᠳᠤᠷᠰᠢ᠂ ᠠᠷᠰᠯᠠᠨ ᠭᠤᠸᠠᠢ ᠡᠨᠡ ᠭᠠᠵᠠᠷ ᠶᠢᠡᠨ ᠨᠢᠯᠬ᠎ᠠ ᠬᠡᠦᠬᠡᠳ ᠶᠢᠡᠨ ᠰᠢᠤᠬᠠᠨ ᠪᠦᠪᠠᠢ᠌ᠯᠠᠵᠤ ᠭᠢᠮᠭᠠᠳᠠᠵᠤ ᠪᠦᠳᠦᠭᠡᠨ ᠪᠠᠢ᠌ᠭᠤᠯᠵᠤ ᠢᠷᠠᠵᠠᠢ᠃ ᠡᠨᠡ ᠳᠤᠳᠤᠷ᠎ᠠ ᠡᠴᠡ ᠪᠠᠨ ᠦᠪᠡᠷ ᠤᠨ ᠨᠢᠭᠡ ᠭᠡᠷ ᠤᠨ ᠠᠮᠢᠳᠤᠷᠠᠯᠭ᠎ᠠ ᠪᠠᠨ ᠣᠯᠵᠤ ᠪᠠᠢ᠌ᠨ᠎ᠠ ᠰᠢᠤ᠃ ᠦᠨᠡᠨ ᠢ ᠭᠡᠯᠡᠪᠠᠯ ᠡᠨᠡ ᠬᠤᠶᠠᠷ ᠭᠦᠤ ᠶᠢ ᠨᠠᠮᠢ᠋ᠢ ᠥᠰᠭᠡᠯ᠎ᠡ ᠭᠡᠭᠦ ᠪᠠᠷ ᠡᠨᠡ ᠭᠠᠵᠠᠷ ᠥᠰᠭᠡᠯ᠎ᠡ ᠭᠡᠵᠤ ᠭᠡᠯᠡᠪᠠᠯ ᠵᠣᠢ᠌ᠳᠠᠢ ᠶᠤᠮ᠃ ᠨᠤᠳᠤᠭ ᠪᠠᠯᠴᠢᠭᠡᠷ ᠮᠢᠨᠢ ᠶᠤᠰᠤᠳᠠᠢ ᠮᠠᠯᠴᠢᠨ ᠭᠦᠮᠤᠨ ᠤ ᠠᠮᠢᠨ ᠭᠤᠤᠯ ᠪᠠᠢ᠌ᠵᠠᠢ︕ ᠠᠷᠰᠯᠠᠨ ᠤ ᠨᠢᠳᠤᠨ ᠳᠤ ᠵᠠᠢ᠌ᠷ ᠭᠦᠶ‍ᠦᠪᠡ᠃ ᠣᠳᠤ ᠭᠡᠳᠡᠷᠭᠦ ᠳᠠᠭᠠᠭᠠᠴᠢᠯᠠᠯᠳᠠ ᠭᠢᠵᠤ᠂ ᠨᠤᠳᠤᠭ ᠪᠠᠯᠴᠢᠭᠡᠷ ᠢ ᠴᠢᠳᠠᠯ ᠴᠢᠳᠠᠪᠣᠷᠢᠳᠠᠢ ᠭᠦᠮᠦᠰ ᠤᠨ ᠭᠠᠷ ᠲᠤ ᠳᠦᠪᠯᠡᠷᠡᠭᠦᠯᠪᠠᠯ ᠡᠨᠡ ᠪᠠᠯᠴᠢᠭᠡᠷ ᠶᠢᠡᠨ ᠠᠯᠳᠠᠵᠤ ᠶᠠᠪᠣᠭᠤᠯᠬᠤ ᠡᠴᠡ ᠠᠶᠤᠭᠰᠠᠨ ᠪᠠᠢ᠌ᠵᠠᠢ᠃ ᠡᠨᠡ ᠴᠤ ᠠᠷᠭ᠎ᠠ ᠦᠭᠡᠶ᠃ ᠳᠡᠭᠦᠨ ᠤ ᠶᠡᠭᠡ ᠭᠦᠤ ᠨᠢ ᠣᠷᠤᠰ᠂ ᠬᠠᠯᠬ᠎ᠠ᠂ ᠳᠤᠮᠳᠠᠳᠤ ᠭᠤᠷᠪᠠᠨ ᠣᠯᠤᠰ ᠤᠨ ᠬᠤᠭᠤᠷᠤᠠᠳᠤ ᠳᠡᠨᠢᠭᠡᠷ ᠬᠠᠰ ᠵᠡᠷᠭᠡ ᠴᠢᠯᠠᠭᠤ ᠶᠢᠨ ᠮᠠᠢ᠌ᠮᠠᠢ ᠭᠢᠵᠤ ᠶᠠᠪᠣᠨ᠎ᠠ᠃ ᠪᠠᠭ᠎ᠠ ᠭᠦᠤ ᠨᠢ ᠱᠸᠠᠵᠧᠨ ᠣᠯᠠᠭᠠᠠᠪᠠᠭᠠᠳᠤᠷ ᠤᠨ ᠬᠤᠭᠤᠷᠤᠠᠳᠤ ᠳᠤᠮᠤ ᠺᠤᠮᠫᠠᠨᠢ ᠶᠢᠨ ᠮᠤᠩᠭ᠋ᠤᠯ ᠡᠡᠩᠭ᠍ᠯᠢ ᠭᠡᠯᠡᠨ ᠤᠨ ᠣᠷᠴᠢᠭᠤᠯᠤᠭᠴᠢ ᠶᠠᠪᠣᠵᠤ᠂ ᠬᠠᠶᠠ ᠳᠠᠭᠠᠨ ᠠᠮᠸᠷᠢᠺᠠ᠂ ᠶᠠᠫᠣᠨ᠂ ᠳᠤᠮᠳᠠᠳᠤ ᠶᠢᠨ ᠵᠤᠭᠤᠰ ᠤᠨ ᠰᠤᠯᠢᠶ᠎ᠠ ᠮᠠᠢ᠌ᠮᠠᠢ ᠭᠢᠵᠤ ᠭᠤᠪᠢᠭᠤᠯᠭ᠎ᠠ ᠶᠢᠨ ᠵᠦᠷᠢᠶ᠎ᠠ ᠣᠷᠤᠯᠭ᠎ᠠ ᠣᠯᠵᠤ᠂ ᠵᠠᠯᠭ᠎ᠠ ᠰᠲ᠋ᠤᠺ ᠤᠨ ᠮᠠᠢ᠌ᠮᠠᠢ ᠭᠢᠳᠡᠭ᠌᠃ ᠡᠳᠡᠭᠡᠷ ᠢ ᠨᠢ ᠠᠷᠰᠯᠠᠨ ᠳᠠᠭ ᠮᠡᠳᠡᠭᠦ ᠦᠭᠡᠶ ᠪᠣᠯᠪᠠᠴᠤ ᠡᠨᠡ ᠨᠢ ᠦᠨᠦ ᠳᠡᠯᠡᠭᠡᠢ᠌ᠵᠢᠭᠦᠯᠦᠯᠳᠡ ᠨᠢ ᠪᠠᠢ᠌ᠯᠭᠦᠢ ᠭᠡᠵᠤ ᠪᠣᠳᠤᠨ᠎ᠠ᠃ ᠳᠠᠷᠠ ᠬᠤᠶᠠᠷ ᠭᠦᠤ ᠶᠢᠨ ᠶᠢᠡᠨ ᠶᠠᠭᠤ ᠭᠢᠵᠤ ᠪᠠᠢ᠌ᠬᠤ ᠶᠢ ᠠᠰᠠᠭᠤᠬᠤ ᠴᠤ ᠳᠤᠷ᠎ᠠ ᠦᠭᠡᠶ᠂ ᠦᠨᠡᠨ ᠢ ᠭᠡᠯᠡᠪᠠᠯ ᠠᠰᠠᠭᠤᠭᠠᠤᠨ ᠴᠤ ᠳᠦᠭᠦᠭᠡᠷᠡᠭᠦ ᠦᠭᠡᠶ᠂ ᠬᠠᠤᠯᠢ ᠶᠢ ᠵᠦᠷᠢᠴᠠᠵᠤ ᠭᠡᠷᠡᠭ᠌ ᠳᠠᠳᠠᠵᠤ ᠦᠭᠡᠶ ᠯᠠ ᠪᠣᠯ ᠪᠣᠯᠴᠢᠬᠠᠨ᠎ᠠ ᠭᠡᠵᠤ ᠪᠣᠷᠬᠠᠨ ᠳᠡᠭ᠍ᠷᠢ ᠳᠤ ᠪᠠᠨ ᠵᠠᠯᠪᠢᠷᠠᠨ᠎ᠠ᠃ ᠭᠡᠷ ᠲᠤ ᠪᠠᠨ ᠴᠢᠭᠢᠷᠠᠭ ᠭᠦᠳᠡᠯᠮᠦᠷᠢ ᠶᠢᠨ ᠭᠦᠴᠤ ᠦᠭᠡᠶ ᠳᠡᠭᠡᠨ ᠵᠤᠪᠠᠨ᠎ᠠ᠃ ᠳᠠᠷᠠ᠂ ᠨᠡᠢ᠌ᠭᠡᠮ ᠳᠡᠭᠡᠷᠡᠭᠢ ᠵᠤᠭᠤᠰ ᠲᠡᠶ ᠨᠠᠭᠠᠳᠤᠵᠤ ᠦᠷᠢ ᠰᠢᠷᠢ ᠳᠤ ᠣᠨᠠᠵᠤ ᠪᠠᠢ᠌ᠬᠤ᠂ ᠦᠨᠳᠦᠷ ᠭᠦᠤ ᠲᠡᠶ ᠵᠢᠭᠡᠯᠡᠯᠭᠡ ᠵᠢᠭᠡᠯᠡᠵᠤ᠂ ᠣᠯᠬᠤ ᠡᠴᠡ ᠪᠠᠨ ᠡᠮᠤᠨ᠎ᠡ ᠦᠷᠢ ᠭᠠᠷᠭᠠᠵᠤ ᠪᠦᠷᠢᠯᠭᠡᠵᠤ ᠰᠥᠢᠦᠡᠭᠡᠨ 《ᠭᠡᠳᠤ ᠣᠳᠤᠭᠢᠴᠢᠯᠠᠯ》 ᠭᠡᠳᠡᠭ᠌ ᠢ ᠭᠦᠭᠡᠭᠡᠴᠡᠯᠳᠦᠵᠤ ᠪᠠᠢ᠌ᠬᠤ ᠥᠵᠡᠭ᠍ᠳᠡᠯ ᠤᠳ ᠢ ᠦᠵᠡᠵᠤ ᠴᠢᠳᠠᠬᠤ ᠦᠭᠡᠶ ᠳᠤᠯᠤᠭᠠᠢ ᠰᠡᠭ᠍ᠰᠦᠷᠴᠤ 《ᠠᠢ︕》 ᠭᠡᠵᠤ ᠠᠮᠠ ᠪᠠᠨ ᠪᠠᠷᠢᠵᠤ ᠭᠦᠮᠤᠨ ᠤ ᠬᠤᠭᠤᠷᠤᠠᠳᠤ ᠡᠴᠡ ᠭᠠᠰᠢᠭᠤᠳᠠᠵᠤ ᠪᠠᠢ᠌ᠯ᠎ᠠ᠃ ᠶᠠᠭ ᠦᠨᠡᠨ ᠢ ᠨᠢ ᠭᠡᠯᠡᠪᠠᠯ ᠳᠠᠷᠠ ᠬᠤᠶᠠᠷ ᠭᠦᠤ ᠪᠠᠨ 《ᠠᠯᠤᠰ ᠤᠨ ᠭᠤᠷᠪᠠᠨ ᠭᠦᠷᠦᠭᠡᠰᠤᠨ ᠳᠤ ᠳᠤᠷᠠᠯᠠᠭᠠᠤᠨ ᠠᠷᠭᠠᠮᠵᠢᠶ᠎ᠠ ᠲᠡᠶ ᠡᠯᠵᠢᠭᠡ ᠪᠠᠨ ᠠᠯᠳᠠᠬᠤ》 ᠡᠴᠡ ᠨᠢ ᠠᠶᠤᠭᠰᠠᠨ ᠪᠠᠢ᠌ᠯ᠎ᠠ᠃ ᠭᠡᠷᠪᠡ ᠬᠡᠦᠬᠡᠳ ᠨᠢ ᠡᠯᠵᠢᠭᠡ ᠴᠤ ᠦᠭᠡᠶ ᠭᠤᠷᠪᠠᠨ ᠯᠠᠩ ᠴᠤ ᠦᠭᠡᠶ ᠡᠷᠭᠢᠭᠡᠳ ᠢᠷᠠᠪᠠᠯ ᠣᠷᠤᠬᠤ ᠭᠡᠷ ᠣᠭᠤᠴᠢᠬᠤ ᠠᠶᠠᠭ᠎ᠠ ᠲᠡᠶ ᠪᠢᠰᠢ ᠦᠦ︖ ᠭᠡᠵᠤ ᠪᠣᠳᠤᠬᠤ ᠳᠠᠭᠠᠨ ᠣᠳᠤᠷ ᠰᠠᠭᠤᠷᠢᠰᠢᠯ ᠶᠢᠡᠨ ᠭᠡᠭᠡᠭᠦ ᠦᠭᠡᠶ ᠭᠡᠵᠤ ᠠᠮᠢ ᠮᠠᠳᠠᠨ ᠵᠠᠭᠤᠷᠠᠵᠤ ᠪᠠᠢ᠌ᠳᠠᠭ ᠠᠵᠠᠢ᠃ ᠢᠩᠭᠢᠭᠦ ᠪᠠᠷ ᠶᠢᠡᠨ ᠳᠠᠷᠠ ᠦᠪᠡᠷ ᠤᠨ ᠬᠡᠦᠬᠡᠳ ᠶᠢᠡᠨ ᠬᠠᠮᠢᠶᠠᠷᠴᠤ ᠳᠡᠢ᠌ᠯᠭᠦ ᠦᠭᠡᠶ ᠭᠦᠮᠤᠨ ᠥᠭᠡᠷ᠎ᠡ ᠪᠣᠰᠤᠳ ᠢ ᠪᠣᠤ ᠭᠡᠯᠡᠶ᠎ᠡ ᠭᠡᠳ ᠠᠮᠠ ᠪᠠᠨ ᠬᠠᠪᠴᠢᠴᠢᠳᠠᠭ ᠪᠠᠢ᠌ᠯ᠎ᠠ᠃

ᠮᠤᠷᠢ ᠪᠣᠯ ᠠᠷᠰᠯᠠᠨ ᠤ ᠠᠮᠢᠨ ᠡᠷᠳᠡᠨᠢ ᠭᠡᠵᠤ ᠮᠠᠳᠠ᠃ ᠳᠠᠷᠠ ᠪᠣᠯ ᠣᠪᠣᠭ᠎ᠠ ᠪᠠᠷᠢᠭᠠᠳᠠ ᠶᠢᠨ ᠨᠠᠷᠠᠳᠤ ᠭᠡᠳᠤᠨ ᠠᠳᠤᠭᠤᠴᠢᠨ ᠤ ᠨᠢᠭᠡ ᠪᠠᠢ᠌ᠵᠠᠢ᠃ ᠳᠠᠷᠠ ᠦᠶ᠎ᠡ ᠳᠤ ᠣᠪᠣᠭ᠎ᠠ ᠪᠠᠷᠢᠭᠠᠳᠠ ᠠᠳᠤᠭᠤ ᠮᠢᠩᠭ᠎ᠠ ᠰᠢᠬᠠᠵᠤ᠂ ᠵᠠᠷᠢᠮ ᠰᠤᠷᠭᠠᠵᠤ ᠠᠮᠵᠢᠭᠰᠠᠨ ᠦᠭᠡᠶ ᠠᠳᠤᠭᠤ ᠨᠢ ᠡᠮᠨᠢᠭ᠍ᠰᠢᠵᠤ ᠵᠡᠷᠯᠢᠭ᠍ᠰᠢᠭᠡᠳ ᠠᠷᠴᠠᠨ ᠪᠠᠷᠭᠡ᠂ ᠭᠤᠭᠤᠤᠠᠳᠤ ᠬᠤᠭᠤᠯᠠᠢ᠂ ᠳᠡᠮᠡᠭᠡᠨ ᠵᠢᠯᠠᠭ᠎ᠠ ᠪᠠᠷ ᠭᠡᠳᠤᠨ ᠠᠷᠪᠠᠨ ᠠᠳᠤᠭᠤᠴᠢᠨ ᠤ ᠳᠠᠭᠤᠯᠴᠠᠵᠤ ᠶᠠᠪᠣᠵᠤ ᠪᠠᠢ᠌ᠭᠰᠠᠨ ᠨᠢ ᠥᠴᠦᠭᠡᠳᠦᠷ ᠤᠨ ᠣᠴᠢᠷ ᠠᠳᠠᠯᠢ ᠰᠠᠨᠠᠭᠳᠠᠵᠠᠢ᠃ 《ᠦᠨᠳᠦᠷ ᠵᠡᠭᠡᠷᠳᠡ ᠠᠵᠢᠷᠭ᠎ᠠ ᠪᠠᠨ ᠣᠨᠤᠵᠤ ᠣᠷᠭ᠎ᠠ ᠴᠢᠷᠦᠭᠡᠳ ᠭᠠᠷᠪᠠᠯ ᠦᠨᠦᠭᠢ ᠬᠠᠷ᠎ᠠ ᠪᠠᠯᠳᠠᠩ ᠴᠢᠨᠢ ᠳᠠᠩ ᠣᠯᠤᠰ ᠤᠨ ᠴᠸᠩ ᠶᠤᠤ ᠶᠢᠨ ᠡᠴᠡ ᠳᠤᠤᠷ᠎ᠠ ᠦᠭᠡᠶ ᠰᠦᠷᠳᠠᠢ ᠬᠠᠷᠠᠭᠳᠠᠨ᠎ᠠ ᠰᠢᠤ》 ᠭᠡᠵᠤ ᠭᠦᠭ᠍ᠰᠢᠨ ᠤ ᠭᠢᠨᠢ ᠦᠬᠢᠨ ᠪᠠᠢ᠌ᠬᠤ ᠦᠶ᠎ᠡ ᠳᠡᠭᠡᠨ ᠭᠡᠯᠡᠭ᠍ᠰᠡᠨ ᠢ ᠪᠣᠳᠤᠭᠠᠤᠨ ᠮᠠᠨ ᠤ ᠭᠦᠮᠤᠨ ᠴᠢᠨᠢ ᠮᠠᠭ ᠮᠠᠭ ᠢᠨᠢᠶᠡᠴᠢᠭᠡᠪᠡ᠃

ᠠᠷᠰᠯᠠᠨ ᠪᠣᠯ ᠬᠠᠷ᠎ᠠ ᠪᠣᠷᠤ ᠴᠢᠷᠠᠢ ᠲᠡᠶ ᠭᠦᠷᠦᠰᠦᠯᠢᠭ᠌ ᠪᠣᠵᠠᠭᠠᠢ ᠡᠷ᠎ᠡ ᠶᠤᠮ᠃ ᠭᠦᠳᠡᠭᠡ ᠭᠠᠳᠠᠨ᠎ᠠ ᠨᠠᠷᠠ ᠰᠠᠯᠭᠢᠨ ᠳᠤ ᠶᠠᠪᠣᠭᠰᠠᠭᠠᠷ ᠪᠠᠢ᠌ᠭᠠᠤᠨ ᠥᠨᠡᠭᠡᠷ ᠶᠠᠰᠤᠨ ᠳᠠᠭᠠᠨ ᠣᠷᠤᠳᠠᠯ᠎ᠠ ᠶᠠᠠᠳᠤᠩ ᠬᠠᠷ᠎ᠠ ᠪᠣᠯᠴᠢᠵᠠᠢ᠃ ᠣᠳᠤ ᠳᠠᠷᠠ᠄ 《ᠮᠢᠨᠤ ᠨᠤᠳᠤᠭ ᠪᠣᠯ ᠣᠯᠠᠭᠠᠨ ᠳᠠᠭ᠎ᠠ ᠭᠡᠭᠦ ᠭᠠᠵᠠᠷ᠃ ᠮᠢᠨᠤ ᠬᠠᠷᠢᠭᠤᠯᠤᠭᠰᠠᠨ ᠠᠳᠤᠭᠤ ᠪᠣᠯ ᠪᠦᠷ ᠣᠯᠠᠭᠠᠨ ᠵᠡᠭᠡᠷᠳᠡ ᠵᠢᠰᠤᠮ ᠤᠨ ᠠᠳᠤᠭᠤ ᠨᠤᠭᠤᠳ ᠁》 ᠭᠡᠵᠤ ᠪᠣᠳᠤᠮᠠᠭᠴᠠ ᠣᠨᠠᠭᠠᠨ ᠪᠠᠭ᠎ᠠ ᠳ᠋ᠤᠨᠢ ᠠᠪᠣ ᠶᠢᠨ ᠭᠢᠨᠢ ᠭᠡᠯᠡᠵᠤ ᠦᠭ‍ᠭᠦᠭ᠍ᠰᠡᠨ ᠣᠯᠠᠭᠠᠨ ᠳᠠᠭ᠎ᠠ ᠶᠢᠨ ᠳᠤᠮᠤᠭ ᠥᠯᠢᠭᠡᠷ ᠰᠠᠨᠠᠭᠠᠨ ᠳ᠋ᠤᠨᠢ ᠣᠷᠤᠭᠠᠤᠨ ᠢᠷᠡᠴᠢᠭᠡᠯ᠎ᠡ᠃

ᠡᠷᠳᠡ ᠣᠷᠢᠳᠤ ᠶᠢᠨ ᠴᠠᠭ ᠲᠤ ᠭᠡᠨ᠎ᠡ᠃ ᠣᠯᠠᠭᠠᠨ ᠳᠠᠭ᠎ᠠ ᠭᠡᠭᠦ ᠡᠨᠡ ᠭᠠᠵᠠᠷ ᠲᠤ ᠳᠠᠷᠪᠠ ᠪᠠᠶᠠᠨ ᠤ ᠳᠠᠪᠤᠨ ᠵᠠᠭᠤᠨ ᠰᠢᠷᠭ᠎ᠠ ᠠᠳᠤᠭᠤ ᠪᠠᠯᠴᠢᠭᠡᠷᠯᠡᠵᠤ ᠪᠠᠢ᠌ᠵᠠᠢ᠃ ᠡᠨᠡ ᠳᠠᠯ᠎ᠠ ᠶᠢᠨ ᠳᠤᠮᠳᠠ ᠨᠢᠭᠡ ᠠᠯᠳᠠᠨ ᠣᠨᠠᠭ᠎ᠠ ᠲᠡᠶ ᠷᠠᠰᠢᠶᠠᠨ ᠨᠠᠭᠤᠷ ᠪᠠᠢ᠌ᠭᠰᠠᠨ ᠭᠡᠨ᠎ᠡ᠃ ᠨᠢᠭᠡᠨ ᠡᠳᠦᠷ ᠡᠮᠤᠨ᠎ᠡ ᠵᠥᠭ᠌ ᠡᠴᠡ ᠳᠠᠮᠨᠠᠭᠤᠷ ᠳᠠᠮᠨᠠᠭᠰᠠᠨ ᠦᠯᠦ ᠳᠠᠨᠢᠬᠤ ᠭᠦᠮᠤᠨ ᠢᠷᠠᠵᠤ ᠡᠨᠡ ᠠᠯᠳᠠᠨ ᠣᠨᠠᠭ᠎ᠠ ᠶᠢ ᠬᠤᠯᠤᠭᠠᠢ᠌ᠯᠠᠬᠤ ᠪᠠᠷ ᠷᠠᠰᠢᠶᠠᠨ ᠨᠠᠭᠤᠷ ᠤᠨ ᠵᠠᠬ᠎ᠠ ᠳᠤ ᠢᠷᠠᠵᠠᠢ᠃ ᠳᠠᠷᠠ ᠳᠠᠮᠨᠠᠭᠤᠷᠴᠢᠨ ᠠᠷᠤ ᠳᠡᠭᠡᠷ᠎ᠡ ᠪᠠᠨ ᠡᠭᠦᠷᠴᠤ ᠪᠠᠢ᠌ᠭᠰᠠᠨ ᠰᠢᠭᠤᠳᠠᠢ ᠡᠴᠡ ᠪᠠᠨ ᠶᠠᠮᠠᠷ ᠨᠢᠭᠡᠨ ᠶᠠᠭᠤᠮ᠎ᠠ ᠶᠢ ᠭᠠᠷᠭᠠᠨ ᠡ᠊ᠨᠳᠡ ᠳᠠᠠᠳᠠ ᠰᠠᠴᠤᠭᠠᠤᠨ᠂ ᠬᠤᠩᠬᠤ ᠳᠠᠮᠠᠷᠤ ᠪᠠᠨ ᠡᠷᠭᠢᠭᠦᠯᠤᠨ ᠠᠮᠠᠨ ᠳᠤᠳᠤᠷ᠎ᠠ ᠪᠠᠨ ᠣᠪᠣᠷ ᠳᠤᠪᠣᠷ ᠶᠠᠭᠤ ᠨᠢᠭᠡ ᠶᠢ ᠶᠠᠷᠢᠭᠰᠠᠨ ᠳᠤ᠂ ᠷᠠᠰᠢᠶᠠᠨ ᠨᠠᠭᠤᠷ ᠲᠤ ᠣᠰᠤ ᠣᠤᠭᠤᠵᠤ ᠪᠠᠢ᠌ᠭᠰᠠᠨ ᠠᠯᠳᠠᠨ ᠣᠨᠠᠭ᠎ᠠ ᠭᠦᠯ ᠳᠡᠭᠡᠨ ᠪᠠᠷᠢᠶ᠎ᠠ ᠭᠢᠯᠭᠡᠭ᠍ᠰᠡᠨ ᠰᠢᠭ᠌ ᠭᠦᠳᠡᠯᠦᠰᠢ ᠦᠭᠡᠶ ᠵᠤᠭᠰᠤᠭᠰᠠᠨ ᠭᠡᠨ᠎ᠡ᠃ ᠡᠨᠡ ᠪᠠᠢ᠌ᠳᠠᠯ ᠢ ᠣᠯᠵᠤ ᠥᠵᠡᠭ᠍ᠰᠡᠨ ᠳᠠᠷᠪᠠ ᠪᠠᠶᠠᠨ 《ᠡᠨ︕ ᠡᠨᠡ ᠴᠢᠨᠢ ᠰᠤᠯᠢᠭᠤ ᠣᠪᠠᠳᠢᠰ ᠭᠡᠷᠡᠭᠯᠡᠨ ᠠᠯᠳᠠᠨ ᠣᠨᠠᠭ᠎ᠠ ᠶᠢ ᠨᠤᠮᠤᠬᠠᠳᠬᠠᠵᠤ ᠷᠠᠰᠢᠶᠠᠨ ᠨᠠᠭᠤᠷ ᠲᠤ ᠬᠤᠤᠷ᠎ᠠ ᠭᠢᠭᠦ ᠭᠡᠵᠤ ᠪᠠᠢ᠌ᠬᠤ ᠶᠤᠮ ᠪᠠᠢ᠌ᠨ᠎ᠠ》 ᠭᠡᠳ ᠰᠤᠴᠢᠵᠤ ᠠᠪᠣᠭᠰᠠᠨ ᠭᠡᠨ᠎ᠡ᠃ ᠬᠠᠷᠠᠵᠤ ᠪᠠᠢ᠌ᠳᠠᠯ᠎ᠠ ᠳᠠᠷᠠ ᠭᠦᠮᠤᠨ ᠠᠯᠳᠠᠨ ᠣᠨᠠᠭ᠎ᠠ ᠶᠢᠨ ᠳᠡᠷᠭᠡᠳᠡ ᠭᠦᠷᠴᠤ ᠳᠠᠯ ᠡᠴᠡ ᠨᠢ ᠠᠳᠬᠤᠨ ᠠᠪᠣᠯ᠎ᠠ᠃ ᠳᠠᠷᠪᠠ ᠰᠠᠠᠳᠤᠷᠬᠤ ᠳᠠᠭᠠᠨ 《ᠬᠠᠶ‍ᠢ︕》 ᠭᠡᠵᠤ ᠵᠠᠩᠳᠤᠷᠠᠭᠰᠠᠨ ᠳᠤ ᠠᠯᠳᠠᠨ ᠣᠨᠠᠭ᠎ᠠ ᠰᠤᠴᠢᠭᠰᠠᠨ ᠭᠦᠴᠤᠨ ᠳᠡᠭᠡᠨ ᠠᠰ ᠳᠡᠭᠡᠭ᠍ᠰᠢ ᠪᠣᠯᠭᠢᠨ ᠦᠰᠦᠷᠴᠤ ᠨᠠᠭᠤᠷ ᠲᠠᠭᠠᠨ ᠬᠠᠷᠠᠢ᠌ᠵᠤ ᠣᠷᠤᠭᠰᠠᠨ ᠭᠡᠨ᠎ᠡ᠃ ᠳᠠᠷᠠ ᠭᠦᠮᠤᠨ ᠠᠯᠳᠠᠨ ᠣᠨᠠᠭ᠎ᠠ ᠶᠢᠨ ᠬᠣᠢ᠌ᠨ᠎ᠠ ᠡᠴᠡ ᠨᠦᠷᠢᠨ ᠣᠷᠤᠵᠠᠢ᠃ ᠦᠵᠡᠵᠤ ᠪᠠᠢ᠌ᠳᠠᠯ᠎ᠠ ᠡᠭᠦᠯᠡ ᠮᠠᠨᠠᠨ ᠪᠦᠷᠭᠦᠵᠤ᠂ ᠣᠨᠢᠶᠠᠷ ᠪᠣᠳᠠᠩ ᠳᠠᠳᠠᠨ᠂ ᠷᠠᠰᠢᠶᠠᠨ ᠨᠠᠭᠤᠷ ᠤᠨ ᠣᠰᠤ ᠣᠯᠠᠭᠠᠨ ᠪᠣᠷᠵᠠᠩ ᠶᠢᠡᠷ ᠡᠷᠭᠢᠯᠳᠦᠵᠤ᠂ ᠭᠠᠵᠠᠷ ᠳᠡᠯᠡᠭᠡᠢ ᠳᠠᠢ᠌ᠪᠢᠬᠤ ᠰᠢᠭ᠌ ᠪᠣᠯᠵᠠᠢ ᠭᠡᠨ᠎ᠡ᠃ ᠳᠠᠷᠪᠠ ᠪᠠᠶᠠᠨ ᠳᠠᠭᠠᠷᠠᠬᠤ ᠦᠭᠡᠶ ᠪᠠᠢ᠌ᠳᠠᠯ᠎ᠠ ᠪᠠᠨ ᠳᠠᠭᠵᠢᠵᠤ᠂ ᠠᠭᠤᠯᠠ ᠣᠰᠤᠨ ᠤ ᠡᠵᠡᠯᠡᠭ᠍ᠴᠢ ᠨᠠᠪᠳᠠᠭ ᠰᠠᠪᠳᠠᠭ ᠶᠢᠡᠨ ᠥᠯᠡᠳᠡᠭᠡᠨ ᠠᠪᠬᠤ ᠭᠡᠵᠤ 《ᠠᠯᠳᠠᠨ ᠣᠨᠠᠭ᠎ᠠ ᠡ︕ ᠭᠤᠷᠤᠢ᠂ ᠭᠤᠷᠤᠢ︕ ᠠᠭᠤᠯᠠ ᠣᠰᠤᠨ ᠳᠠᠭᠠᠨ ᠢᠷ᠎ᠠ᠂ ᠢᠷ᠎ᠠ︕》 ᠭᠡᠵᠤ ᠬᠠᠠᠴᠤᠢ ᠪᠠᠷ ᠶᠢᠡᠨ ᠳᠠᠯᠠᠯᠤᠨ ᠬᠠᠷ᠎ᠠ ᠭᠦᠴᠤ ᠪᠠᠷ ᠶᠢᠡᠨ ᠬᠠᠰᠭᠢᠷᠤᠭᠰᠠᠨ ᠳᠤ ᠡᠵᠡᠨ ᠤ ᠪᠠᠨ ᠳᠠᠭᠤᠨ ᠢ ᠰᠤᠨᠤᠰᠤᠭᠰᠠᠨ ᠠᠯᠳᠠᠨ ᠣᠨᠠᠭ᠎ᠠ᠂ ᠳᠠᠯ ᠡᠴᠡ ᠨᠢ ᠵᠠᠭᠤᠷᠠᠯᠳᠤᠭᠰᠠᠨ ᠦᠨᠦ ᠭᠠᠢ᠌ᠬᠠᠯ ᠢ ᠳᠠᠯᠪᠠ ᠢᠰᠭᠦᠯᠤᠨ ᠴᠢᠰᠤᠨ ᠵᠡᠭᠡᠷᠳᠡ ᠪᠣᠯᠵᠤ᠂ ᠨᠠᠭᠤᠷ ᠡᠴᠡ ᠳᠡᠭ᠍ᠳᠡᠨ ᠭᠠᠷᠴᠤ ᠢᠷᠡᠭ᠍ᠰᠡᠨ ᠭᠡᠨ᠎ᠡ᠃ ᠳᠠᠷᠠ ᠡᠳᠦᠷ ᠡᠴᠡ ᠡᠭᠢᠯᠡᠭᠡᠳ ᠳᠠᠯ᠎ᠠ ᠶᠢᠨ ᠳᠤᠮᠳᠠᠭᠢ ᠷᠠᠰᠢᠶᠠᠨ ᠨᠠᠭᠤᠷ ᠰᠢᠷᠭᠢᠵᠤ᠂ ᠰᠢᠷᠭ᠎ᠠ ᠠᠳᠤᠭᠤ ᠨᠤᠭᠤᠳ ᠨᠢ ᠣᠯᠠᠭᠠᠨ ᠵᠢᠰᠤᠮ ᠶᠢᠡᠷ ᠰᠤᠯᠢᠭᠳᠠᠭᠰᠠᠨ ᠭᠡᠨ᠎ᠡ᠃ ᠳᠡᠭᠦᠨ ᠡᠴᠡ ᠠᠪᠣᠭᠠᠤᠨ ᠡᠨᠡ ᠳᠠᠯ᠎ᠠ ᠶᠢᠨ ᠨᠠᠷ᠎ᠠ ᠨᠢ ᠰᠢᠷᠭ᠎ᠠ ᠶᠢᠨ ᠳᠠᠯ᠎ᠠ ᠭᠡᠵᠤ ᠪᠠᠢ᠌ᠭᠰᠠᠨ ᠡᠴᠡ ᠪᠠᠨ ᠣᠯᠠᠭᠠᠨ ᠳᠠᠭ᠎ᠠ ᠶᠢᠨ ᠳᠠᠯ᠎ᠠ ᠭᠡᠵᠤ ᠳᠠᠭᠤᠳᠠᠭᠳᠠᠬᠤ ᠪᠣᠯᠤᠭᠰᠠᠨ ᠭᠡᠨ᠎ᠡ᠃

ᠠᠷᠰᠯᠠᠨ ᠣᠯᠠᠭᠠᠨ ᠳᠠᠭ᠎ᠠ ᠶᠢᠨ ᠳᠠᠯ᠎ᠠ ᠳᠠᠭᠠᠨ ᠬᠠᠢ᠌ᠷᠠᠳᠠᠢ᠂ ᠣᠯᠠᠭᠠᠨ ᠵᠢᠰᠤᠮ ᠤᠨ ᠠᠳᠤᠭᠤ ᠳᠠᠭᠠᠨ ᠨᠠᠩ ᠬᠠᠢ᠌ᠷᠠᠳᠠᠢ᠃ ᠳᠠᠷᠠ ᠪᠠᠰᠠ ᠦᠪᠡᠷ ᠢ ᠪᠠᠨ ᠳᠠᠷᠪᠠ ᠪᠠᠶᠠᠨ ᠤ ᠦᠷ᠎ᠡ ᠬᠣᠢ᠌ᠴᠠᠰ ᠴᠤ ᠶᠤᠮ ᠦᠦ︖ ᠭᠡᠵᠤ ᠪᠣᠳᠤᠳᠠᠭ᠃

ᠠᠷᠰᠯᠠᠨ ᠢᠩᠭᠢᠵᠤ ᠵᠢᠭᠦᠷᠮᠡᠭᠯᠡᠵᠤ ᠡᠯᠳᠡᠪ ᠢ ᠪᠣᠳᠤᠭᠰᠠᠭᠠᠷ ᠵᠢᠷᠭᠤᠭᠠᠨ ᠴᠠᠭ ᠪᠣᠯᠤᠮᠠᠭᠴᠠ ᠬᠡᠦᠬᠡᠳ ᠲᠡᠶ ᠪᠠᠨ ᠬᠤᠶᠠᠷ ᠵᠢᠫᠦ᠋ ᠳᠡᠷᠭᠡ ᠪᠠᠷ ᠣᠳᠤᠷ ᠳᠡᠭᠡᠷ᠎ᠡ ᠪᠠᠨ ᠶᠠᠪᠣᠯ᠎ᠠ᠃ ᠡᠨᠡ ᠣᠳᠠᠭ᠎ᠠ ᠭᠦᠭ᠍ᠰᠢᠨ ᠡᠴᠡ ᠨᠢ ᠪᠣᠰᠤᠳ ᠨᠢ ᠪᠦᠷ ᠬᠠᠮᠳᠤ ᠶᠠᠪᠣᠪᠠ᠃

ᠲ᠋ᠠᠳᠠ᠂ ᠨᠠᠷᠠ ᠭᠠᠷᠬᠤ ᠡᠴᠡ ᠡᠮᠤᠨ᠎ᠡ ᠣᠳᠤᠷ ᠲᠠᠭᠠᠨ ᠭᠦᠷᠴᠤ ᠢᠷᠠᠪᠠ᠃ ᠠᠷᠰᠯᠠᠨ ᠭᠤᠸᠠᠢ ᠬᠡᠦᠬᠡᠳ ᠶᠢᠡᠨ ᠵᠢᠭᠠᠵᠤ ᠵᠢᠯᠤᠭᠤᠳᠤᠨ ᠰᠢᠷᠤᠢ ᠣᠪᠣᠭᠠᠯᠠᠵᠤ ᠵᠤᠬᠢᠶᠠᠭᠰᠠᠨ ᠳᠠᠭᠢᠯᠭ᠎ᠠ ᠶᠢᠨ ᠮᠠᠠᠳᠤᠯ ᠤᠨ ᠳᠡᠭᠡᠷ᠎ᠡ ᠳᠠᠯ᠎ᠠ ᠳᠤ ᠰᠢᠳᠠᠭᠠᠯᠭ᠎ᠠ ᠶᠢᠨ ᠲᠦᠯᠡᠰᠢ ᠪᠠᠨ ᠬᠤᠭᠤᠴᠠᠵᠤ ᠵᠡᠷᠭᠡᠯᠡᠵᠤ ᠨᠤᠴᠤᠭᠠᠪᠠ᠃ ᠳᠡᠭᠦᠨ ᠤ ᠠᠷᠤ ᠳᠤ ᠬᠠᠩᠵᠤᠨ ᠰᠢᠷᠡᠭᠡ ᠳᠡᠭᠡᠷ᠎ᠡ ᠮᠤᠳᠤᠨ ᠳᠠᠪᠠᠭ ᠲᠤ ᠢᠮᠠᠭᠠᠨ ᠡᠪᠴᠢᠭᠦᠤ᠂ ᠠᠶᠠᠭ᠎ᠠ ᠲᠡᠶ ᠦᠨᠢᠶᠠᠨ ᠰᠥ᠋᠂ ᠠᠶᠠᠭ᠎ᠠ ᠲᠡᠶ ᠬᠠᠷ᠎ᠠ ᠭᠦᠭᠡ ᠴᠠᠢ᠂ ᠰᠢᠷ᠎ᠠ ᠳᠤᠰᠤ᠂ ᠯᠤᠩᠬᠤ ᠲᠡᠶ ᠬᠠᠷ᠎ᠠ ᠠᠷᠢᠭᠢ᠂ ᠳᠡᠭ᠍ᠷᠢ ᠳᠠᠭᠢᠬᠤ ᠬᠠᠭᠠᠷᠢᠭᠰᠠᠨ ᠪᠣᠤᠪᠣ ᠵᠡᠷᠭᠡ ᠶᠢ ᠳᠠᠯᠪᠢᠵᠠᠢ᠃ ᠳᠠᠭᠢᠯᠭ᠎ᠠ ᠶᠢᠨ ᠮᠠᠠᠳᠤᠯ ᠤᠨ ᠭᠤᠤᠯ ᠣᠷᠤᠢ ᠳᠡᠭᠡᠷ᠎ᠡ ᠪᠠᠭᠴᠠ ᠭᠦᠵᠢ ᠣᠩᠭ᠋ᠠᠰᠬᠠᠨ᠂ ᠮᠠᠠᠳᠤᠯ ᠤᠨ ᠡᠮᠤᠨ᠎ᠡ ᠨᠦᠮᠦᠷᠢ ᠲᠤ ᠭᠠᠤᠯᠢᠨ ᠴᠥᠭ᠍ᠦᠴᠡ ᠳᠤ ᠵᠤᠯᠠ ᠠᠰᠠᠭᠠᠵᠤ ᠳᠠᠯᠪᠢᠪᠠ᠃ ᠰᠢᠷᠡᠭᠡ ᠶᠢᠨ ᠵᠡᠭᠦᠨ ᠥᠡᠴᠦᠭ᠌ ᠳᠡᠭᠡᠷ᠎ᠡ ᠱᠠᠩᠯᠤ ᠳᠤᠳᠤᠷ᠎ᠠ ᠭᠦᠵᠢ ᠠᠷᠴᠠ ᠣᠩᠭ᠋ᠠᠰᠬᠠᠵᠤ᠂ ᠭᠦᠵᠢ ᠪᠠᠨ ᠨᠤᠴᠤᠭᠠᠵᠤ ᠳᠠᠭᠢᠯᠭ᠎ᠠ ᠶᠢᠨ ᠮᠠᠠᠳᠤᠯ ᠪᠣᠯᠤᠨ ᠰᠢᠳᠠᠭᠠᠯᠭ᠎ᠠ ᠶᠢᠨ ᠪᠣᠳᠠᠰ᠂ ᠲᠦᠯᠡᠰᠢ ᠳᠦᠯᠡᠭᠡ ᠪᠠᠨ ᠠᠷᠢᠭᠤᠯᠠᠵᠤ ᠪᠠᠷᠠᠮᠠᠭᠴᠠ ᠳᠡᠭ᠍ᠷᠢ ᠪᠠᠨ ᠳᠠᠭᠢᠵᠤ ᠡᠭᠢᠯᠡᠯ᠎ᠡ᠃ ᠠᠷᠰᠯᠠᠨ ᠭᠤᠸᠠᠢ᠄ 《ᠡᠴᠢᠭᠡ ᠳᠡᠭ᠍ᠷᠢ ᠲᠤ ᠪᠠᠨ ᠰᠢᠳᠠᠭᠠᠯᠭ᠎ᠠ ᠰᠢᠳᠠᠭᠠᠵᠤ ᠰᠠᠴᠤᠯᠢ ᠰᠠᠴᠤᠵᠤ ᠪᠠᠢ᠌ᠨ᠎ᠠ︕ ᠰᠠᠢ᠌ᠨ ᠵᠤᠭᠤᠭᠯᠠ︕》 ᠭᠡᠵᠤ ᠭᠡᠯᠡᠭ᠍ᠰᠡᠭᠡᠷ ᠭᠠᠯ ᠳᠤ ᠭᠦᠵᠢ ᠠᠷᠴᠠ ᠪᠠ ᠳᠠᠭᠢᠯᠭ᠎ᠠ ᠶᠢᠨ ᠶᠠᠭᠤᠮ᠎ᠠ ᠳᠠᠰ ᠳᠠᠷᠠᠭ᠎ᠠ ᠲᠡᠶ ᠡᠷᠭᠦᠭ᠍ᠰᠡᠨ ᠳᠤ ᠬᠡᠦᠬᠡᠳ ᠨᠢ ᠬᠠᠮᠵᠢᠯᠴᠠᠨ᠂ ᠪᠠᠰᠠ ᠳᠡᠭᠦᠨ ᠢ ᠳᠠᠭᠠᠵᠤ ᠳᠦᠷᠪᠡᠨ ᠵᠥᠭ᠌ ᠨᠢ᠋ᠮᠠᠨ ᠵᠤᠪᠭᠢᠰ ᠤᠨ ᠳᠡᠭ᠍ᠷᠢ ᠲᠤ ᠦᠨᠢᠶᠠᠨ ᠰᠥ᠋᠂ ᠬᠠᠷ᠎ᠠ ᠭᠦᠭᠡ ᠴᠠᠢ᠂ ᠬᠠᠷ᠎ᠠ ᠠᠷᠢᠭᠢ ᠪᠠᠷ ᠰᠠᠴᠤᠯᠢ ᠡᠷᠭᠦᠵᠡᠭᠡᠪᠡ᠃ ᠠᠷᠰᠯᠠᠨ ᠬᠤᠭᠤᠯᠠᠢ ᠪᠠᠨ ᠵᠠᠰᠠᠵᠤ ᠠᠪᠣᠭᠠᠤᠨ᠄

《ᠵᠧ︕ ᠣᠮ ᠰᠠᠢ᠌ᠨ ᠠᠮᠤᠭᠤᠯᠠᠩ ᠪᠣᠯᠳᠤᠭᠠᠢ︕

ᠡᠰᠡᠷᠸ᠎ᠡ ᠬᠠᠨ ᠬᠤᠷᠮᠤᠰᠳᠠ ᠳᠡᠭ᠍ᠷᠢ

ᠡᠴᠢᠭᠡ ᠶᠡᠭᠡ ᠮᠥᠩᠭᠡ ᠳᠡᠭ᠍ᠷᠢ

ᠲ᠋ᠡᠭᠡᠷ᠎ᠡ ᠶᠠᠷᠠ ᠶ‍ᠢᠰᠤᠨ ᠳᠡᠭ᠍ᠷᠢ

ᠲ᠋ᠡᠷᠭᠡᠳᠡᠭᠢ ᠬᠤᠷᠢᠨ ᠨᠢ᠋ᠮᠠᠨ ᠣᠳᠤ

ᠠᠯᠳᠠᠨ ᠭᠡᠷᠡᠯᠳᠤ ᠨᠠᠷᠠᠨ ᠰᠠᠭᠢᠭᠤᠰᠤ

ᠠᠷᠢᠭᠤᠬᠠᠨ ᠭᠡᠭᠡᠨ ᠰᠠᠷᠠᠨ ᠳᠠᠭᠢᠨᠢ ᠳᠤ ᠪᠠᠨ

ᠬᠠᠷ᠎ᠠ ᠢᠮᠠᠭᠠᠨ ᠤ ᠣᠭᠤᠴᠠ ᠪᠠᠷ ᠳᠠᠭᠢᠯᠭ᠎ᠠ ᠳᠠᠯᠪᠢᠵᠤ

ᠠᠷᠢᠭᠢ ᠰᠥ᠋ ᠴᠠᠢ ᠪᠠᠷ ᠰᠠᠴᠤᠯᠢ ᠰᠠᠴᠤᠨᠠᠮ︕

ᠠᠷᠴᠠ ᠭᠦᠵᠢ ᠮᠢᠬ᠎ᠠ ᠳᠤᠰᠤ ᠰᠢᠳᠠᠭᠠᠵᠤ ᠦᠭ‍ᠭᠦᠨᠡᠮ︕

ᠡᠴᠢᠭᠡ ᠳᠡᠭ᠍ᠷᠢ ᠶᠢᠨ ᠭᠦᠴᠤᠨ ᠳᠤ ᠳᠦᠰᠢᠭᠯᠡᠵᠤ

ᠡᠭᠡ ᠳᠡᠯᠡᠭᠡᠢ ᠶᠢᠨ ᠭᠡᠰᠢᠭ᠌ ᠢ ᠭᠦᠷᠳᠡᠵᠤ

ᠡᠷᠳᠡ ᠳᠡᠭᠡᠳᠤ ᠶᠢᠨ ᠰᠦᠷ ᠭᠡᠷᠡᠯ ᠵᠢᠠᠷ

ᠡᠭᠦᠳᠡ ᠡᠷᠦᠭᠡ ᠪᠠᠨ ᠭᠡᠢ᠌ᠭᠦᠯᠤᠨ ᠮᠠᠠᠳᠤᠭᠤᠯᠵᠤ

ᠭᠠᠯ ᠭᠤᠯᠤᠮᠳᠠ ᠪᠠᠨ ᠰᠠᠭᠢᠵᠤ

ᠭᠠᠵᠠᠷ ᠨᠤᠳᠤᠭ ᠶᠢᠡᠨ ᠡᠵᠡᠯᠡᠵᠤ

ᠨᠤᠭᠤᠨ ᠦᠷ᠎ᠡ ᠪᠠᠨ ᠭᠦᠮᠦᠵᠢᠭᠦᠯᠵᠤ

ᠨᠤᠳᠤᠭ ᠣᠰᠤ ᠪᠠᠨ ᠪᠠᠶᠠᠰᠬᠠᠵᠤ

ᠲ᠋ᠤᠷᠭ᠎ᠠ ᠳᠤᠷᠳᠠᠩ ᠡᠮᠦᠰᠴᠤ

ᠲ᠋ᠤᠰᠤ ᠮᠢᠬ᠎ᠠ ᠢᠳᠠᠵᠤ

ᠠᠯᠳᠠ ᠮᠦᠩᠭᠦ ᠠᠪᠳᠠᠷᠠᠯᠠᠵᠤ

ᠠᠰᠢᠭ ᠵᠤᠭᠤᠰ ᠬᠤᠷᠠᠮᠳᠠᠭᠤᠯᠵᠤ

ᠦᠯᠵᠡᠢ ᠮᠦᠷ ᠲᠡᠶ ᠡᠪᠡᠳᠴᠢᠨ ᠦᠭᠡᠶ ᠶᠠᠪᠣᠵᠤ

ᠥᠭᠡᠳᠡ ᠡᠰᠡᠷᠡᠭ᠌ ᠠᠮᠢᠳᠤᠷᠬᠤ ᠵᠢ

ᠡᠴᠢᠭᠡ ᠳᠡᠭ᠍ᠷᠢ ᠳᠤ ᠪᠠᠨ ᠳᠠᠭᠠᠳᠬᠠᠵᠤ ᠪᠠᠢ᠌ᠨ᠎ᠠ︕

ᠡᠷᠭᠡᠳᠡᠨ ᠭᠠᠷᠠᠭ ᠤᠳ ᠡᠴᠡ ᠠᠪᠣᠷᠠᠯ ᠭᠤᠶᠤᠵᠤ ᠪᠠᠢ᠌ᠨ᠎ᠠ︕

ᠮᠥᠩᠭᠡ ᠳᠡᠭ᠍ᠷᠢ ᠪᠣᠶᠠᠨ ᠭᠡᠰᠢᠭ᠌ ᠢ ᠢᠪᠠᠭᠡᠳᠦᠭᠡᠢ︕

ᠬᠤᠷᠮᠤᠰᠳᠠ ᠳᠡᠭ᠍ᠷᠢ ᠵᠤᠯ ᠵᠢᠷᠭᠠᠯ ᠢ ᠢᠪᠠᠭᠡᠳᠦᠭᠡᠢ︕》 ᠭᠡᠭᠦ ᠳ᠋ᠤᠨᠢ ᠬᠡᠦᠬᠡᠳ ᠨᠢ ᠳᠠᠭᠠᠯᠴᠠᠨ᠄ 《ᠳᠠᠷᠠ ᠪᠠᠯᠭᠡ ᠪᠠᠷ ᠪᠣᠯᠳᠤᠭᠠᠢ︕》 ᠭᠡᠵᠡᠭᠡᠪᠡ᠃ ᠠᠷᠰᠯᠠᠨ ᠢ ᠳᠠᠭᠠᠵᠤ ᠣᠯᠠᠨ ᠶᠢᠡᠷ ᠶᠢᠡᠨ ᠨᠠᠷᠠᠨ ᠵᠦᠪ ᠶᠢᠡᠷ ᠣᠪᠣᠭ᠎ᠠ ᠪᠠᠨ ᠭᠤᠷᠪᠠ ᠡᠷᠭᠢᠵᠤ ᠰᠠᠴᠤᠯᠢ ᠡᠷᠭᠦᠨ 《ᠣᠮ ᠮᠠ ᠬᠤᠩ᠂ ᠣᠮ ᠮᠠ ᠬᠤᠩ︕ ᠡᠴᠢᠭᠡ ᠳᠡᠭ᠍ᠷᠢ ᠦᠷᠦᠰᠢᠶᠠ︕》 ᠭᠡᠯ᠎ᠡ᠃ ᠳᠠᠷᠠᠭ᠎ᠠ ᠪᠠᠷ ᠨᠢ ᠨᠠᠷᠠᠨ ᠵᠥᠭ᠌ ᠪᠠᠷ ᠣᠪᠣᠭ᠎ᠠ ᠪᠠᠨ ᠭᠤᠷᠪᠠ ᠡᠷᠭᠢᠨ ᠳᠦᠷᠪᠡᠨ ᠵᠥᠭ᠌ ᠨᠢ᠋ᠮᠠᠨ ᠵᠤᠪᠭᠢᠰ ᠤᠨ ᠳᠡᠭ᠍ᠷᠢ ᠲᠤ ᠵᠠᠯᠪᠢᠷᠠᠨ ᠮᠥᠷᠭᠦᠵᠤ ᠠᠮᠠ ᠠᠮᠠᠨ ᠳᠠᠭᠠᠨ 《ᠡᠴᠢᠭᠡ ᠳᠡᠭ᠍ᠷᠢ ᠥᠷᠦᠰᠢᠶᠡᠭᠦ ᠪᠣᠯᠳᠤᠭᠠᠢ︕》 ᠭᠡᠵᠡᠭᠡᠨ᠎ᠡ᠃

ᠲ᠋ᠡᠭ᠍ᠷᠢ ᠳᠠᠭᠢᠵᠤ ᠪᠠᠷᠠᠭᠠᠤᠨ ᠣᠳᠤᠷ ᠤᠨ ᠭᠡᠷ ᠲᠤ ᠪᠠᠨ ᠣᠷᠤᠵᠤ ᠪᠣᠷᠬᠠᠨ ᠳᠠᠭᠠᠨ ᠵᠤᠯᠠ ᠭᠦᠵᠢ ᠠᠰᠠᠭᠠᠵᠤ ᠮᠥᠷᠭᠦᠭᠡᠳ ᠬᠡᠦᠬᠡᠳ ᠨᠢ ᠵᠢᠫᠦ᠋ ᠳᠡᠷᠭᠡ ᠪᠠᠷ ᠶᠢᠡᠨ ᠠᠰᠠᠷ ᠵᠥᠭ᠌ ᠲᠤ ᠪᠠᠨ ᠪᠣᠴᠠᠪᠠ᠃ ᠪᠠᠭ᠎ᠠ ᠣᠮᠪᠣᠯᠤ ᠭᠦᠤ ᠠᠮᠤᠷ ᠨᠢ᠄ 《ᠳᠡᠭ᠍ᠷᠢ ᠳᠠᠭᠢᠬᠤ ᠴᠢᠨᠢ ᠥᠨᠡᠭᠡᠷ ᠶ‍ᠸᠨᠤ ᠲᠡᠶ᠃ ᠳᠡᠭ᠍ᠷᠢ ᠮᠠᠨ ᠤ ᠢᠩᠭᠢᠵᠤ ᠭᠢᠵᠤ ᠪᠠᠢ᠌ᠬᠤ ᠶᠢ ᠮᠡᠳᠡᠭᠦ ᠶᠤᠮ ᠦᠦ︖》 ᠭᠡᠪᠡ᠃ ᠠᠪᠣ ᠨᠢ᠄ 《ᠪᠣᠤ ᠠᠷᠪᠢᠨ ᠳᠤᠤᠭᠠᠷ︕ ᠡᠪᠦᠭᠡ ᠪᠣᠯᠤᠨ ᠡᠮᠡᠭᠡ ᠴᠢᠨᠢ ᠪᠠᠶᠠᠷᠯᠠᠵᠤ ᠪᠠᠢ᠌ᠪᠠᠯ ᠪᠠᠷᠠᠯ᠎ᠠ᠃》 ᠭᠡᠯ᠎ᠡ᠃ ᠠᠰᠠᠷ ᠳᠡᠭᠡᠷ᠎ᠡ ᠪᠠᠨ ᠭᠦᠷᠦᠭᠡᠳ ᠠᠷᠰᠯᠠᠨ ᠤ ᠶᠡᠭᠡ ᠭᠦᠤ ᠨᠢ ᠳᠡᠭᠦᠤ ᠳᠡᠭᠡᠨ᠄ 《ᠮᠦᠩᠭᠦᠨ ᠭᠦᠢᠯᠭᠡᠭᠡᠨ ᠤ ᠭᠢᠮᠤᠷᠠᠯ ᠡᠴᠡ ᠪᠣᠯᠤᠭᠠᠤᠨ ᠨᠢᠳᠤᠨᠤᠨ ᠵᠢᠯ ᠳᠠᠮᠠᠢ ᠣᠷᠤᠯᠭ᠎ᠠ ᠣᠯᠤᠭᠰᠠᠨ ᠦᠭᠡᠶ᠃ ᠡᠨᠡ ᠵᠢᠯ ᠶᠠᠭᠠᠭᠢᠪᠠᠴᠤ ᠵᠥᠭᠡᠷ ᠪᠠ︖ ᠪᠢᠳᠠ ᠭᠡᠳᠦᠭᠦᠯᠡ ᠭᠡᠵᠢᠶ᠎ᠡ ᠡᠷᠢᠶᠡᠨ ᠳᠤ ᠶᠠᠪᠣᠨ᠎ᠠ ᠪᠣᠢ︖》 ᠭᠡᠭᠦ ᠳᠤ ᠳᠡᠭᠦᠤ ᠨᠢ᠄ 《ᠡᠨᠡ ᠵᠢᠯ ᠶᠠᠭᠠᠭᠢᠪᠠᠴᠤ ᠵᠥᠭᠡᠷ᠃ ᠪᠢᠳᠠ ᠰᠢᠨ᠎ᠠ ᠶᠢᠨ ᠵᠢᠷᠭᠤᠭᠠᠨ ᠢ ᠥᠩᠭᠡᠷᠡᠭᠡᠳ ᠶᠠᠪᠣᠶ᠎ᠠ᠃ ᠬᠤᠶᠠᠷ ᠨᠠᠰᠤᠳᠠᠨ ᠢ ᠡᠪᠳᠡᠢ ᠳᠤᠭᠢᠷᠠᠭᠤᠯᠬᠤ ᠦᠭᠡᠶ ᠪᠣᠯ ᠪᠣᠯᠤᠨ᠎ᠠ ᠦᠦ ᠳ᠋ᠠ︕》 ᠭᠡᠯ᠎ᠡ᠃ ᠠᠬ᠎ᠠ ᠨᠢ᠄ 《ᠭᠠᠷ ᠥᠵᠦᠭᠦᠷ ᠵᠠᠷᠤᠭᠳᠠᠬᠤ ᠨᠢᠭᠡ ᠭᠦᠴᠤᠨ ᠤ ᠭᠦᠮᠤᠨ ᠣᠯᠵᠤ ᠳᠠᠯᠪᠢᠭᠠᠤᠨ ᠶᠠᠪᠣᠶ᠎ᠠ︕》 ᠭᠡᠪᠡ᠃

ᠠᠷᠰᠯᠠᠨ ᠣᠳᠤᠷ ᠳᠡᠭᠡᠷ᠎ᠡ ᠡᠴᠡ ᠵᠡᠭᠡᠷᠳᠡ ᠮᠤᠷᠢ ᠪᠠᠨ ᠡᠮᠡᠭᠡᠯᠯᠡᠵᠤ ᠣᠨᠤᠭᠠᠤᠨ ᠠᠰᠠᠷ ᠵᠥᠭ᠌ ᠶᠢᠡᠨ ᠶᠠᠪᠣᠵᠠᠢ᠃ ᠡᠨᠡ ᠨᠢ ᠨᠢᠭᠡ ᠳᠠᠯ᠎ᠠ ᠪᠠᠷ ᠡᠷᠭᠢᠵᠤ ᠢᠷᠡᠭᠦ ᠦᠶ᠎ᠡ ᠶᠢᠨ ᠳᠦᠭᠦᠮ ᠶᠢᠡᠨ ᠪᠣᠳᠤᠭᠰᠠᠨ ᠣᠴᠢᠷ ᠪᠢᠯᠠ᠃ ᠣᠴᠢᠷ ᠨᠢ ᠳᠠᠷᠠ ᠪᠠᠰᠠ ᠦᠳᠡ ᠶᠢᠨ ᠡᠮᠤᠨ᠎ᠡ ᠣᠳᠤᠷ ᠳᠡᠭᠡᠷ᠎ᠡ ᠪᠠᠨ ᠢᠷᠠᠵᠤ ᠮᠠᠯ ᠶᠢᠡᠨ ᠡᠪᠠᠰᠦᠯᠡᠵᠤ ᠣᠰᠤᠯᠠᠬᠤ ᠠᠵᠢᠯ ᠲᠡᠶ᠃ ᠨᠥᠭᠦᠭᠡ ᠳᠠᠯ᠎ᠠ ᠪᠠᠷ ᠰᠢᠨ᠎ᠡ ᠶᠢᠨ ᠨᠢᠭᠡᠨ ᠳᠤ ᠮᠤᠷᠢ ᠣᠨᠤᠵᠤ ᠰᠠᠢ᠌ᠨ ᠵᠥᠭ᠌ ᠲᠤ ᠮᠦᠷ ᠭᠠᠷᠭᠠᠨ ᠭᠡᠢ᠌ᠮᠦᠷᠢ ᠮᠠᠠᠳᠤᠭᠤᠯᠬᠤ ᠪᠠᠨ ᠪᠣᠳᠤᠪᠠ᠃

ᠠᠷᠰᠯᠠᠨ ᠤ ᠮᠤᠷᠢ ᠪᠠᠷ ᠮᠠᠩᠬᠠᠨ ᠡᠴᠡ ᠭᠠᠷᠬᠤ ᠦᠶ᠎ᠡ ᠳᠤ ᠴᠠᠭᠠᠨ ᠪᠠᠷᠰ ᠵᠢᠯ ᠤᠨ ᠥᠷᠯᠦᠭᠡ ᠶᠢᠨ ᠫᠣᠤᠵᠢᠩ ᠫᠢᠷᠴᠢᠭᠢᠨᠠᠵᠤ ᠭᠠᠷᠪᠠ᠃ ᠮᠤᠷᠢ ᠨᠢ ᠴᠠᠷᠳᠠᠮᠠᠯ ᠵᠠᠮ ᠤᠨ ᠭᠦᠪᠠᠭᠡ ᠪᠠᠷ ᠳᠡᠭᠦᠨ ᠤ ᠰᠠᠨᠠᠭ᠎ᠠ ᠶᠢ ᠮᠡᠳᠡᠭ᠍ᠰᠡᠨ ᠰᠢᠭ᠌ ᠵᠥᠭᠡᠯᠡᠨ ᠰᠠᠢ᠌ᠪᠣᠷ ᠶᠢᠡᠷ ᠰᠠᠢ᠌ᠪᠣᠷᠯᠠᠨ᠎ᠠ᠃ ᠦᠷ᠎ᠡ ᠬᠣᠢ᠌ᠴᠢᠰ ᠶᠢᠡᠨ ᠮᠠᠯ᠂ ᠭᠡᠯᠡ᠂ ᠵᠠᠩᠰᠢᠯ᠂ ᠰᠤᠶᠤᠯ᠂ ᠨᠤᠳᠤᠭ ᠪᠠᠯᠴᠢᠭᠡᠷ ᠲᠡᠶ ᠪᠠᠨ ᠠᠪᠴᠤ ᠢᠷᠡᠭ᠍ᠰᠡᠨ ᠳᠡᠭᠡᠨ ᠳᠠᠷᠠ ᠣᠮᠤᠭᠰᠢᠨ᠎ᠠ᠃ ᠭᠡᠪᠠᠴᠤ ᠠᠰᠠᠷ ᠪᠠ ᠣᠳᠤᠷ ᠤᠨ ᠬᠤᠭᠤᠷᠤᠠᠳᠤ ᠨᠠᠰᠢ ᠴᠠᠰᠢ ᠳᠠᠯᠠᠭᠠᠷ ᠴᠠᠭ ᠰᠥᠢᠦᠡᠭᠡᠵᠤ ᠵᠠᠮ ᠭᠦᠭᠡᠭᠡᠭᠦ ᠳᠤᠷ᠎ᠠ ᠮᠠᠭᠤᠳᠠᠢ ᠪᠠᠢ᠌ᠪᠠ᠃ 《ᠬᠤᠭᠤᠰᠤᠨ ᠠᠰᠠᠷ ᠵᠤᠭᠤᠰ ᠲᠦᠷᠦᠨ᠎ᠡ ᠦᠦ︖ ᠪᠠᠯᠭᠠᠰᠤ ᠳᠡᠭᠡᠷ᠎ᠡ ᠢᠷᠡᠭ᠍ᠰᠡᠭᠡᠷ ᠪᠠᠶᠠᠵᠢᠴᠢᠬᠠᠨ᠎ᠠ ᠦᠦ︖》 ᠭᠡᠵᠤ ᠪᠣᠳᠤᠮᠠᠭᠴᠠ ᠡᠭ᠍ᠳᠡᠭᠦᠤ ᠨᠢ ᠭᠦᠷᠦᠭ᠍ᠰᠡᠨ ᠪᠣᠯᠪᠠᠴᠤ 《ᠪᠠᠯᠭᠡ ᠳᠠᠮᠪᠠᠷᠢᠯ ᠲᠡᠶ ᠵᠢᠯ ᠴᠠᠭᠠᠨ ᠰᠠᠷ᠎ᠠ ᠬᠡᠦᠬᠡᠳ ᠲᠡᠶ ᠪᠠᠨ ᠪᠣᠤ ᠯᠠ ᠵᠦᠷᠢᠯᠳᠤᠶ᠎ᠠ︕》 ᠭᠡᠵᠤ ᠪᠣᠳᠤᠭᠠᠤᠨ ᠳᠦᠷᠦᠭᠡ ᠬᠠᠪᠢᠷᠠᠯ᠎ᠠ᠃ ᠮᠤᠷᠢ ᠨᠢ ᠰᠢᠷᠦᠭᠦᠯᠦᠯ᠎ᠡ᠃ ᠡᠨᠡ ᠥᠷᠯᠦᠭᠡ ᠳᠠᠷᠠ ᠪᠠᠶ᠎ᠠ ᠳᠡᠭᠡᠨ ᠶᠠᠪ ᠴᠠᠪ ᠳᠠᠭᠠᠷᠠᠭᠰᠠᠨ ᠣᠳᠤᠮᠠᠯ ᠭᠦᠭᠡ ᠠᠷᠠᠰᠤᠨ ᠳᠠᠪᠠᠯ ᠡᠮᠦᠰᠴᠤ᠂ ᠭᠦᠯ ᠳᠡᠭᠡᠨ ᠪᠣᠯᠭᠠᠷᠢᠨ ᠭᠤᠳᠤᠯ ᠢᠰᠭᠦᠯᠵᠤ᠂ ᠳᠡᠷᠢᠭᠦᠨ ᠳᠡᠭᠡᠨ ᠬᠠᠷ᠎ᠠ ᠬᠤᠷᠠᠭᠠᠨ ᠠᠷᠠᠰᠤᠨ ᠮᠠᠯᠠᠭᠠᠢ ᠳᠠᠷᠤᠴᠢᠬᠠᠵᠠᠢ᠃ ᠬᠤᠯᠠ ᠡᠴᠡ ᠬᠠᠷᠠᠪᠠᠯ ᠮᠠᠨ ᠤ ᠭᠦᠮᠤᠨ ᠴᠢᠨᠢ ᠳᠦᠴᠢᠭᠡᠳ ᠨᠠᠰᠤᠨ ᠤ ᠭᠦᠮᠤᠨ ᠰᠢᠭ᠌ ᠭᠢᠯᠠᠷᠠᠭᠤᠯᠵᠤ ᠶᠠᠪᠣᠨ᠎ᠠ᠃ 《ᠭᠦᠪᠠᠭᠡ ᠶᠢᠨ ᠠᠢ᠌ᠯ ᠤᠨ ᠭᠢ ᠨᠠᠮᠢ᠋ᠢ ᠣᠨᠤᠭᠰᠠᠨ ᠮᠤᠷᠢ ᠪᠠᠷ ᠮᠢᠨᠢ ᠳᠠᠨᠢᠭᠠᠤᠨ ᠦᠨᠦ ᠠᠷᠰᠯᠠᠨ ᠴᠢᠨᠢ ᠬᠡᠦᠬᠡᠳ ᠲᠡᠶ ᠪᠠᠨ ᠭᠡᠷᠡᠯᠳᠦᠭ᠍ᠰᠡᠨ ᠶᠤᠮ ᠦᠦ︖ ᠬᠤᠶᠠᠷ ᠵᠢᠫᠦ᠋ ᠳᠡᠷᠭᠡ ᠳᠡᠭᠦᠨ ᠢ ᠪᠠᠭᠳᠠᠭᠠᠭᠰᠠᠨ ᠦᠭᠡᠶ᠂ ᠭᠦᠭ᠍ᠰᠢᠨ ᠵᠡᠭᠡᠷᠳᠡ ᠮᠤᠷᠢ ᠪᠠᠷ ᠶᠢᠡᠨ ᠶᠠᠪᠣᠵᠤ ᠪᠠᠢ᠌ᠨ᠎ᠠ ᠭᠡᠵᠤ ᠭᠡᠯᠡᠨ᠎ᠡ ᠰᠢᠳᠠ︕ ᠳᠠᠪᠣᠰᠤ ᠢᠳᠡᠭ᠍ᠰᠡᠨ ᠬᠤᠩᠰᠢᠶᠠᠷ ᠶᠠᠭᠤ ᠭᠡᠯᠡᠭᠦ ᠦᠭᠡᠶ ᠪᠣᠢ︖ ᠨᠤᠬᠠᠢ ᠬᠤᠴᠠᠬᠤ ᠪᠠᠷ ᠶᠢᠡᠨ ᠬᠤᠴᠠᠭ᠂ ᠳᠡᠮᠡᠭᠡ ᠶᠠᠪᠣᠬᠤ ᠶᠢᠡᠷ ᠶᠢᠡᠨ ᠶᠠᠪᠣᠨ᠎ᠠ ᠁》 ᠭᠡᠵᠤ ᠠᠷᠰᠯᠠᠨ ᠭᠤᠸᠠᠢ ᠪᠠᠰᠠ ᠭᠡᠳᠥᠢᠨ ᠡᠯᠳᠡᠪ ᠢ ᠪᠣᠳᠤᠵᠤ ᠠᠮᠵᠢᠯ᠎ᠠ᠃

ᠠᠷᠰᠯᠠᠨ ᠢ ᠠᠰᠠᠷ ᠳᠡᠭᠡᠷ᠎ᠡ ᠪᠠᠨ ᠭᠦᠷᠭᠦ ᠦᠶ᠎ᠡ ᠳᠤ ᠬᠡᠦᠬᠡᠳ ᠨᠢ ᠰᠢᠨ᠎ᠡ ᠶᠢᠨ ᠨᠢᠭᠡᠨ ᠤ ᠵᠤᠯᠭᠠᠯᠳᠠ ᠭᠢᠨ᠎ᠡ ᠭᠡᠳ ᠳᠡᠭᠦᠨ ᠢ ᠭᠦᠯᠢᠶᠡᠵᠤ ᠪᠠᠢ᠌ᠯ᠎ᠠ᠃



ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠣᠩᠨᠢᠭᠤᠳ ᠬᠤᠰᠢᠭᠤᠨ ᠤ ᠢᠳᠡᠭᠡᠮᠵᠢ ᠶᠢᠨ ᠬᠤᠷᠰᠢᠶ᠎ᠠ

ᠵᠤᠬᠢᠶᠠᠭᠴᠢ᠄ ᠨᠠᠮᠳᠠᠢ᠌ᠰᠦ᠋ᠷᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9248
ᠴᠠᠭ᠄ 2010 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ