ᠨᠡᠪᠲᠡᠷᠡᠨ ᠤᠷᠤᠬᠤ
ᠮᠦᠷᠭᠦᠯ ᠳᠤ ᠶᠠᠪᠣᠭᠰᠠᠨ ᠠᠪᠣᠷᠭᠤ ᠣᠳᠤ


                      ᠭᠠ᠊·ᠴᠢᠩᠪᠠᠭᠠᠳᠤᠷ ᠠᠬ᠎ᠠ ᠵᠢᠨ

                      ᠭᠠᠰᠢᠭᠤᠳᠠᠯ ᠳᠤ ᠡᠷᠭᠦᠭᠦ ᠰᠢᠯᠦᠭ᠌


ᠳᠠᠨᠢᠯᠴᠠᠵᠤ ᠠᠮᠵᠢᠭ᠎ᠠ ᠦᠭᠡᠶ ᠳᠠᠯ᠎ᠠ ᠶᠢᠨ ᠠᠪᠣᠷᠭᠤ ᠣᠳᠤ ᠮᠢᠨᠢ

ᠳᠠᠩᠭ᠋ᠠᠷᠢᠭ ᠵᠤᠷᠢᠭ ᠵᠠᠯᠪᠠᠷᠢᠯ ᠲᠡᠶ ᠪᠠᠨ ᠬᠠᠮᠳᠤ ᠬᠠᠷᠪᠣᠭᠰᠠᠨ ᠭᠡᠳᠡᠭ᠌ ᠡ

ᠳᠠᠷᠠᠭ ᠠᠢ᠌ᠷᠠᠭ ᠡᠴᠡ ᠨᠢ ᠮᠤᠩᠭ᠋ᠤᠯ ᠥᠨᠦᠷᠳᠡᠭ᠍ᠰᠡᠨ ᠡᠭᠡ ᠣᠷᠤᠨ ᠴᠢᠨᠢ ᠯᠠ

ᠳᠠᠨ ᠤ ᠬᠣᠢ᠌ᠨ᠎ᠠ ᠡᠴᠡ ᠳᠦᠩᠰᠦᠢ᠌ᠭ᠍ᠰᠡᠭᠡᠷ ᠯᠠ ᠬᠤᠴᠤᠷᠠᠭᠰᠠᠨ ᠰᠢᠤ ᠳ᠋ᠠ


ᠮᠠᠴᠢᠳ ᠵᠠᠢ᠌ᠷᠯᠠᠭᠰᠠᠨ ᠴᠠᠰᠤᠨ ᠵᠢᠠᠷ

ᠮᠠᠨᠠᠢ᠌ᠭᠢᠨ ᠴᠤ ᠴᠡᠩᠭᠡᠢ᠌ᠭᠡᠳ

ᠮᠡᠳᠡᠭᠦ ᠦᠭᠡᠶ ᠳᠠᠨᠢᠬᠤ ᠦᠭᠡᠶ ᠭᠦᠮᠦᠰ

ᠮᠠᠠᠳᠤ ᠣᠰᠤ ᠶᠢᠨ ᠵᠠᠭᠤᠷ᠎ᠠ ᠭᠤᠨᠢᠭᠯᠠᠭᠠᠤᠨ

ᠮᠡᠳᠡᠭᠡ ᠣᠷᠤᠭ᠎ᠠ ᠦᠭᠡᠶ ᠬᠡᠦᠬᠡᠳ ᠤᠳ ᠭᠦᠷᠳᠡᠯ᠎ᠡ ᠱᠤᠯᠤᠭᠠᠨᠠᠭᠠᠤᠨ

ᠮᠡᠭ᠍ᠰᠢᠭᠦ ᠭᠡᠳ ᠪᠠᠢ᠌ᠭ᠎ᠠ ᠶᠤᠮ ᠰᠢᠭ ᠬᠠᠷᠠᠭᠳᠠᠬᠤ ᠶᠤᠮ

ᠮᠡᠳᠡᠭᠡᠵᠢ ᠳᠠ ᠮᠢᠨᠢ ᠶᠠᠪᠣᠭᠰᠠᠨ ᠤ ᠭᠢ ᠪᠠᠢ᠌ᠵᠤ ᠰᠢᠤ ᠳ᠋ᠠ

ᠣᠶᠠᠭᠠᠨ ᠳᠤ ᠪᠠᠨ ᠣᠨᠤᠭ᠎ᠠ ᠦᠭᠡᠶ ᠰᠢᠨᠡᠯᠡᠭ᠍ᠰᠡᠨ ᠶᠤᠮᠰᠢᠭ

ᠣᠯᠤᠰ ᠤᠳ ᠥᠢᠮᠡᠯᠳᠦᠭᠡᠳ

ᠣᠬᠠᠭ᠎ᠠ ᠲᠡᠶ ᠣᠬᠠᠭ᠎ᠠ ᠦᠭᠡᠶ ᠭᠦᠮᠦᠰ

ᠣᠴᠠᠷᠠᠵᠤ ᠠᠭᠤᠯᠵᠠᠬᠤ ᠵᠠᠭᠤᠷ᠎ᠠ ᠥᠭᠡᠢ᠌ᠯᠡᠭᠡᠳ

ᠣᠬᠠᠭᠠᠨ ᠤ ᠳᠠᠮᠢᠷ ᠶᠢᠡᠷ ᠮᠠᠯᠴᠢᠳ ᠨᠢ ᠡᠮᠵᠡᠭᠯᠡᠭᠡᠳ

ᠣᠭᠢᠯᠠᠬᠤ ᠭᠡᠳ ᠪᠠᠢ᠌ᠭ᠎ᠠ ᠶᠤᠮᠰᠢᠭ ᠬᠠᠷᠠᠭᠳᠠᠬᠤ ᠶᠤᠮ

ᠣᠤᠯ ᠨᠢ ᠳᠠ ᠮᠢᠨᠢ ᠶᠠᠪᠣᠭᠰᠠᠨ ᠤ ᠭᠢ ᠪᠠᠢ᠌ᠵᠤ ᠰᠢᠤ ᠳᠡ


  ᠭᠦᠭᠡ ᠳᠡᠭ᠍ᠷᠢ ᠶᠢᠨ ᠣᠳᠤᠳ ᠡᠴᠡ

  ᠲ᠋ᠠᠨ ᠤ ᠭᠢᠨᠢ ᠶᠠᠪᠣᠭᠰᠠᠨ ᠯᠠ ᠪᠠᠢ᠌ᠯᠭᠦᠢ

  ᠭᠦᠭᠡ ᠳᠤᠯᠪᠣᠳᠠᠨ ᠤ ᠳᠤᠯᠢᠳᠠᠨ ᠡᠴᠡ

  ᠲ᠋ᠠ ᠭᠡᠵᠢᠶ᠎ᠡ ᠴᠤ ᠶᠠᠪᠣᠬᠤ ᠦᠭᠡᠶ ᠰᠢᠤ ᠳ᠋ᠠ

  ᠲ᠋ᠠᠳᠠᠵᠤ ᠳᠠᠯᠠᠯᠠᠭᠰᠠᠨ ᠴᠤ ᠥᠯᠡᠳᠡᠭᠡᠵᠤ ᠪᠣᠯᠳᠠᠭ ᠦᠭᠡᠶ ᠬᠤᠷᠸ᠎ᠠ

  ᠲ᠋ᠠᠭᠢᠭᠠᠤᠨ ᠳᠦᠷᠦᠭᠦ ᠳᠤ ᠨᠢ ᠥᠯᠡᠳᠡᠭᠡᠭᠡᠳ ᠥᠭᠭᠦᠭᠡᠷᠡᠢ ︕

  ᠲ᠋ᠠᠯᠠᠯᠠᠵᠤ ᠳᠠᠭᠤᠳᠠᠭᠰᠠᠨ ᠴᠤ ᠪᠢᠳᠡᠭᠡᠢ ᠥᠭᠭᠦᠭᠡᠷᠡᠢ ︕

  ᠲ᠋ᠠᠯ᠎ᠠ ᠶᠢᠨ ᠠᠪᠣᠷᠭᠤ ᠣᠳᠤ ᠶᠢ ᠮᠢᠨᠢ ᠦᠷᠦᠰᠢᠶᠡᠭᠡᠷᠡᠢ ︕


ᠳᠠᠨᠢᠯᠴᠠᠭ᠎ᠠ ᠦᠭᠡᠶ ᠭᠡᠯ᠎ᠡ ᠳᠠᠨᠢᠯ ᠮᠢᠨᠢ ᠶᠠᠪᠣᠭᠰᠠᠨ ᠶᠤᠮᠰᠢᠭ

ᠳᠠᠳᠠᠯᠳᠠᠭᠠᠤᠨ ᠪᠠᠢ᠌ᠳᠠᠭ ᠳᠠᠯ᠎ᠠ ᠶᠢᠨ ᠠᠪᠣᠷᠭᠤ ᠣᠳᠤ ᠮᠢᠨᠢ

ᠳᠠ ᠮᠥᠩᠭᠡ ᠨᠣᠢ᠌ᠷᠰᠤᠭᠠᠷᠠᠢ

ᠳᠠᠭᠢᠵᠤ ᠮᠤᠩᠭ᠋ᠤᠯ ᠳᠤ ᠪᠠᠨ ᠳᠦᠷᠦᠭᠡᠷᠡᠢ ︕

ᠵᠤᠬᠢᠶᠠᠭᠴᠢ᠄ ᠤ·ᠭᠢᠷᠠᠭᠤ
ᠢᠷᠡᠯᠲᠡ᠄ ᠤ᠂ ᠭᠢᠷᠠᠭᠤ
ᠬᠠᠷᠢᠶ᠎ᠠ᠄ ᠰᠢᠯᠦᠭ
ᠳᠠᠷᠤᠮ᠄ 2641
ᠴᠠᠭ᠄ 2011 ᠤᠨ ᠤ 06 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ