ᠨᠡᠪᠲᠡᠷᠡᠨ ᠤᠷᠤᠬᠤ
ᠵᠢᠭᠠᠨ ᠰᠤᠷᠭᠠᠯᠳᠠ ᠶᠢᠨ ᠵᠤᠷᠰᠢᠯ ᠬᠠᠮᠢᠶᠠᠷᠤᠯᠳᠠ ᠶᠢᠨ ᠳᠤᠬᠠᠢ ᠮᠦᠴᠢᠳ ᠳᠤᠷᠰᠢᠯᠭ᠎ᠠ

     ᠵᠢᠭᠠᠨ ᠰᠤᠷᠭᠠᠯᠳᠠ ᠶᠢᠨ ᠵᠤᠷᠰᠢᠯ ᠬᠠᠮᠢᠶᠠᠷᠤᠯᠳᠠ ᠪᠣᠯ ᠰᠤᠷᠭᠠᠭᠤᠯᠢ ᠶᠢᠨ ᠠᠵᠢᠯ ᠤᠨ ᠭᠤᠤᠯᠳᠠᠯᠭ᠎ᠠ᠂ ᠵᠢᠭᠠᠨ ᠰᠤᠷᠭᠠᠬᠤ ᠠᠵᠢᠯ ᠤᠨ ᠴᠢᠬᠤᠯᠠ ᠭᠤᠭᠴᠤᠭ᠎ᠠ ᠮᠦᠨ᠃ ᠵᠢᠭᠠᠨ ᠰᠤᠷᠭᠠᠯᠳᠠ ᠶᠢᠨ ᠵᠤᠷᠰᠢᠯ ᠬᠠᠮᠢᠶᠠᠷᠤᠯᠳᠠ ᠶᠢ ᠴᠢᠩᠭ᠋᠎ᠠ ᠠᠳᠬᠤᠬᠤ ᠨᠢ ᠵᠢᠭᠠᠨ ᠰᠤᠷᠭᠠᠬᠤ ᠶᠠᠰᠤ ᠴᠢᠨᠠᠷ ᠢ ᠳᠡᠭᠡᠭ᠍ᠰᠢᠯᠡᠭᠦᠯᠭᠦ ᠶᠢᠨ ᠴᠢᠬᠤᠯᠠ ᠪᠠᠳᠤᠯᠠᠭ᠎ᠠ ᠪᠣᠯᠤᠨ᠎ᠠ᠃ ᠳᠤᠤᠷ᠎ᠠ ᠵᠢᠭᠠᠨ ᠰᠤᠷᠭᠠᠯᠳᠠ ᠶᠢᠨ ᠵᠤᠷᠰᠢᠯ ᠬᠠᠮᠢᠶᠠᠷᠤᠯᠳᠠ ᠶᠢᠨ ᠳᠤᠬᠠᠢ ᠦᠴᠦᠭᠡᠨ ᠳᠤᠷᠰᠢᠯᠭ᠎ᠠ ᠪᠠᠨ ᠳᠠᠨᠢᠯᠴᠠᠭᠤᠯᠤᠶ᠎ᠠ᠄

     ᠰᠢᠨ᠎ᠠ ᠭᠢᠴᠢᠶᠠᠯ ᠤᠨ ᠥᠭᠡᠷᠡᠴᠢᠯᠡᠯᠳᠡ ᠶᠢ ᠭᠡᠷᠡᠭ᠍ᠵᠢᠭᠦᠯᠦᠭ᠍ᠰᠡᠨ ᠡᠴᠡ ᠨᠠᠰᠢ᠂ ᠮᠠᠨ ᠤ ᠰᠤᠷᠭᠠᠭᠤᠯᠢ ᠰᠢᠨ᠎ᠠ ᠭᠢᠴᠢᠶᠠᠯ ᠤᠨ ᠣᠨᠤᠯᠵᠢᠭᠤᠨ ᠢ ᠪᠠᠷᠢᠮᠳᠠᠯᠠᠵᠤ᠂ ᠬᠤᠳᠠ ᠬᠤᠰᠢᠭᠤᠨ ᠤ ᠰᠢᠨ᠎ᠠ ᠭᠢᠴᠢᠶᠠᠯ ᠤᠨ ᠵᠢᠭᠠᠨ ᠰᠤᠷᠭᠠᠯᠳᠠ ᠶᠢᠨ ᠵᠤᠷᠰᠢᠯ ᠱᠠᠭᠠᠷᠳᠠᠯᠭ᠎ᠠ ᠶᠢ ᠨᠠᠢ᠌ᠳᠠᠪᠣᠷᠢᠵᠢᠭᠤᠯᠤᠨ᠂ ᠰᠤᠷᠭᠠᠭᠤᠯᠢ ᠶᠢᠨ ᠪᠣᠳᠠᠳᠠᠢ ᠲᠡᠶ ᠪᠠᠨ ᠣᠶᠠᠯᠳᠤᠭᠤᠯᠵᠤ᠂ ᠰᠢᠨ᠎ᠠ ᠭᠢᠴᠢᠶᠠᠯ ᠤᠨ ᠵᠢᠭᠠᠨ ᠰᠤᠷᠭᠠᠯᠳᠠ ᠶᠢᠨ ᠵᠤᠷᠰᠢᠯ ᠬᠠᠮᠢᠶᠠᠷᠤᠯᠳᠠ ᠶᠢ ᠰᠤᠷᠭᠠᠭᠤᠯᠢ ᠶᠢᠨ ᠵᠢᠭᠠᠨ ᠰᠤᠷᠭᠠᠬᠤ ᠠᠵᠢᠯ ᠤᠨ ᠶᠢᠡᠨ ᠦᠨᠳᠦᠰᠦ ᠪᠣᠯᠭᠠᠨ ᠠᠳᠬᠤᠭᠰᠠᠨ ᠪᠠᠢ᠌ᠨ᠎ᠠ᠃ ᠵᠤᠷᠰᠢᠯ ᠬᠠᠮᠢᠶᠠᠷᠤᠯᠳᠠ ᠶᠢᠨ ᠣᠳᠤᠷᠢᠳᠬᠤ ᠳᠤᠭᠣᠢ᠌ᠯᠠᠩ ᠢ ᠪᠠᠢ᠌ᠭᠤᠯᠵᠤ᠂ ᠵᠢᠭᠠᠨ ᠰᠤᠷᠭᠠᠯᠳᠠ ᠶᠢᠨ ᠬᠠᠮᠢᠶᠠᠷᠤᠯᠳᠠ ᠶᠢᠨ ᠳᠦᠷᠢᠮ ᠢ ᠳᠡᠭᠦᠯᠳᠡᠷᠵᠢᠭᠦᠯᠤᠨ᠂ ᠵᠢᠭᠠᠨ ᠰᠤᠷᠭᠠᠬᠤ ᠶᠠᠪᠣᠴᠠ ᠶᠢᠨ ᠬᠠᠮᠢᠶᠠᠷᠤᠯᠳᠠ ᠶᠢᠨ ᠠᠰᠢᠭᠳᠠᠢ ᠠᠷᠭ᠎ᠠ ᠵᠠᠮ ᠢ ᠳᠠᠰᠤᠷᠠᠯᠳᠠ ᠦᠭᠡᠶ ᠰᠥᠪᠠᠭ᠍ᠴᠢᠯᠡᠨ᠂ ᠰᠤᠷᠤᠯᠴᠠᠯᠭ᠎ᠠ᠂ ᠡᠷᠭᠢᠴᠡᠭᠦᠯᠦᠯᠳᠡ᠂ ᠵᠢᠭᠠᠬᠤ ᠶᠢ ᠰᠤᠳᠤᠯᠬᠤ ᠭᠦᠳᠡᠯᠭᠡᠭᠡᠨ ᠵᠡᠷᠭᠡ ᠣᠯᠠᠨ ᠭᠡᠯᠪᠠᠷᠢ ᠪᠠᠷ ᠪᠠᠭᠰᠢ ᠨᠡᠷ ᠤᠨ ᠳᠤᠬᠠᠢ᠌ᠯᠠᠭᠰᠠᠨ ᠠᠵᠢᠯ ᠤᠨ ᠮᠡᠷᠭᠡᠵᠢᠯ ᠴᠢᠳᠠᠪᠣᠷᠢ ᠶᠢᠨ ᠭᠦᠭ᠍ᠵᠢᠯᠳᠡ ᠶᠢ ᠠᠭᠢᠭᠤᠯᠵᠤ᠂ ᠰᠤᠷᠤᠭᠴᠢ ᠶᠢᠨ ᠶᠡᠷᠦᠩᠭᠡᠢ᠌ᠯᠡᠭ᠍ᠰᠡᠨ ᠭᠡᠪ ᠴᠢᠨᠠᠷ ᠤᠨ ᠭᠦᠭ᠍ᠵᠢᠯᠳᠡ ᠶᠢ ᠳᠦᠷᠭᠡᠳᠭᠡᠨ᠂ ᠡᠭᠦᠪᠠᠷ ᠰᠤᠷᠭᠠᠭᠤᠯᠢ ᠡᠷᠭᠢᠯᠡᠭᠦ ᠭᠢᠷᠢ ᠲᠦᠪᠰᠢᠨ ᠶᠢᠡᠨ ᠳᠡᠭᠡᠭ᠍ᠰᠢᠯᠡᠭᠦᠯᠵᠤ ᠴᠢᠳᠠᠭᠰᠠᠨ ᠪᠠᠢ᠌ᠨ᠎ᠠ᠃

     1. ᠣᠳᠤᠷᠢᠳᠤᠯᠭ᠎ᠠ ᠪᠠᠨ ᠴᠢᠩᠭ᠋ᠠᠳᠬᠠᠵᠤ᠂ ᠬᠠᠮᠢᠶᠠᠷᠤᠯᠳᠠ ᠡᠴᠡ ᠦᠷ᠎ᠡ ᠠᠰᠢᠭ ᠡᠭᠦᠳᠭᠦ ᠶᠢ ᠴᠢᠬᠤᠯᠠᠴᠢᠯᠠᠪᠠ᠃

     ᠵᠢᠭᠠᠨ ᠰᠤᠷᠭᠠᠯᠳᠠ ᠶᠢᠨ ᠵᠤᠷᠰᠢᠯ ᠬᠠᠮᠢᠶᠠᠷᠤᠯᠳᠠ ᠶᠢ ᠦᠨᠡᠨ ᠪᠣᠳᠠᠳᠠᠢ ᠴᠢᠩᠭ᠋ᠠᠳᠬᠠᠬᠤ ᠶᠢᠨ ᠲᠦᠯᠦᠭᠡ 《ᠭᠦᠮᠤᠨ ᠢ ᠭᠡᠷᠡᠭᠯᠡᠪᠠᠯ ᠪᠣᠤ ᠰᠡᠵᠢᠭᠯᠨ᠂ ᠰᠡᠵᠢᠭᠯᠡᠭ᠍ᠰᠡᠨ ᠭᠦᠮᠤᠨ ᠶᠢᠡᠨ ᠪᠣᠤ ᠭᠡᠷᠡᠭᠯᠨ》 ᠭᠡᠳᠡᠭ᠌ ᠶᠤᠰᠤ ᠣᠴᠢᠷ ᠢ ᠪᠠᠷᠢᠵᠤ᠂ ᠬᠠᠮᠢᠶ᠎ᠠ ᠪᠦᠭᠦᠢ ᠳᠤᠬᠠᠢ᠌ᠯᠠᠭᠰᠠᠨ ᠠᠵᠢᠯ ᠤᠨ ᠣᠳᠤᠷᠢᠳᠬᠤ ᠭᠡᠰᠢᠭᠦᠤᠨ ᠶᠢᠡᠨ ᠰᠤᠩᠭ᠋ᠤᠨ ᠳᠤᠭᠢᠷᠠᠭᠤᠯᠤᠭᠰᠠᠨ ᠤ ᠳᠠᠷᠠᠭ᠎ᠠ ᠳᠠᠳᠠᠨᠤᠰ ᠤᠨ ᠨᠠᠰᠤ ᠵᠢᠯ ᠤᠨ ᠣᠠᠴᠠᠯᠢᠭ᠂ ᠵᠠᠩ ᠠᠪᠣᠷᠢ ᠶᠢᠨ ᠵᠦᠷᠢᠶ᠎ᠠ᠂ ᠮᠡᠷᠭᠡᠵᠢᠯ ᠴᠢᠳᠠᠪᠣᠷᠢ᠂ ᠠᠵᠢᠯᠯᠠᠬᠤ ᠣᠪᠣᠷ ᠵᠢᠴᠢ ᠴᠢᠷᠮᠠᠢ᠌ᠯᠭ᠎ᠠ ᠵᠡᠷᠭᠡ ᠳᠤ ᠵᠤᠭᠢᠴᠠᠭᠤᠯᠵᠤ᠂ ᠠᠵᠢᠯ ᠤᠨ ᠬᠤᠪᠢᠶᠠᠷᠢ ᠶᠢ ᠳᠤᠳᠤᠷᠬᠠᠢ ᠳᠤᠭᠳᠠᠭᠠᠨ ᠥᠭ᠍ᠴᠤ᠂ ᠠᠵᠢᠯ ᠤᠨ ᠦᠷ᠎ᠡ ᠠᠰᠢᠭ ᠢ ᠣᠯᠵᠤ ᠴᠢᠳᠠᠭᠰᠠᠨ ᠪᠠᠢ᠌ᠨ᠎ᠠ᠃ ᠰᠤᠷᠭᠠᠭᠤᠯᠢ ᠶᠢᠨ ᠵᠠᠭᠢᠷᠤᠯ ᠶᠢᠡᠷ ᠳᠤᠭᠣᠢ᠌ᠯᠠᠩ ᠤᠨ ᠳᠠᠷᠤᠭ᠎ᠠ ᠪᠣᠯᠭᠠᠭᠰᠠᠨ᠂ ᠳᠠᠳ᠋ ᠵᠠᠭᠢᠷᠤᠯ ᠤᠨ ᠳᠤᠰᠬᠠᠢ ᠬᠠᠮᠢᠶᠠᠷᠤᠯᠳᠠ ᠳᠤᠤᠷᠠᠭᠢ ᠵᠤᠷᠰᠢᠯ ᠬᠠᠮᠢᠶᠠᠷᠤᠯᠳᠠ ᠶᠢᠨ ᠣᠳᠤᠷᠢᠳᠬᠤ ᠪᠠᠭ᠎ᠠ ᠳᠤᠭᠣᠢ᠌ᠯᠠᠩ ᠢ ᠪᠠᠢ᠌ᠭᠤᠯᠵᠤ᠂ ᠣᠳᠤᠷᠢᠳᠬᠤ ᠡᠡᠭ᠍ᠨᠡᠭᠡ ᠶᠢᠨ ᠰᠢᠠᠵᠢᠯᠠᠨ ᠰᠤᠳᠤᠯᠬᠤ ᠢᠳᠠᠪᠭᠢᠳᠠᠢ ᠰᠤᠷᠳᠠᠯ ᠢ ᠭᠦᠮᠦᠵᠢᠭᠦᠯᠵᠤ᠂ ᠬᠠᠮᠢᠶᠠᠷᠤᠯᠳᠠ ᠪᠠᠷ ᠪᠠᠳᠤᠯᠠᠭ᠎ᠠ ᠪᠣᠯᠭᠠᠨ᠂ ᠰᠤᠳᠤᠯᠭᠠᠨ ᠶᠢᠡᠷ ᠰᠤᠷᠭᠠᠭᠤᠯᠢ ᠪᠠᠨ ᠮᠠᠠᠳᠤᠭᠤᠯᠬᠤ ᠠᠭᠤᠷ ᠠᠮᠢᠰᠬᠤᠯ ᠢ ᠪᠣᠢ ᠪᠣᠯᠭᠠᠪᠠ᠃ ᠶᠡᠷᠦᠳᠡᠭᠡᠨ ᠰᠤᠷᠭᠠᠭᠤᠯᠢ ᠶᠢᠨ ᠣᠳᠤᠷᠢᠳᠤᠯᠭ᠎ᠠ ᠪᠣᠯᠤᠨ ᠪᠠᠭᠰᠢ ᠨᠡᠷ ᠬᠠᠮᠳᠤᠪᠠᠷ ᠵᠢᠭᠠᠨ ᠰᠤᠳᠤᠯᠤᠯ ᠤᠨ ᠰᠤᠷᠤᠯᠴᠠᠯᠭ᠎ᠠ ᠦᠷᠨᠢᠭᠦᠯᠵᠤ᠂ ᠬᠠᠮᠳᠤᠪᠠᠷ ᠰᠤᠷᠤᠯᠴᠠᠨ ᠬᠠᠮᠳᠤᠪᠠᠷ ᠰᠤᠳᠤᠯᠵᠤ ᠪᠦᠭᠦᠳᠡᠭᠡᠷ ᠳᠠᠪᠰᠢᠬᠤ ᠶᠢ ᠪᠠᠷᠢᠮᠳᠠᠯᠠᠭᠰᠠᠨ ᠪᠠᠢ᠌ᠨ᠎ᠠ᠃ ᠣᠳᠤᠷᠢᠳᠬᠤ ᠳᠤᠭᠣᠢ᠌ᠯᠠᠩ ᠤᠨ ᠭᠡᠰᠢᠭᠦᠤᠨ ᠡᠴᠡ ᠰᠤᠷᠤᠯᠴᠠᠯᠭ᠎ᠠ ᠰᠤᠳᠤᠯᠭᠠᠨ ᠤ ᠳᠤᠮᠳᠠ ᠳᠤᠯᠭᠠᠷᠠᠬᠤ ᠰᠢᠨ᠎ᠠ ᠪᠠᠢ᠌ᠳᠠᠯ᠂ ᠰᠢᠨ᠎ᠠ ᠠᠰᠠᠭᠤᠳᠠᠯ ᠢ ᠴᠠᠭ ᠳᠤᠬᠠᠢ ᠳ᠋ᠤᠨᠢ ᠶᠠᠷᠢᠯᠴᠠᠨ ᠵᠦᠪᠳᠠᠯᠴᠠᠵᠤ᠂ ᠠᠰᠠᠭᠤᠳᠠᠯ ᠢ ᠰᠢ᠌ᠳᠪᠦᠷᠢᠯᠡᠭᠦ ᠠᠷᠭ᠎ᠠ ᠪᠣᠳᠤᠯᠭ᠎ᠠ ᠪᠠᠨ ᠰᠤᠳᠤᠯᠤᠨ ᠳᠤᠭᠳᠠᠭᠠᠳᠠᠭ᠃ ᠡᠨᠡ ᠨᠢ ᠰᠤᠷᠭᠠᠭᠤᠯᠢ ᠶᠢᠨ ᠣᠳᠤᠷᠢᠳᠤᠯᠭ᠎ᠠ ᠶᠢᠨ ᠵᠢᠭᠠᠨ ᠰᠤᠷᠭᠠᠯᠳᠠ ᠶᠢ ᠬᠠᠮᠢᠶᠠᠷᠬᠤ ᠴᠢᠳᠠᠪᠣᠷᠢ ᠶᠢ ᠳᠡᠭᠡᠭ᠍ᠰᠢᠯᠡᠭᠦᠯᠤᠨ᠂ ᠪᠦᠭᠦ ᠪᠠᠭᠰᠢ ᠨᠡᠷ ᠤᠨ ᠰᠢᠨ᠎ᠠ ᠭᠢᠴᠢᠶᠠᠯ ᠤᠨ ᠵᠤᠷᠰᠢᠯ ᠵᠢᠭᠠᠨ ᠰᠤᠷᠭᠠᠯᠳᠠ ᠶᠢᠨ ᠱᠠᠭᠠᠷᠳᠠᠯᠭ᠎ᠠ ᠶᠢ ᠨᠠᠢ᠌ᠳᠠᠪᠣᠷᠢᠵᠢᠭᠤᠯᠬᠤ ᠬᠠᠯᠠᠭᠤᠨ ᠰᠡᠳᠬᠢᠯᠭᠡ ᠶᠢ ᠭᠦᠭ᠍ᠵᠢᠭᠡᠪᠡ᠃ ᠭᠢᠴᠢᠶᠠᠯ ᠭᠦᠮᠦᠵᠢᠯ ᠤᠨ ᠳᠠᠰᠤᠭ᠂ ᠵᠢᠭᠠᠬᠤ ᠶᠢ ᠰᠤᠳᠤᠯᠬᠤ ᠳᠤᠭᠣᠢ᠌ᠯᠠᠩ ᠶᠢᠡᠷ ᠭᠤᠤᠯ ᠠᠴᠢᠶᠠᠯᠠᠭᠴᠢ ᠪᠠᠶ᠎ᠠ ᠪᠣᠯᠭᠠᠭᠰᠠᠨ ᠵᠢᠭᠠᠨ ᠰᠤᠷᠭᠠᠬᠤ ᠵᠤᠷᠰᠢᠯ ᠬᠠᠮᠢᠶᠠᠷᠤᠯᠳᠠ ᠶᠢᠨ ᠰᠦᠯᠵᠢᠶ᠎ᠠ ᠪᠠᠢ᠌ᠭᠤᠯᠵᠤ᠂ ᠨᠢᠵᠢᠭᠡᠳ ᠨᠠᠷᠠᠰ ᠭᠢᠴᠢᠶᠠᠯ ᠳᠦᠷᠤᠯ ᠤᠨ ᠴᠢᠳᠠᠪᠣᠷᠢᠳᠠᠨ ᠪᠠᠭᠰᠢ ᠨᠡᠷ ᠶᠢᠡᠷ ᠪᠦᠷᠢᠯᠳᠦᠭ᠍ᠰᠡᠨ ᠵᠢᠭᠠᠬᠤ ᠶᠢ ᠰᠤᠳᠤᠯᠬᠤ ᠪᠠᠭ᠎ᠠ ᠳᠤᠭᠣᠢ᠌ᠯᠠᠩ ᠪᠠᠢ᠌ᠭᠤᠯᠵᠤ᠂ ᠪᠦᠭᠦ ᠪᠠᠭᠰᠢ ᠨᠡᠷ ᠢ ᠵᠢᠭᠠᠬᠤ ᠪᠠ ᠰᠤᠳᠤᠯᠬᠤ ᠳᠤ ᠳᠠᠢ᠌ᠴᠢᠯᠠᠨ ᠭᠦᠳᠦᠯᠭᠦ ᠣᠢ᠌ᠯᠠᠳᠤᠯ ᠢ ᠭᠦᠢᠴᠡᠳ ᠪᠠᠳᠠᠷᠠᠭᠤᠯᠵᠠᠢ᠃

     2. ᠳᠦᠷᠢᠮ ᠳᠤᠭᠳᠠᠭᠠᠯ ᠢ ᠳᠡᠭᠦᠯᠳᠡᠷᠵᠢᠭᠦᠯᠵᠤ᠂ ᠵᠤᠷᠰᠢᠯ ᠱᠠᠭᠠᠷᠳᠠᠯᠭ᠎ᠠ ᠶᠢ ᠳᠤᠳᠤᠷᠬᠠᠢ ᠪᠣᠯᠭᠠᠪᠠ᠃

     ᠵᠢᠭᠠᠨ ᠰᠤᠷᠭᠠᠬᠤ ᠠᠵᠢᠯ ᠪᠣᠯ ᠰᠤᠷᠭᠠᠭᠤᠯᠢ ᠶᠢᠨ ᠠᠵᠢᠯ ᠤᠨ ᠠᠮᠢᠨ ᠰᠦᠨᠠᠰᠤ᠂ ᠵᠢᠭᠠᠨ ᠰᠤᠷᠭᠠᠬᠤ ᠵᠤᠷᠰᠢᠯ ᠢ ᠨᠠᠢ᠌ᠳᠠᠪᠣᠷᠢᠵᠢᠭᠤᠯᠬᠤ ᠪᠣᠯ ᠰᠢᠨ᠎ᠠ ᠭᠢᠴᠢᠶᠠᠯ ᠢ ᠭᠡᠷᠡᠭ᠍ᠵᠢᠭᠦᠯᠵᠤ᠂ ᠰᠢᠨ᠎ᠠ ᠭᠢᠴᠢᠶᠠᠯ ᠢ ᠬᠠᠮᠢᠶᠠᠷᠬᠤ ᠶᠢᠨ ᠬᠠᠮᠤᠭ ᠤᠨ ᠦᠨᠳᠦᠰᠦᠨ ᠠᠵᠢᠯ ᠮᠦᠨ᠃ ᠪᠠᠰᠠᠴᠤ ᠵᠢᠭᠠᠨ ᠰᠤᠷᠭᠠᠬᠤ ᠶᠠᠰᠤ ᠴᠢᠨᠠᠷ ᠢ ᠳᠡᠭᠡᠭ᠍ᠰᠢᠯᠡᠭᠦᠯᠭᠦ ᠶᠢᠨ ᠦᠨᠳᠦᠰᠦᠨ ᠪᠠᠳᠤᠯᠠᠭ᠎ᠠ ᠪᠣᠯᠬᠤ ᠶᠤᠮ᠃ ᠡᠢ᠌ᠮᠤ ᠡᠴᠡ ᠰᠤᠷᠭᠠᠭᠤᠯᠢ ᠡᠴᠡ 《ᠰᠢᠨ᠎ᠠ ᠭᠢᠴᠢᠶᠠᠯ ᠤᠨ ᠵᠢᠭᠠᠨ ᠰᠤᠷᠭᠠᠯᠳᠠ ᠶᠢᠨ ᠵᠤᠷᠰᠢᠯ ᠱᠠᠭᠠᠷᠳᠠᠯᠭ᠎ᠠ》 ᠪᠣᠯᠤᠨ 《ᠰᠢᠨ᠎ᠠ ᠭᠢᠴᠢᠶᠠᠯ ᠤᠨ ᠵᠢᠭᠠᠨ ᠰᠤᠷᠭᠠᠯᠳᠠ ᠶᠢᠨ ᠵᠤᠷᠰᠢᠯ ᠬᠠᠮᠢᠶᠠᠷᠤᠯᠳᠠ ᠶᠢ ᠭᠡᠷᠡᠭ᠍ᠵᠢᠭᠦᠯᠭᠦ ᠨᠠᠷᠢᠨ ᠳᠦᠷᠢᠮ》 ᠊ᠢ ᠳᠤᠭᠳᠠᠭᠠᠭᠰᠠᠨ ᠤ ᠰᠠᠭᠤᠷᠢᠨ ᠳᠡᠭᠡᠷ᠎ᠡ ᠰᠤᠷᠤᠯᠴᠠᠯᠭ᠎ᠠ ᠶᠢᠨ ᠳᠦᠷᠢᠮ᠂ ᠵᠢᠭᠠᠬᠤ ᠶᠢ ᠰᠤᠳᠤᠯᠬᠤ ᠭᠦᠳᠡᠯᠭᠡᠭᠡᠨ ᠤ ᠳᠦᠷᠢᠮ᠂ ᠭᠢᠴᠢᠶᠠᠯ ᠪᠡᠯᠡᠳᠭᠡᠭᠦ ᠶᠢ ᠬᠠᠮᠢᠶᠠᠷᠬᠤ ᠳᠦᠷᠢᠮ᠂ ᠭᠢᠴᠢᠶᠡᠯᠯᠡᠭᠡ ᠶᠢᠨ ᠵᠢᠭᠠᠨ ᠰᠤᠷᠭᠠᠯᠳᠠ ᠶᠢ ᠬᠠᠮᠢᠶᠠᠷᠬᠤ ᠳᠦᠷᠢᠮ᠂ ᠭᠢᠴᠢᠶᠠᠯ ᠤᠨ ᠡᠭᠢ ᠪᠠᠶᠠᠯᠢᠭ ᠢ ᠨᠡᠭᠡᠭᠡᠭᠦ ᠪᠠ ᠠᠰᠢᠭᠯᠠᠬᠤ ᠳᠦᠷᠢᠮ᠂ ᠭᠢᠴᠢᠶᠠᠯ ᠤᠨ ᠳᠠᠷᠠᠭᠠᠭᠢ ᠡᠷᠭᠢᠴᠡᠭᠦᠯᠦᠯ ᠢ ᠬᠠᠮᠢᠶᠠᠷᠬᠤ ᠳᠦᠷᠢᠮ᠂ ᠳᠠᠰᠬᠠᠯ ᠳᠠᠭᠠᠯᠭᠠᠪᠣᠷᠢ ᠶᠢ ᠬᠠᠮᠢᠶᠠᠷᠬᠤ ᠳᠦᠷᠢᠮ᠂ ᠰᠢᠯᠭᠠᠨ ᠥᠨᠡᠯᠡᠭᠦ ᠶᠢ ᠬᠠᠮᠢᠶᠠᠷᠬᠤ ᠳᠦᠷᠢᠮ ᠵᠡᠷᠭᠡ ᠠᠯᠢ ᠣᠯᠠᠨ ᠳᠦᠷᠢᠮ ᠤᠳ ᠢ ᠳᠤᠭᠳᠠᠭᠠᠨ ᠭᠡᠷᠡᠭ᠍ᠵᠢᠭᠦᠯᠪᠡ᠃ ᠡᠳᠡᠭᠡᠷ ᠳᠦᠷᠢᠮ ᠳᠦᠷᠢᠮᠵᠢᠯ ᠤᠨ ᠳᠤᠭᠳᠠᠭᠠᠯ ᠶᠤᠰᠤᠨ ᠤ ᠦᠨᠡᠨ ᠪᠣᠳᠠᠳᠠᠢ ᠭᠡᠷᠡᠭ᠍ᠵᠢᠭᠦᠯᠦᠯᠳᠡ ᠨᠢ ᠵᠢᠭᠠᠨ ᠰᠤᠷᠭᠠᠯᠳᠠ ᠶᠢᠨ ᠵᠤᠷᠰᠢᠯ ᠬᠠᠮᠢᠶᠠᠷᠤᠯᠳᠠ ᠶᠢᠨ ᠠᠵᠢᠯ ᠢ ᠨᠠᠷᠢᠨ ᠨᠢᠭᠳᠠ ᠨᠠᠢ᠌ᠳᠠᠪᠣᠷᠢᠵᠢᠭᠤᠯᠬᠤ ᠳᠤ ᠳᠦᠷᠢᠮ ᠤᠨ ᠪᠠᠳᠤᠯᠠᠭ᠎ᠠ ᠪᠣᠯᠤᠭᠰᠠᠨ ᠪᠠᠢ᠌ᠨ᠎ᠠ᠃

     3. ᠶᠠᠪᠣᠴᠠ ᠶᠢ ᠴᠢᠩᠭ᠋᠎ᠠ ᠠᠳᠬᠤᠵᠤ᠂ ᠵᠤᠷᠰᠢᠯ ᠬᠠᠮᠢᠶᠠᠷᠤᠯᠳᠠ ᠶᠢᠨ ᠶᠠᠰᠤ ᠴᠢᠨᠠᠷ ᠢ ᠳᠡᠭᠡᠭ᠍ᠰᠢᠯᠡᠭᠦᠯᠪᠡ᠃

     ᠰᠢᠨ᠎ᠠ ᠭᠢᠴᠢᠶᠠᠯ ᠤᠨ ᠵᠢᠭᠠᠨ ᠰᠤᠷᠭᠠᠯᠳᠠ ᠶᠢᠨ ᠵᠤᠷᠰᠢᠯ ᠢ ᠨᠠᠢ᠌ᠳᠠᠪᠣᠷᠢᠵᠢᠭᠤᠯᠬᠤ ᠨᠢ ᠭᠢᠴᠢᠶᠠᠯ ᠤᠨ ᠥᠭᠡᠷᠡᠴᠢᠯᠡᠯᠳᠡ ᠶᠢ ᠭᠡᠷᠡᠭ᠍ᠵᠢᠭᠦᠯᠭᠦ ᠶᠠᠰᠤ ᠴᠢᠨᠠᠷ ᠢ ᠳᠤᠭᠳᠠᠭᠠᠳᠠᠭ᠃ ᠵᠢᠭᠠᠨ ᠰᠤᠷᠭᠠᠬᠤ ᠶᠠᠪᠣᠴᠠ ᠶᠢᠨ ᠬᠠᠮᠢᠶᠠᠷᠤᠯᠳᠠ ᠨᠢ ᠪᠠᠭᠰᠢ ᠶᠢᠨ ᠵᠢᠭᠠᠨ ᠰᠤᠷᠭᠠᠬᠤ ᠠᠵᠢᠯᠯᠠᠭ᠎ᠠ᠂ ᠰᠤᠷᠤᠭᠴᠢ ᠶᠢᠨ ᠰᠤᠷᠤᠯᠴᠠᠬᠤ ᠭᠡᠯᠪᠠᠷᠢ ᠶᠢᠨ ᠬᠤᠪᠢᠷᠠᠯᠳᠠ ᠵᠢᠴᠢ ᠰᠤᠷᠭᠠᠭᠤᠯᠢ ᠶᠢᠨ ᠵᠢᠭᠠᠨ ᠰᠤᠷᠭᠠᠬᠤ ᠶᠠᠰᠤ ᠴᠢᠨᠠᠷ ᠢ ᠨᠥᠯᠦᠭᠡᠯᠡᠳᠡᠭ᠌᠃ ᠡᠢ᠌ᠮᠤ ᠡᠴᠡ ᠭᠢᠴᠢᠶᠠᠯ ᠪᠡᠯᠡᠳᠭᠡᠭᠦ᠂ ᠭᠢᠴᠢᠶᠡᠯᠯᠡᠭᠦ᠂ ᠳᠠᠰᠬᠠᠯ ᠭᠢᠨᠠᠵᠤ ᠵᠠᠰᠠᠬᠤ᠂ ᠭᠢᠴᠢᠶᠠᠯ ᠤᠨ ᠭᠠᠳᠠᠭᠤᠷ ᠬᠠᠪᠰᠤᠷᠤᠨ ᠵᠢᠯᠤᠭᠤᠳᠬᠤ᠂ ᠰᠢᠯᠭᠠᠵᠤ ᠥᠨᠡᠯᠡᠭᠦ ᠵᠡᠷᠭᠡ ᠡᠯ᠎ᠡ ᠭᠤᠭᠴᠤᠭ᠎ᠠ ᠶᠢᠨ ᠵᠤᠷᠰᠢᠯ ᠬᠠᠮᠢᠶᠠᠷᠤᠯᠳᠠ ᠳᠤ ᠡᠷᠭᠡᠪᠰᠢ ᠶᠠᠪᠣᠴᠠ ᠶᠢ ᠴᠢᠩᠭ᠋᠎ᠠ ᠠᠳᠬᠤᠵᠤ᠂ ᠴᠢᠨᠠᠷ ᠢ ᠪᠠᠳᠤᠯᠠᠬᠤ ᠴᠢᠬᠤᠯᠠ ᠲᠡᠶ ᠪᠠᠢ᠌ᠳᠠᠭ᠃ ᠮᠢᠨᠤ ᠠᠪᠣᠭᠰᠠᠨ ᠭᠤᠤᠯᠳᠠᠯᠭ᠎ᠠ ᠲᠡᠶ ᠠᠷᠭ᠎ᠠ ᠪᠣᠯ᠄

     (1) ᠭᠢᠴᠢᠶᠠᠯ ᠤᠨ ᠪᠠᠢ᠌ᠷᠢᠯᠠᠭᠤᠯᠤᠯᠳᠠ ᠶᠢᠨ ᠬᠠᠮᠢᠶᠠᠷᠤᠯᠳᠠ ᠶᠢ ᠪᠦᠭᠦ ᠳᠠᠯᠠᠵᠢᠭᠤᠯᠪᠠ᠃

     ᠰᠢᠨ᠎ᠠ ᠭᠢᠴᠢᠶᠠᠯ ᠤᠨ ᠪᠠᠷᠢᠮᠵᠢᠶ᠎ᠠ ᠶᠢ ᠪᠦᠭᠦ ᠳᠠᠯ᠎ᠠ ᠪᠠᠷ ᠳᠤᠤᠱᠯᠠᠭᠤᠯᠵᠤ᠂ ᠭᠢᠴᠢᠶᠠᠯ ᠪᠦᠭᠦᠨ ᠢ ᠵᠡᠷᠭᠡᠪᠠᠷ ᠨᠡᠭᠡᠭᠡᠨ᠂ ᠭᠢᠴᠢᠶᠠᠯ ᠤᠨ ᠴᠠᠭ ᠢ ᠭᠦᠢᠴᠡᠳ ᠪᠠᠢ᠌ᠯᠭᠠᠵᠤ᠂ ᠭᠢᠴᠢᠶᠠᠯ ᠪᠦᠭᠦᠨ ᠢ ᠰᠠᠢ᠌ᠳᠤᠷ ᠨᠡᠭᠡᠭᠡᠭᠦ ᠶᠢ ᠢᠮᠠᠭᠳᠠ ᠪᠠᠷᠢᠮᠳᠠᠯᠠᠵᠤ ᠢᠷᠡᠭ᠍ᠰᠡᠨ ᠪᠦᠭᠡᠳ ᠭᠢᠴᠢᠶᠠᠯ ᠭᠦᠮᠦᠵᠢᠯ ᠤᠨ ᠳᠠᠰᠤᠭ ᠡᠴᠡ ᠭᠢᠴᠢᠶᠠᠯ ᠤᠨ ᠬᠠᠮᠢᠶᠠᠷᠤᠯᠳᠠ ᠶᠢ ᠴᠢᠩᠭ᠋᠎ᠠ ᠠᠳᠬᠤᠵᠤ᠂ ᠳᠤᠷ᠎ᠠ ᠪᠠᠷ ᠭᠢᠴᠢᠶᠠᠯ ᠰᠤᠯᠢᠬᠤ᠂ ᠳᠤᠷ᠎ᠠ ᠪᠠᠷ ᠭᠢᠴᠢᠶᠠᠯ ᠵᠤᠭᠰᠤᠬᠤ ᠵᠡᠷᠭᠡ ᠨᠠᠵᠠᠭᠠᠢ ᠰᠤᠷᠳᠠᠯ ᠢ ᠡᠷᠡᠰ ᠳᠠᠪᠴᠢᠨ ᠭᠢᠴᠢᠶᠡᠯᠯᠡᠭᠡ ᠶᠢᠨ ᠬᠠᠮᠢᠶᠠᠷᠤᠯᠳᠠ ᠶᠢ ᠪᠠᠭᠰᠢ ᠶᠢᠨ ᠠᠵᠢᠯ ᠤᠨ ᠭᠢᠨᠠᠨ ᠦᠨᠡᠯᠠᠯᠳᠠ ᠲᠡᠶ ᠬᠤᠯᠪᠣᠭᠳᠠᠭᠤᠯᠤᠭᠰᠠᠨ ᠪᠠᠢ᠌ᠨ᠎ᠠ᠃ ᠡᠨᠡ ᠨᠢ ᠭᠢᠴᠢᠶᠠᠯ ᠤᠨ ᠬᠠᠮᠢᠶᠠᠷᠤᠯᠳᠠ ᠶᠢ ᠳᠦᠷᠢᠮᠵᠢᠭᠦᠯᠵᠤ ᠴᠢᠳᠠᠭᠰᠠᠨ ᠶᠢᠡᠷ ᠪᠠᠷᠠᠬᠤ ᠦᠭᠡᠶ ᠭᠢᠴᠢᠶᠠᠯ ᠤᠨ ᠪᠦᠭᠦᠯᠢ ᠴᠤᠭᠴᠠᠳᠤ ᠴᠢᠨᠠᠷ ᠢ ᠪᠠᠳᠤᠯᠠᠭᠰᠠᠨ ᠪᠠᠢ᠌ᠨ᠎ᠠ᠃

     (2) ᠵᠢᠭᠠᠨ ᠰᠤᠷᠭᠠᠯᠳᠠ ᠶᠢᠨ ᠲᠦᠰᠤᠪ ᠲᠦᠯᠦᠪᠯᠡᠭᠡ ᠶᠢᠨ ᠬᠠᠮᠢᠶᠠᠷᠤᠯᠳᠠ ᠳᠤ ᠰᠢᠨ᠎ᠠ ᠶᠢ ᠡᠭᠦᠳᠪᠡ᠃

     ᠰᠢᠨ᠎ᠠ ᠭᠢᠴᠢᠶᠠᠯ ᠤᠨ ᠪᠠᠷᠢᠮᠵᠢᠶ᠎ᠠ ᠪᠠᠷ ᠦᠨᠳᠦᠰᠦᠯᠠᠯ ᠪᠣᠯᠭᠠᠵᠤ᠂ ᠵᠢᠭᠠᠨ ᠰᠤᠷᠭᠠᠬᠤ ᠠᠷᠭ᠎ᠠ ᠠᠪᠴᠠᠯ ᠳᠤ ᠵᠤᠷᠢᠭ ᠲᠡᠶ ᠪᠠᠷ ᠥᠭᠡᠷᠡᠴᠢᠯᠡᠯᠳᠡ ᠭᠢᠵᠤ᠂ ᠵᠢᠭᠠᠨ ᠰᠤᠷᠭᠠᠬᠤ ᠲᠦᠰᠤᠪ ᠲᠦᠯᠦᠪᠯᠡᠭᠡ ᠶᠢ ᠰᠢᠨ᠎ᠠ ᠪᠠᠷ ᠡᠭᠦᠳᠤᠨ᠂ ᠰᠢᠡᠵᠢᠯᠡᠭᠦ ᠣᠬᠠᠭᠠᠠᠴᠢ ᠴᠢᠨᠠᠷ ᠲᠡᠶ᠂ ᠪᠣᠳᠠᠳᠤ ᠦᠷ᠎ᠡ ᠠᠰᠢᠭᠳᠤ ᠴᠢᠨᠠᠷ ᠲᠡᠶ᠂ ᠪᠣᠳᠠᠳᠠᠢ ᠭᠡᠷᠡᠭᠯᠡᠭᠡᠨ ᠤ ᠴᠢᠨᠠᠷ ᠲᠡᠶ᠂ ᠠᠩᠭᠢ ᠨᠢᠭᠡᠴᠡ ᠶᠢᠨ ᠰᠤᠷᠤᠭᠴᠢ ᠶᠢᠨ ᠦᠪᠡᠷᠮᠢᠴᠠ ᠣᠠᠴᠠᠯᠢᠭ ᠲᠤ ᠨᠡᠢ᠌ᠴᠡᠭᠦᠢᠴᠡ ᠰᠤᠷᠤᠯᠴᠠᠬᠤ ᠠᠷᠭ᠎ᠠ ᠶᠢ ᠰᠤᠳᠤᠯᠤᠨ ᠭᠡᠷᠡᠭ᠍ᠵᠢᠭᠦᠯᠵᠡᠢ᠃

ᠪᠢᠳᠠ ᠬᠠᠮᠳᠤᠪᠠᠷ ᠭᠢᠴᠢᠶᠠᠯ ᠪᠡᠯᠡᠳᠭᠡᠭᠦ ᠶᠢ ᠰᠤᠳᠤᠯᠬᠤ ᠪᠠᠷ ᠰᠢᠪᠳᠤᠯᠤᠯᠳᠠ ᠶᠢᠨ ᠴᠡᠭ᠌ ᠶᠢᠡᠨ ᠪᠣᠯᠭᠠᠵᠤ᠂ ᠵᠢᠭᠠᠬᠤ ᠶᠢ ᠰᠤᠳᠤᠯᠬᠤ ᠳᠤᠭᠣᠢ᠌ᠯᠠᠩ ᠤᠨ ᠬᠠᠮᠳᠤᠪᠠᠷ ᠭᠢᠴᠢᠶᠠᠯ ᠪᠡᠯᠡᠳᠭᠡᠭᠦ ᠳᠦᠷᠢᠮ ᠢ ᠳᠤᠭᠳᠠᠭᠠᠨ ᠭᠡᠷᠡᠭ᠍ᠵᠢᠭᠦᠯᠪᠡ᠃ ᠬᠠᠮᠳᠤᠪᠠᠷ ᠭᠢᠴᠢᠶᠠᠯ ᠪᠡᠯᠡᠳᠭᠡᠭᠦ ᠶᠠᠪᠣᠴᠠ ᠳᠤ ᠭᠢᠴᠢᠶᠠᠯ ᠢ ᠶᠠᠷᠢᠯᠴᠠᠵᠤ ᠵᠥᠪᠳᠡᠭᠦ ᠪᠠᠷ ᠳᠠᠮᠵᠢᠨ ᠦᠪᠡᠷᠮᠢᠴᠠ ᠣᠠᠴᠠᠯᠢᠭ ᠪᠦᠭᠦᠢ ᠭᠢᠴᠢᠶᠠᠯ ᠤᠨ ᠺᠤᠨ᠋ᠰᠫᠧᠺᠲ᠋ ᠶᠢ ᠪᠦᠷᠢᠯᠳᠦᠭᠦᠯᠤᠨ ᠳᠠᠭᠢᠠᠳᠠ ᠰᠤᠯᠢᠯᠴᠠᠨ ᠡᠷᠭᠢᠴᠡᠭᠦᠯᠭᠦ ᠵᠡᠷᠭᠡ ᠭᠡᠯᠪᠠᠷᠢ ᠪᠠᠷ ᠪᠠᠭᠰᠢ ᠶᠢᠨ ᠭᠢᠴᠢᠶᠠᠯ ᠪᠡᠯᠡᠳᠭᠡᠭᠦ ᠳᠤ 《ᠦᠪᠡᠷ ᠶᠢᠡᠨ ᠰᠤᠳᠤᠯᠬᠤ᠂ ᠳᠠᠭᠠᠯᠳᠠ ᠮᠠᠲ᠋ᠸᠷᠢᠶᠠᠯ ᠢ ᠠᠰᠢᠭᠯᠠᠬᠤ᠂ ᠪᠣᠳᠠᠳᠠᠢ ᠲᠡᠶ ᠣᠶᠠᠯᠳᠤᠭᠤᠯᠬᠤ》 ᠭᠤᠷᠪᠠᠨ ᠭᠤᠭᠴᠤᠭ᠎ᠠ ᠶᠢ ᠪᠠᠷᠢᠮᠳᠠᠯᠠᠵᠤ᠂ 《ᠬᠤᠶᠠᠷ ᠣᠳᠠᠭ᠎ᠠ ᠡᠷᠭᠢᠴᠡᠭᠦᠯᠭᠦ》 (ᠵᠢᠭᠠᠬᠤ ᠡᠴᠡ ᠡᠮᠦᠨ᠎ᠡ ᠭᠢᠭᠡᠳ ᠵᠢᠭᠠᠭᠰᠠᠨ ᠤ ᠳᠠᠷᠠᠭ᠎ᠠ) ᠶ᠋ᠢ ᠡᠷᠭᠡᠪᠰᠢ ᠭᠢᠵᠤ ᠭᠦᠢᠴᠡᠳᠭᠡᠭᠦ ᠶᠢ ᠴᠢᠩᠭ᠋᠎ᠠ ᠱᠠᠭᠠᠷᠳᠠᠵᠠᠢ᠃ ᠭᠤᠤᠯᠳᠠᠭᠤ 《ᠰᠤᠷᠤᠭᠴᠢ ᠨᠢᠭᠡᠪᠦᠷᠢ ᠶᠢᠨ ᠭᠦᠭ᠍ᠵᠢᠯᠳᠡ ᠶᠢᠨ ᠲᠦᠯᠦᠭᠡ》 ᠭᠡᠭᠦ ᠰᠢᠨ᠎ᠠ ᠭᠢᠴᠢᠶᠠᠯ ᠤᠨ ᠭᠤᠤᠯ ᠣᠨᠤᠯᠵᠢᠬᠤᠨ ᠢ ᠳᠤᠪᠣᠢ᠌ᠯᠭᠠᠵᠤ᠂ ᠰᠢᠨ᠎ᠠ ᠭᠢᠴᠢᠶᠠᠯ ᠤᠨ ᠭᠤᠷᠮᠤᠰᠤᠨ ᠬᠠᠷᠠᠯᠳᠠ ᠲᠡᠶ ᠣᠷᠭᠠᠨᠢᠭ ᠶᠢᠡᠷ ᠣᠶᠠᠯᠳᠤᠭᠤᠯᠬᠤ ᠶᠢ ᠴᠢᠬᠤᠯᠠᠴᠢᠯᠠᠪᠠ᠃

     (3) ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠶᠢᠨ ᠬᠠᠮᠢᠶᠠᠷᠤᠯᠳᠠ ᠳᠤ ᠥᠭᠡᠷᠡᠴᠢᠯᠡᠯᠳᠡ ᠭᠢᠪᠠ᠃

     ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠪᠣᠯ ᠰᠢᠨ᠎ᠠ ᠭᠢᠴᠢᠶᠠᠯ ᠤᠨ ᠥᠭᠡᠷᠡᠴᠢᠯᠡᠯᠳᠡ ᠶᠢ ᠭᠡᠷᠡᠭ᠍ᠵᠢᠭᠦᠯᠭᠦ ᠭᠤᠤᠯ ᠵᠠᠮ᠂ ᠪᠠᠭᠰᠢ ᠶᠢᠨ ᠰᠢᠨ᠎ᠠ ᠵᠢᠭᠠᠨ ᠰᠤᠷᠭᠠᠬᠤ ᠣᠢ᠌ᠯᠠᠭᠠᠭᠳᠠᠬᠤᠨ ᠶᠢᠡᠨ ᠣᠢ᠌ᠯᠠ ᠠᠵᠢᠯᠯᠠᠭ᠎ᠠ ᠪᠣᠯᠭᠠᠨ ᠬᠤᠪᠢᠷᠭᠠᠬᠤ ᠭᠤᠤᠯ ᠠᠷᠭ᠎ᠠ ᠵᠠᠮ ᠮᠦᠨ᠂ ᠰᠤᠷᠤᠭᠴᠢ ᠶᠢᠨ ᠰᠤᠷᠤᠯᠴᠠᠬᠤ ᠶᠢ ᠰᠤᠷᠬᠤ᠂ ᠰᠤᠷᠤᠯᠴᠠᠯᠭ᠎ᠠ ᠶᠢᠨ ᠡᠵᠡᠨ ᠡᠳᠡᠭᠡᠳ ᠪᠣᠯᠬᠤ ᠭᠤᠤᠯ ᠳᠠᠯᠠᠪᠣᠷ ᠪᠣᠯᠤᠨ᠎ᠠ᠃ ᠨᠢᠭᠡᠨ ᠪᠠᠭᠰᠢ ᠶᠢᠨ ᠵᠢᠭᠠᠨ ᠰᠤᠷᠭᠠᠬᠤ ᠣᠨᠤᠯᠵᠢᠬᠤᠨ ᠤ ᠭᠢᠴᠢᠶᠡᠯᠯᠡᠭᠡ ᠳ᠋ᠠᠭᠢ ᠪᠣᠳᠠᠳᠠᠢ᠌ᠵᠢᠯᠳᠠ ᠨᠢ ᠭᠢᠴᠢᠶᠡᠯᠯᠡᠭᠡ ᠶᠢᠨ ᠠᠭᠤᠷ ᠠᠮᠢᠰᠬᠤᠯ ᠭᠦᠭ᠍ᠵᠢᠶᠡᠨᠳᠡᠢ᠂ ᠭᠢᠴᠢᠶᠡᠯᠯᠡᠭᠡ ᠠᠮᠢᠳᠤᠯᠢᠭ᠂ ᠰᠤᠷᠤᠭᠴᠢ ᠵᠢᠩᠭᠢᠨᠢ ᠰᠤᠷᠤᠯᠴᠠᠯᠭ᠎ᠠ ᠶᠢᠨ ᠡᠵᠡᠨ ᠪᠣᠯᠵᠤ ᠴᠢᠳᠠᠭᠰᠠᠨ ᠪᠦᠭᠡᠳ ᠪᠠᠭᠰᠢ ᠰᠤᠷᠤᠭᠴᠢ ᠶᠢᠨ ᠬᠤᠭᠤᠷᠤᠠᠳᠤᠭᠢ᠂ ᠰᠤᠷᠤᠭᠴᠢ ᠰᠤᠷᠤᠭᠴᠢ ᠶᠢᠨ ᠬᠤᠭᠤᠷᠤᠠᠳᠤᠭᠢ ᠬᠠᠷᠢᠯᠴᠠᠬᠤᠢ ᠭᠦᠳᠡᠯᠭᠡᠭᠡᠨ ᠡᠶ᠎ᠡ ᠵᠤᠭᠢᠴᠠᠯ ᠲᠡᠶ ᠪᠠᠢ᠌ᠬᠤ ᠶᠢ ᠱᠠᠭᠠᠷᠳᠠᠨ᠎ᠠ᠃ ᠨᠢᠭᠡ ᠭᠢᠴᠢᠶᠡᠯᠯᠡᠭᠡ ᠪᠠᠭᠤᠭᠰᠠᠨ ᠤ ᠳᠠᠷᠠᠭ᠎ᠠ ᠰᠤᠷᠤᠭᠴᠢ ᠡᠴᠡ ᠰᠢᠨ᠎ᠠ ᠮᠡᠳᠡᠯᠭᠡ ᠮᠡᠷᠭᠡᠵᠢᠯ᠂ ᠣᠪᠣᠷ ᠰᠡᠳᠬᠢᠯᠭᠡ᠂ ᠦᠷᠳᠡᠭ᠌ ᠤᠨ ᠦᠵᠡᠯᠳᠠ ᠶᠢᠨ ᠳᠠᠯ᠎ᠠ ᠪᠠᠷ ᠰᠢᠨ᠎ᠠ ᠣᠯᠤᠯᠳᠠ ᠳᠠᠨᠢᠯᠳᠠ ᠲᠡᠶ ᠪᠣᠯᠤᠭᠰᠠᠨ ᠡᠰᠡᠭᠦ ᠪᠠᠷ ᠡᠨᠡᠭᠦ ᠭᠢᠴᠢᠶᠡᠯᠯᠡᠭᠡ ᠶᠢᠨ ᠠᠮᠵᠢᠯᠳᠠ ᠲᠡᠶ ᠡᠰᠡᠭᠦ ᠶᠢ ᠦᠨᠡᠯᠠᠵᠤ ᠪᠣᠯᠤᠨ᠎ᠠ᠃ ᠡᠢ᠌ᠮᠤ ᠡᠴᠡ ᠪᠢᠳᠠ ᠪᠠᠭᠰᠢ ᠨᠡᠷ ᠢ ᠱᠠᠭᠠᠷᠳᠠᠬᠤ ᠳᠤ ᠪᠠᠨ ᠠᠯᠢᠪᠠ ᠭᠢᠴᠢᠶᠠᠯ ᠤᠨ ᠪᠠᠭᠰᠢ ᠨᠢᠭᠡᠪᠦᠷᠢ ᠦᠪᠡᠷ ᠤᠨ ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠳᠤ ᠪᠠᠨ ᠰᠢᠨ᠎ᠠ ᠠᠷᠭ᠎ᠠ ᠮᠠᠶ‍ᠢᠭ ᠢ ᠰᠥᠪᠠᠭ᠍ᠴᠢᠯᠡᠨ᠂ ᠰᠢᠨ᠎ᠠ ᠦᠷ᠎ᠡ ᠠᠰᠢᠭ ᠡᠭᠦᠳᠭᠦ ᠶᠢ ᠴᠢᠬᠤᠯᠠᠴᠢᠯᠠᠬᠤ ᠪᠦᠭᠡᠳ ᠬᠠᠮᠤᠭ ᠴᠢᠬᠤᠯᠠ ᠨᠢ ᠭᠢᠴᠢᠶᠠᠯ ᠤᠨ ᠳᠠᠷᠠᠭ᠎ᠠ ᠦᠪ ᠦᠨᠡᠩᠬᠦ ᠨᠠᠮ ᠰᠠᠭᠤᠵᠤ ᠰᠡᠯᠡᠭᠦᠤ ᠰᠠᠳᠭᠢᠨ ᠡᠨᠡᠭᠦ ᠭᠢᠴᠢᠶᠡᠯᠯᠡᠭᠡ ᠶᠢᠨ ᠶᠢᠡᠨ ᠣᠯᠤᠯᠳᠠ ᠭᠢᠭᠡᠳ ᠠᠯᠳᠠᠭᠳᠠᠯ ᠶᠢᠡᠨ ᠡᠷᠭᠢᠴᠡᠭᠦᠯᠤᠨ ᠪᠣᠳᠤᠯᠭᠢᠯᠠᠬᠤ ᠶᠢ ᠭᠢᠵᠤ ᠭᠦᠢᠴᠡᠳᠭᠡᠨ᠎ᠡ᠃ ᠡᠢ᠌ᠡᠭᠦ ᠣᠷᠳᠤ ᠬᠤᠭᠤᠴᠠᠭᠠᠨ ᠤ ᠳᠤᠷᠰᠢᠳᠠ ᠪᠠᠭᠰᠢ ᠶᠢᠨ ᠵᠢᠭᠠᠨ ᠰᠤᠷᠭᠠᠬᠤ ᠥᠢᠯᠡᠳᠦᠯᠭᠡ ᠶᠢᠨ ᠣᠶᠤᠨ ᠤ ᠳᠠᠪᠬᠤᠷᠭ᠎ᠠ ᠳᠡᠭᠡᠭ᠍ᠰᠢᠯᠡᠵᠤ ᠴᠢᠳᠠᠨ᠎ᠠ᠃

     《ᠠᠰᠠᠭᠤᠳᠠᠯ ᠢ ᠢᠯᠡᠷᠡᠭᠦᠯᠭᠦ ᠨᠢ ᠠᠰᠠᠭᠤᠳᠠᠯ ᠢ ᠰᠢ᠌ᠳᠪᠦᠷᠢᠯᠡᠭᠦ ᠡᠴᠡ ᠨᠠᠩ ᠴᠢᠬᠤᠯᠠ》 ᠭᠡᠳᠡᠭ᠌ ᠶᠢᠡᠷ ᠭᠢᠴᠢᠶᠠᠯ ᠤᠨ ᠳᠠᠷᠠᠭᠠᠭᠢ ᠡᠷᠭᠢᠴᠡᠭᠦᠯᠦᠯ ᠤᠨ ᠺᠤᠨ᠋ᠰᠫᠧᠺᠲ᠋ ᠤᠨ ᠳᠡᠮᠳᠡᠭᠯᠡᠯ᠂ ᠵᠢᠭᠠᠨ ᠰᠤᠷᠭᠠᠯᠳᠠ ᠶᠢᠨ ᠡᠷᠭᠢᠴᠡᠭᠦᠯᠦᠯ ᠤᠨ ᠰᠠᠷ᠎ᠠ ᠶᠢᠨ ᠮᠡᠳᠡᠭᠦᠯᠦᠯᠳᠡ᠂ ᠭᠢᠴᠢᠶᠠᠯ ᠭᠦᠮᠦᠵᠢᠯ ᠤᠨ ᠳᠠᠰᠤᠭ ᠤᠨ ᠰᠠᠷ᠎ᠠ ᠶᠢᠨ ᠪᠠᠢ᠌ᠴᠠᠭᠠᠯᠳᠠ ᠭᠢᠭᠡᠳ ᠳᠤᠰᠬᠠᠯᠳᠠ ᠳᠤ ᠪᠦᠷ ᠵᠢᠭᠠᠨ ᠰᠤᠷᠭᠠᠬᠤ ᠶᠠᠪᠣᠴᠠ ᠶᠢᠨ ᠦᠨᠡᠨ ᠪᠣᠳᠠᠳᠠᠢ ᠠᠰᠠᠭᠤᠳᠠᠯ ᠢᠯᠠᠷᠠᠵᠤ᠂ ᠠᠰᠠᠭᠤᠳᠠᠯ ᠢ ᠢᠯᠡᠷᠡᠭᠦᠯᠦᠭ᠍ᠰᠡᠨ ᠬᠤᠪᠢ ᠭᠦᠮᠤᠨ᠂ ᠨᠢᠭᠡᠴᠡ ᠳᠤᠭᠣᠢ᠌ᠯᠠᠩ ᠳᠤ ᠵᠢᠭᠠᠨ ᠰᠤᠷᠭᠠᠬᠤ ᠳᠤᠷᠰᠢᠯᠭ᠎ᠠ ᠡᠳᠦᠷ ᠢᠷᠡᠭᠦᠶ᠎ᠡ ᠬᠤᠷᠠᠮᠳᠤᠬᠤ ᠪᠣᠯᠵᠠᠢ᠃

     (4) ᠭᠢᠴᠢᠶᠠᠯ ᠤᠨ ᠭᠠᠳᠠᠭᠤᠷᠭᠢ ᠬᠠᠪᠰᠤᠷᠤᠨ ᠵᠢᠯᠤᠭᠤᠳᠬᠤ ᠪᠠ ᠳᠠᠰᠬᠠᠯ ᠤᠨ ᠬᠠᠮᠢᠶᠠᠷᠤᠯᠳᠠ ᠶᠢ ᠳᠦᠷᠢᠮᠵᠢᠭᠦᠯᠪᠡ᠃

     ① ᠰᠤᠷᠤᠯᠭ᠎ᠠ ᠳᠤ ᠭᠦᠴᠢᠷᠳᠡᠵᠤ ᠪᠠᠢ᠌ᠭ᠎ᠠ ᠰᠤᠷᠤᠭᠴᠢ ᠶᠢ ᠬᠠᠪᠰᠤᠷᠤᠨ ᠵᠢᠯᠤᠭᠤᠳᠬᠤ ᠠᠵᠢᠯ ᠢ ᠭᠢᠴᠢᠶᠠᠯ ᠳᠠᠭᠠᠭᠠᠴᠢᠯᠠᠭᠴᠢ ᠪᠠᠭᠰᠢ ᠨᠡᠷ ᠪᠣᠯᠤᠨ ᠭᠢᠴᠢᠶᠠᠯ ᠭᠦᠮᠦᠵᠢᠯ ᠤᠨ ᠳᠠᠰᠤᠭ ᠡᠴᠡ ᠳᠤᠰᠬᠠᠢ᠌ᠯᠠᠨ ᠬᠠᠮᠢᠶᠠᠷᠴᠤ᠂ ᠰᠤᠷᠤᠭᠴᠢ ᠶᠢᠨ ᠰᠤᠷᠤᠯᠭ᠎ᠠ ᠳᠤ ᠭᠦᠴᠢᠷᠳᠡᠵᠤ ᠪᠠᠢ᠌ᠭ᠎ᠠ ᠰᠢᠯᠳᠠᠭᠠᠨ ᠢ ᠵᠠᠳᠠᠯᠤᠨ ᠰᠢᠠᠵᠢᠵᠤ᠂ 《ᠡᠪᠡᠳᠴᠢᠨ ᠳ᠋ᠤᠨᠢ ᠳᠤᠭᠢᠷᠠᠭᠤᠯᠤᠨ ᠡᠮ ᠳᠠᠯᠪᠢᠬᠤ》 ᠠᠷᠭ᠎ᠠ ᠭᠡᠮᠵᠢᠶ᠎ᠡ ᠶᠢ ᠠᠪᠴᠤ᠂ ᠳᠤᠭᠳᠠᠭᠰᠠᠨ ᠲᠦᠯᠦᠪᠯᠡᠭᠡ ᠬᠠᠷᠠᠯᠳᠠ ᠲᠡᠶ ᠪᠠᠷ ᠭᠦᠮᠦᠵᠢᠭᠦᠯᠤᠨ ᠳᠡᠭᠡᠭ᠍ᠰᠢᠯᠡᠭᠦᠯᠭᠦ ᠠᠵᠢᠯ ᠢ ᠴᠢᠩᠭ᠋᠎ᠠ ᠠᠳᠬᠤᠵᠠᠢ᠃ ᠭᠢᠴᠢᠶᠠᠯ ᠭᠦᠮᠦᠵᠢᠯ ᠤᠨ ᠳᠠᠰᠤᠭ ᠡᠴᠡ ᠪᠠᠭᠰᠢᠨᠠᠷ ᠤᠨ ᠬᠠᠪᠰᠤᠷᠤᠨ ᠵᠢᠯᠤᠭᠤᠳᠤᠯᠭ᠎ᠠ ᠭᠢᠵᠤ ᠪᠠᠢ᠌ᠭ᠎ᠠ ᠠᠵᠢᠯ ᠢ ᠮᠦᠷᠳᠠᠨ ᠪᠠᠢ᠌ᠴᠠᠭᠠᠵᠤ ᠦᠨᠡᠨ ᠪᠣᠳᠠᠳᠠᠢ ᠦᠨᠡᠯᠠᠯᠳᠠ ᠳᠤᠰᠬᠠᠯ ᠦᠭ‍ᠭᠦ ᠶᠢ ᠦᠷᠭᠦᠯᠵᠢ ᠶᠢᠨ ᠴᠢᠨᠠᠷ ᠲᠡᠶ ᠴᠢᠩᠭ᠋᠎ᠠ ᠠᠳᠬᠤᠭᠰᠠᠨ ᠪᠠᠢ᠌ᠨ᠎ᠠ᠃

② ᠳᠠᠰᠬᠠᠯ ᠤᠨ ᠭᠡᠯᠪᠠᠷᠢ ᠶᠢ ᠰᠢᠯᠢᠳᠡᠭ᠍ᠵᠢᠭᠦᠯᠵᠤ᠂ ᠱᠠᠭᠠᠷᠳᠠᠯᠭ᠎ᠠ ᠶᠢ ᠳᠤᠳᠤ ᠪᠣᠯᠭᠠᠪᠠ᠃ ᠰᠤᠷᠤᠭᠴᠢ ᠶᠢᠨ ᠨᠠᠰᠤᠨ ᠤ ᠣᠠᠴᠠᠯᠢᠭ ᠪᠠ ᠠᠩᠭᠢ ᠶᠢᠨ ᠣᠠᠴᠠᠯᠢᠭ ᠢ ᠦᠨᠳᠦᠰᠦᠯᠠᠨ ᠭᠢᠴᠢᠶᠡᠯᠯᠡᠭᠡ ᠶᠢᠨ ᠴᠠᠭ ᠤᠨ ᠳᠠᠰᠬᠠᠯ ᠪᠠ ᠭᠢᠴᠢᠶᠠᠯ ᠤᠨ ᠭᠠᠳᠠᠭᠤᠷᠭᠢ ᠳᠠᠰᠬᠠᠯ ᠤᠨ ᠬᠠᠷᠢᠴᠠᠯ ᠢ ᠵᠤᠭᠢᠰᠳᠠᠢ ᠪᠠᠢ᠌ᠷᠢᠯᠠᠭᠤᠯᠪᠠ᠃ ᠵᠢᠭᠠᠬᠤ ᠳᠤᠮᠳᠠ ᠭᠢᠴᠢᠶᠠᠯ ᠤᠨ ᠴᠠᠭ ᠤᠨ ᠳᠠᠰᠬᠠᠯ ᠢ ᠭᠤᠤᠯᠴᠢᠯᠠᠨ ᠭᠦᠭᠡᠭᠡᠴᠡᠯᠳᠦᠵᠤ᠂ ᠭᠢᠴᠢᠶᠠᠯ ᠤᠨ ᠭᠠᠳᠠᠭᠤᠷᠭᠢ ᠳᠠᠰᠬᠠᠯ ᠢ ᠬᠠᠷᠢᠴᠠᠩᠭ᠋ᠤᠢ ᠪᠠᠷ ᠪᠠᠭᠠᠰᠬᠠᠨ᠂ ᠰᠤᠷᠤᠭᠴᠢᠳ ᠤᠨ ᠭᠢᠴᠢᠶᠡᠯᠯᠡᠭᠡ ᠳᠤ ᠭᠢ ᠢᠯᠠᠷᠠᠯ ᠢ ᠪᠠᠢ᠌ᠴᠠᠭᠠᠬᠤ ᠪᠠᠷ ᠭᠤᠤᠯ ᠬᠠᠷᠠᠯᠳᠠ ᠪᠠᠨ ᠪᠣᠯᠭᠠᠪᠠ᠃ ᠳᠠᠰᠬᠠᠯ ᠤᠨ ᠳᠤᠭ᠎ᠠ ᠶᠢ ᠭᠢᠵᠠᠭᠠᠷᠯᠠᠵᠤ᠂ ᠰᠤᠷᠤᠭᠴᠢ ᠶᠢᠨ ᠳᠠᠷᠤᠭᠠᠰᠤ ᠶᠢ ᠭᠦᠡᠳᠦᠷᠦᠭᠦᠯᠭᠦ ᠡᠴᠡ ᠵᠠᠢ᠌ᠯᠠᠰᠭᠢᠨ᠂ ᠠᠯᠢ ᠴᠢᠳᠠᠬᠤ ᠪᠠᠷ ᠳᠠᠰᠬᠠᠯ ᠤᠨ ᠣᠯᠠᠨ ᠶᠠᠩᠵᠤᠳᠤ ᠴᠢᠨᠠᠷ ᠢ ᠪᠠᠳᠤᠯᠠᠵᠤ ᠴᠢᠳᠠᠭᠰᠠᠨ ᠪᠠᠢ᠌ᠨ᠎ᠠ᠃

     4. ᠪᠣᠯᠪᠠᠰᠤᠷᠠᠯ ᠤᠨ ᠳᠠᠪᠴᠠᠩ ᠢ ᠡᠭᠦᠳᠤᠨ᠂ ᠪᠠᠭᠰᠢ ᠨᠡᠷ ᠤᠨ ᠳᠤᠬᠠᠢ᠌ᠯᠠᠭᠰᠠᠨ ᠠᠵᠢᠯ ᠤᠨ ᠮᠡᠷᠭᠡᠵᠢᠯ ᠴᠢᠳᠠᠪᠣᠷᠢ ᠶᠢᠨ ᠭᠦᠭ᠍ᠵᠢᠯᠳᠡ ᠶᠢ ᠠᠭᠢᠭᠤᠯᠪᠠ᠃

     (1) ᠰᠤᠷᠤᠯᠴᠠᠯᠭ᠎ᠠ ᠪᠠᠷ ᠰᠤᠳᠤᠯᠤᠯᠳᠠ ᠶᠢᠨ ᠰᠠᠭᠤᠷᠢ ᠪᠣᠯᠭᠠᠪᠠ᠃

     ᠪᠠᠭᠰᠢ ᠨᠡᠷ ᠲᠤ ᠣᠯᠠᠨ ᠣᠳᠠᠭᠠᠨ ᠤ ᠰᠤᠷᠤᠯᠴᠠᠬᠤ ᠵᠠᠪᠰᠢᠶᠠᠨ ᠣᠯᠭᠤᠨ ᠳᠠᠳᠠᠨᠤᠰ ᠤᠨ ᠰᠤᠷᠤᠯᠴᠠᠯᠭ᠎ᠠ ᠪᠣᠯᠪᠠᠰᠤᠷᠠᠯ ᠶᠢᠡᠷ ᠳᠠᠮᠵᠢᠨ ᠠᠵᠢᠯ ᠮᠡᠷᠭᠡᠵᠢᠯ ᠤᠨ ᠭᠡᠪ ᠪᠣᠯᠪᠠᠰᠤᠷᠠᠯ ᠶᠢᠡᠨ ᠳᠡᠭᠡᠭ᠍ᠰᠢᠯᠡᠭᠦᠯᠭᠦ ᠳᠤ ᠳᠡᠮᠵᠢᠯᠭᠡ ᠪᠣᠯᠭᠠᠪᠠ᠃ ᠪᠠᠭᠰᠢ ᠨᠡᠷ ᠢ ᠦᠷᠭᠦᠯᠵᠢᠯᠡᠭ᠍ᠰᠡᠨ ᠰᠤᠷᠭᠠᠨ ᠭᠦᠮᠦᠵᠢᠯ ᠤᠨ ᠠᠩᠭᠢ ᠳᠤ ᠰᠤᠷᠤᠯᠴᠠᠬᠤ ᠶᠢ ᠴᠢᠩᠭ᠋᠎ᠠ ᠱᠠᠭᠠᠷᠳᠠᠬᠤ ᠶᠢᠨ ᠬᠠᠮᠳᠤ ᠳᠡᠭᠡᠳᠤ ᠱᠠᠳᠤᠨ ᠡᠴᠡ ᠡᠷᠭᠢᠯᠡᠭᠦ ᠰᠤᠷᠠᠭ ᠵᠠᠩᠭᠢ ᠶᠢᠨ ᠮᠡᠷᠭᠡᠵᠢᠯ ᠤᠨ ᠪᠣᠯᠪᠠᠰᠤᠷᠠᠯ᠂ ᠢᠳᠠᠪᠭᠢᠳᠠᠨ ᠪᠠᠭᠰᠢ ᠨᠡᠷ ᠤᠨ ᠰᠤᠷᠤᠯᠴᠠᠯᠭ᠎ᠠ᠂ ᠵᠢᠭᠠᠨ ᠰᠤᠷᠭᠠᠯᠳᠠ ᠶᠢᠨ ᠨᠡᠭᠡᠭᠡᠯᠳᠤ ᠡᠳᠦᠷ ᠤᠨ ᠭᠦᠳᠡᠯᠭᠡᠭᠡᠨ᠂ ᠬᠤᠤᠰ ᠭᠡᠯᠡᠨ ᠤ ᠥᠭᠡᠷᠡᠴᠢᠯᠡᠯᠳᠡ ᠶᠢᠨ ᠰᠤᠳᠤᠯᠤᠯᠳᠠ ᠵᠡᠷᠭᠡ ᠠᠯᠢ ᠣᠯᠠᠨ ᠰᠤᠷᠤᠯᠴᠠᠯᠭ᠎ᠠ ᠪᠣᠯᠪᠠᠰᠤᠷᠠᠯ ᠳᠤ ᠳᠤᠮᠢᠯᠠᠨ ᠢᠳᠠᠪᠭᠢᠳᠠᠢ ᠣᠷᠤᠯᠴᠠᠭᠤᠯᠵᠤ᠂ ᠰᠢᠨ᠎ᠠ ᠭᠢᠴᠢᠶᠠᠯ ᠤᠨ ᠰᠢᠨ᠎ᠠ ᠰᠤᠷᠠᠭ ᠵᠠᠩᠭᠢ ᠶᠢ ᠴᠠᠭ ᠳᠤᠬᠠᠢ ᠳ᠋ᠤᠨᠢ ᠦᠪᠡᠷ ᠤᠨ ᠰᠤᠷᠭᠠᠭᠤᠯᠢ ᠳᠤ ᠪᠠᠨ ᠠᠪᠴᠢᠷᠠᠨ᠂ ᠰᠤᠷᠭᠠᠭᠤᠯᠢ ᠶᠢᠨ ᠪᠣᠳᠠᠳᠠᠢ ᠲᠡᠶ ᠪᠠᠨ ᠳᠤᠭᠢᠷᠠᠬᠣᠢ᠌ᠴᠠ ᠰᠤᠷᠤᠯᠴᠠᠯᠭ᠎ᠠ ᠰᠤᠳᠤᠯᠤᠯᠳᠠ ᠶᠢ ᠣᠯᠠᠠᠳᠠ ᠦᠷᠨᠢᠭᠦᠯᠪᠡ᠃

     (2) ᠰᠤᠳᠤᠯᠤᠯᠳᠠ ᠪᠠᠷ ᠶᠠᠰᠤ ᠴᠢᠨᠠᠷ ᠢ ᠳᠡᠭᠡᠭ᠍ᠰᠢᠯᠡᠭᠦᠯᠭᠦ ᠬᠠᠯᠠᠭᠤᠨ ᠦᠷᠨᠢᠯᠳᠠ ᠶᠢ ᠪᠣᠢ ᠪᠣᠯᠭᠠᠪᠠ᠃

     ᠬᠤᠰᠢᠭᠤᠨ ᠤ ᠵᠢᠭᠠᠬᠤ ᠶᠢ ᠰᠤᠳᠤᠯᠬᠤ ᠭᠡᠷ ᠡᠴᠡ ᠳᠤᠭᠳᠠᠭᠠᠭᠰᠠᠨ ᠪᠠᠭᠰᠢ ᠶᠢᠨ 《ᠠᠷᠪᠠᠨ ᠨᠢᠭᠡ》 ᠶ᠋ᠢᠨ ᠭᠦᠳᠡᠯᠭᠡᠭᠡᠨ ᠢ ᠰᠤᠷᠭᠠᠭᠤᠯᠢ ᠶᠢᠨ ᠪᠣᠳᠠᠳᠠᠢ ᠲᠡᠶ ᠪᠠᠨ ᠣᠶᠠᠯᠳᠤᠭᠤᠯᠤᠨ ᠭᠡᠷᠡᠭ᠍ᠵᠢᠭᠦᠯᠵᠤ᠂ ᠪᠠᠭᠰᠢ ᠨᠡᠷ ᠤᠨ ᠵᠢᠭᠠᠨ ᠰᠤᠷᠭᠠᠬᠤ ᠥᠢᠯᠡᠳᠦᠯᠭᠡ ᠶᠢᠨ ᠳᠤᠮᠳᠠᠭᠢ ᠦᠷᠭᠡᠨ ᠭᠡᠪᠴᠢᠶᠡᠨ ᠤ ᠪᠣᠯᠪᠠᠰᠤᠷᠠᠯ ᠰᠤᠳᠤᠯᠤᠯᠭ᠎ᠠ ᠶᠢ ᠦᠷᠨᠢᠭᠦᠯᠵᠡᠢ᠃ ᠳᠤᠬᠠᠢ᠌ᠯᠠᠪᠠᠯ᠄ ① ᠭᠢᠴᠢᠶᠠᠯ ᠳᠠᠭᠠᠭᠠᠴᠢᠯᠠᠭᠴᠢ ᠨᠢᠭᠡᠪᠦᠷᠢ ᠭᠠᠷᠠᠭ ᠲᠤ ᠨᠢᠭᠡ ᠬᠤᠪᠢ ᠳᠤᠬᠠᠢ᠌ᠯᠠᠭᠰᠠᠨ ᠠᠵᠢᠯ ᠤᠨ ᠬᠠᠮᠢᠶ᠎ᠠ ᠪᠦᠭᠦᠢ ᠨᠤᠮ ᠰᠡᠳᠭᠦᠯ ᠣᠩᠰᠢᠬᠤ ② ᠨᠢᠭᠡᠴᠡ ᠪᠦᠷᠢ ᠳᠤ ᠨᠢᠭᠡ ᠭᠢᠴᠢᠶᠡᠯᠯᠡᠭᠡ ᠶᠢ ᠨᠠᠷᠢᠯᠢᠭ ᠪᠡᠯᠡᠳᠭᠡᠭᠦ ③ ᠰᠠᠷ᠎ᠠ ᠳᠤ ᠨᠢᠭᠡ ᠬᠤᠪᠢ ᠵᠢᠭᠠᠨ ᠰᠤᠷᠭᠠᠯᠳᠠ ᠶᠢᠨ ᠡᠷᠭᠢᠴᠡᠭᠦᠯᠦᠯ ᠪᠢᠴᠢᠭᠦ ④ ᠬᠤᠭᠤᠴᠠᠭ᠎ᠠ ᠳᠤ ᠨᠢᠭᠡ ᠬᠤᠪᠢ ᠭᠢᠴᠢᠶᠠᠯ ᠶᠠᠷᠢᠬᠤ ᠨᠤᠤᠷᠠᠭ ᠪᠡᠯᠡᠳᠭᠡᠭᠦ ⑤ ᠬᠤᠭᠤᠴᠠᠭ᠎ᠠ ᠪᠦᠷᠢ ᠠᠳᠠᠭ ᠲᠠᠭᠠᠨ ᠨᠢᠭᠡ ᠣᠳᠠᠭᠠᠨ ᠤ ᠰᠢᠯᠢᠳᠡᠭ᠌ ᠭᠢᠴᠢᠶᠡᠯᠯᠡᠭᠡ ᠶᠢᠨ ᠪᠣᠳᠠᠳᠤ ᠰᠢᠩᠭᠡᠭᠡᠯᠳᠡ ᠶᠢ ᠦᠵᠡᠵᠤ ᠰᠤᠷᠬᠤ ⑥ ᠬᠤᠭᠤᠴᠠᠭ᠎ᠠ ᠪᠦᠷᠢ ᠨᠢᠭᠡ ᠬᠤᠪᠢ ᠭᠢᠴᠢᠶᠡᠯᠯᠡᠭᠡ ᠶᠢᠨ ᠵᠢᠭᠠᠨ ᠰᠤᠷᠭᠠᠯᠳᠠ ᠶᠢᠨ ᠦᠨᠡᠯᠠᠯᠳᠠ ᠪᠢᠴᠢᠭᠦ ⑦ ᠬᠤᠭᠤᠴᠠᠭ᠎ᠠ ᠪᠦᠷᠢ ᠨᠢᠭᠡ ᠬᠤᠪᠢ ᠵᠢᠭᠠᠨ ᠰᠤᠷᠭᠠᠯᠳᠠ ᠶᠢᠨ ᠣᠯᠤᠯᠳᠠ (ᠪᠣᠶᠤ ᠳᠦᠷᠦᠭ᠍ᠳᠡᠯ) ᠪᠢᠴᠢᠭᠦ ⑧ ᠬᠤᠭᠤᠴᠠᠭ᠎ᠠ ᠪᠦᠷᠢ ᠨᠢᠭᠡ ᠬᠤᠪᠢ ᠵᠢᠭᠠᠨ ᠰᠤᠷᠭᠠᠬᠤ ᠳᠤᠷᠰᠢᠯᠭ᠎ᠠ ᠶᠢᠨ ᠮᠠᠲ᠋ᠸᠷᠢᠶᠠᠯ ᠪᠡᠯᠡᠳᠭᠡᠵᠤ ᠳᠤᠷᠰᠢᠯᠭ᠎ᠠ ᠰᠤᠯᠢᠯᠴᠠᠬᠤ ᠬᠤᠷᠠᠯ ᠳᠤ ᠣᠷᠤᠯᠴᠠᠬᠤ ⑨ ᠬᠤᠭᠤᠴᠠᠭ᠎ᠠ ᠪᠦᠷᠢ ᠨᠢᠭᠡ ᠣᠳᠠᠭᠠᠨ ᠤ ᠢᠯᠠ ᠭᠢᠴᠢᠶᠡᠯᠯᠡᠭᠡ ᠨᠡᠭᠡᠭᠡᠭᠦ ⑩ ᠰᠤᠷᠤᠯᠭ᠎ᠠ ᠶᠢᠨ ᠵᠢᠯ ᠳᠤ ᠨᠢᠭᠡ ᠳᠦᠷᠤᠯ ᠤᠨ ᠳᠤᠰᠬᠠᠢ ᠰᠠᠳᠤᠪ ᠤᠨ ᠰᠤᠳᠤᠯᠭᠠᠨ ᠭᠢᠵᠤ᠂ ᠨᠢᠭᠡ ᠬᠤᠪᠢ ᠰᠤᠳᠤᠯᠤᠯᠳᠠ ᠶᠢᠨ ᠥᠭᠦᠯᠡᠯ ᠪᠢᠴᠢᠭᠦ ᠵᠡᠷᠭᠡ ᠪᠣᠯᠤᠨ᠎ᠠ᠃ ᠳᠡᠭᠡᠷ᠎ᠡ ᠳᠤᠷᠠᠳᠤᠭᠰᠠᠨ 《ᠠᠷᠪᠠᠨ ᠨᠢᠭᠡ》 ᠶ᠋ᠢᠨ ᠭᠦᠳᠡᠯᠭᠡᠭᠡᠨ ᠶᠢᠡᠷ ᠳᠠᠮᠵᠢᠨ ᠪᠠᠭᠰᠢ ᠨᠡᠷ ᠤᠨ ᠵᠢᠭᠠᠨ ᠰᠤᠳᠤᠯᠤᠯ ᠤᠨ ᠣᠷᠭᠢᠯᠤᠮ᠎ᠠ ᠬᠠᠯᠠᠭᠤᠨ ᠬᠠᠢ᠌ᠷ᠎ᠠ ᠰᠡᠳᠬᠢᠯᠭᠡ ᠶᠢ ᠭᠦᠭ᠍ᠵᠢᠭᠡᠵᠤ᠂ ᠰᠢᠠᠳᠠᠷᠠᠰᠢ ᠦᠭᠡᠶ ᠰᠤᠳᠤᠯᠤᠨ ᠬᠠᠯᠠᠰᠢᠷᠠᠰᠢ ᠦᠭᠡᠶ ᠵᠢᠭᠠᠬᠤ ᠭᠡᠪ ᠰᠤᠷᠳᠠᠯ ᠢ ᠰᠠᠢ᠌ᠵᠢᠷᠠᠭᠤᠯᠤᠨ᠂ ᠣᠳᠠᠭᠠᠨ ᠳᠠᠭᠠᠭᠠᠮᠠᠭᠠᠢ ᠣᠷᠤᠯᠳᠤᠯᠭ᠎ᠠ ᠰᠤᠳᠤᠯᠤᠯᠳᠠ ᠡᠴᠡ ᠵᠢᠭᠠᠨ ᠰᠤᠷᠭᠠᠬᠤ ᠶᠠᠰᠤ ᠴᠢᠨᠠᠷ ᠤᠨ ᠳᠡᠭᠡᠭ᠍ᠰᠢᠯᠡᠯᠳᠡ ᠶᠢ ᠠᠭᠢᠭᠤᠯᠤᠭᠰᠠᠨ ᠪᠠᠢ᠌ᠨ᠎ᠠ᠃


ᠵᠤᠬᠢᠶᠠᠭᠴᠢ ᠶᠢᠨ ᠬᠠ‍‌ᠶᠢᠭ ᠄ ᠲᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠬᠠᠷᠠᠠᠤᠰᠤ ᠭᠤᠤᠯ ᠰᠤᠷᠭᠠᠭᠠᠤᠯᠢ

ᠵᠤᠬᠢᠶᠠᠭᠴᠢ᠄ ᠨᠠᠰᠤᠨ᠊‍᠌ᠦ᠌ᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3160
ᠴᠠᠭ᠄ 2011 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ