ᠨᠡᠪᠲᠡᠷᠡᠨ ᠤᠷᠤᠬᠤ
ᠵᠠᠭᠤᠨ ᠰᠤᠠᠳᠠᠯᠠᠭᠰᠠᠨ ᠵᠤᠪᠠᠭᠤᠷᠢᠯᠠᠯ
《 ᠮᠤᠩᠭ᠋ᠤᠯ ᠭᠦᠮᠤᠨ ᠬᠤᠨᠢ ᠰᠢᠭ᠌ ᠨᠤᠮᠤᠬᠠᠨ ᠪᠣᠯᠵᠠᠢ 》 ᠭᠡᠳᠡᠭ᠌ ᠡᠴᠡ ᠳᠦᠷᠦᠭ᠍ᠳᠡᠭ᠍ᠰᠡᠨ ᠨᠢ

《ᠪᠣᠮᠠ ᠪᠣᠵᠢᠭᠢᠨᠠᠵᠤ᠂ ᠲᠦᠮᠡ ᠳᠦᠴᠢᠭᠢᠨᠡᠭ᠍ᠰᠡᠨ》ᠪᠦᠳᠤᠨ ᠪᠦᠮᠪᠦᠷᠴᠡᠭ᠌ ᠤᠨ ᠣᠯᠠᠨ ᠲᠡᠶ ᠬᠠᠮᠳᠤ᠂ ᠮᠤᠡᠭᠭᠤᠯ ᠣᠭᠰᠠᠭᠠᠳᠠᠨ ᠥᠨᠳᠤᠰᠤᠳᠡᠨ ᠮᠢᠨᠢ ᠬᠤᠷᠢᠨ ᠨᠢᠭᠡᠳᠦᠭᠡᠷ ᠵᠠᠭᠤᠨ ᠤ ᠬᠤᠩᠬ᠎ᠠ ᠶᠢ ᠴᠤᠭᠢᠵᠤ᠂ ᠬᠠᠳᠠᠪᠴᠢ ᠶᠢ ᠨᠢ ᠠᠯᠬᠤᠯᠡᠨ᠎ᠡ᠃

ᠪᠠᠷᠠᠯᠠᠨ ᠬᠠᠷᠠᠬᠤᠯ᠎ᠠ᠂ ᠢᠷᠡᠭᠡᠳᠦᠢ ᠭᠡᠭ᠍ᠴᠢ ᠭᠡᠭᠡᠨ ᠰᠠᠷᠠᠭᠤᠯ ᠶᠤᠮ᠂ ᠮᠤᠩᠭ᠋ᠤᠯ ᠭᠦᠮᠤᠨ ᠤ ᠢᠷᠡᠭᠡᠳᠦᠢ ᠳᠤᠪ ᠳᠤᠳᠤᠷᠬᠠᠢ ᠪᠠᠢ᠌ᠨ᠎ᠠ᠂ ᠪᠣᠴᠠᠭᠠᠤᠨ ᠬᠣᠢ᠌ᠰᠢ ᠥᠵᠡᠭᠦᠯ᠎ᠡ ᠪᠠᠭᠯᠠᠷᠠᠨ ᠭᠡᠢ᠌ᠰᠦᠭ᠍ᠰᠡᠨ ᠡᠯᠡᠰᠤᠨ ᠰᠢᠭᠤᠷᠭ᠎ᠠ ᠶᠢᠨ ᠳᠤᠮᠳᠠ ᠠᠷᠪᠠᠨ ᠭᠤᠷᠪᠠᠳᠤᠭᠠᠷ ᠵᠠᠭᠤᠨ ᠤ ᠠᠭᠳᠠ ᠶᠢᠨ ᠳᠤᠭᠤᠰᠤ ᠪᠠᠰᠠ ᠴᠤ ᠳᠤᠳᠤᠬᠠᠨ᠃

ᠪᠦᠭᠦᠢ᠌ᠯᠡ ᠨᠢᠭᠡ ᠵᠠᠭᠤᠨ ᠤ ᠳᠤᠷᠰᠢ ᠪᠦᠮᠪᠦᠷᠴᠡᠭ᠌ ᠤᠨ ᠳᠠᠯ᠎ᠠ ᠶᠢ ᠡᠵᠡᠯᠡᠵᠤ᠂ ᠰᠦᠷ ᠬᠦᠴᠤᠨ᠂ ᠪᠠᠭᠠᠳᠤᠷ ᠵᠤᠷᠢᠭ᠂ ᠣᠬᠠᠭᠠᠨ ᠪᠢᠯᠢᠭ᠌ ᠶᠢᠡᠷ ᠪᠦᠭᠦᠳᠡ ᠶᠢ ᠵᠡᠬᠢᠷᠤᠨ ᠶᠠᠪᠣᠭᠰᠠᠨ ᠣᠮᠤᠷᠬᠠᠭ ᠣᠭᠰᠠᠭᠠᠳᠠᠨ ᠤ ᠳᠡᠦᠭᠡ ᠶᠢᠨ ᠵᠠᠢ ᠡᠴᠡ ᠪᠥᠮᠪᠤᠷᠢᠨ ᠢᠷᠡᠭᠰᠡᠨ ᠮᠤᠩᠭ᠋ᠤᠯᠴᠤᠳ ᠤᠳᠤᠬᠠᠨ ᠶᠠᠮᠠᠷ ᠪᠤᠯᠵᠤ ᠪᠠᠢ᠌ᠨ᠎ᠠ ᠪᠢᠯᠡ⁈ ᠶᠤᠰᠤᠳᠠᠢ《ᠴᠢᠮᠠᠢ᠌ ᠪᠢ ᠭᠦᠩᠭᠡᠯᠡᠭᠡᠤᠨ ᠳᠠᠯᠪᠢᠴᠢᠬᠠᠶ᠎ᠠ ᠭᠦ᠋ ︕》ᠭᠡᠭᠦᠯᠡᠷ《ᠴᠢ ᠮᠠᠭᠤ ᠭᠦᠩᠭᠡᠯᠡᠯ᠎ᠡ ᠳ᠋ᠠ ᠭᠡᠵᠤ ᠬᠠᠰᠭᠢᠷᠤᠭᠠᠤᠨ ᠪᠢ ᠭᠡᠩ ᠭᠡᠭᠦ ᠦᠭᠡᠶ᠂ ᠢᠰᠢᠭᠡ ᠰᠢᠭ᠌ ᠴᠢᠷᠠᠢ᠌ᠯᠡᠬᠤ ᠦᠭᠡᠶ᠂ ᠬᠤᠷᠠᠭ᠎ᠠ ᠰᠢᠭ ᠪᠣᠰᠤᠭᠠᠤᠨ ᠶᠠᠪᠣᠴᠢᠬᠠᠨ᠎ᠠ ᠭᠡᠵᠤ ᠳᠤᠳᠤᠷ᠎ᠠ ᠪᠠᠨ ᠰᠡᠮᠡᠭᠡᠷ ᠪᠣᠳᠤᠵᠠᠢ》ᠭᠡᠮᠡᠨ ᠨᠢᠭᠡᠨ ᠵᠤᠬᠢᠶᠠᠯ ᠳᠤ ᠭᠠᠷᠳᠠᠭ ᠰᠢᠭ ᠭᠦᠩᠭᠡᠯᠡᠭᠡᠤᠨ ᠳᠠᠯᠪᠢᠭᠰᠠᠨ ᠴᠤ ᠴᠢᠷᠠᠢ᠌ᠯᠠᠵᠤ ᠡᠰᠡᠷᠭᠦᠴᠡᠭᠦ ᠦᠭᠡᠶ᠂ ᠭᠦᠳᠦᠯᠦᠭᠡᠤᠨ ᠭᠠᠷᠪᠠᠯ ᠳᠠᠭᠠᠭᠠᠤᠨ ᠱᠤᠭᠰᠢᠳᠠᠭ ᠭᠦᠭᠡᠷᠦᠭᠦᠢ ᠨᠤᠮᠤᠬᠠᠨ ᠢᠷᠭᠡᠤᠨ ᠪᠣᠯᠵᠠᠢ᠃

ᠶᠠᠭᠠᠭᠢᠭᠠᠤᠨ ᠡᠢ᠌ᠮᠤ ᠪᠣᠯᠴᠢᠬᠠᠪᠠ᠃ ᠳᠠᠳᠠᠨ ᠳᠤ ᠪᠠᠭᠠᠳᠤᠷ ᠵᠤᠷᠢᠭ ᠦᠭᠡᠶ ᠪᠣᠯᠴᠢᠬᠠᠪᠠ ᠦᠦ︖ ᠳᠠᠳᠠᠨ ᠤ ᠪᠢᠯᠢᠭ᠌ ᠣᠬᠠᠭᠠᠨ ᠪᠢᠳᠡᠭᠦᠷᠡᠴᠢᠭᠡᠭ᠍ᠰᠡᠨ ᠦᠦ︖ ᠳᠠᠢ᠌ᠮᠤ ᠪᠢᠰᠢ ᠰᠢᠭ ᠡ ︕ ᠨᠠᠷᠢᠪᠴᠢᠯᠠᠨ ᠪᠣᠳᠤᠬᠤᠯ᠎ᠠ᠂ ᠠᠯᠳᠠᠨ ᠨᠠᠷᠠᠨ ᠤ ᠰᠠᠴᠤᠷᠠᠯ᠂ ᠠᠶᠤᠩᠭ᠎ᠠ ᠴᠠᠭᠢᠯᠭᠠᠨ ᠤ ᠭᠢᠯᠪᠠᠭᠡᠨ ᠰᠢᠭ᠌ ᠠᠷᠪᠠᠨ ᠭᠤᠷᠪᠠᠳᠤᠭᠠᠷ ᠵᠠᠭᠤᠨ ᠡᠴᠡ ᠬᠣᠢ᠌ᠰᠢᠭᠢ ᠣᠯᠠᠨ ᠵᠠᠭᠤᠨ ᠨᠤᠭᠤᠳ ᠢ ᠥᠵᠡᠭᠡᠴᠢ ᠳ᠋ᠠ᠂ ᠭᠦᠭᠡᠷᠦᠭᠦᠢ ᠮᠠᠨ ᠤ ᠮᠤᠩᠭ᠋ᠤᠯ ᠭᠦᠮᠤᠨ ᠶᠠᠭᠤ ᠡᠰᠡ ᠥᠩᠭᠡᠷᠡᠭᠦᠯᠦᠭ᠍ᠰᠡᠨ ᠦᠭᠡᠶ ᠪᠣᠢ ︖

ᠮᠢᠩ ᠭᠦᠷᠤᠨ ᠤ ᠡᠵᠡᠯᠡᠭ᠍ᠰᠡᠨ ᠭᠤᠷᠪᠠᠨ ᠵᠠᠭᠤ ᠰᠢᠬᠠᠮ ᠵᠢᠯ ᠳᠤ᠂ ᠮᠤᠩᠭ᠋ᠤᠯᠴᠤᠳ ᠳᠡᠭᠡᠷᠡᠮᠳᠡᠯᠭᠡ ᠰᠢᠳᠠᠭᠠᠯᠭ᠎ᠠ᠂ ᠠᠯᠠᠯᠭ᠎ᠠ ᠭᠢᠳᠤᠯᠭ᠎ᠠ ᠶᠢᠨ ᠬᠠᠪᠴᠢᠯ ᠳᠠᠷᠤᠯᠠᠯ ᠁ ᠶᠠᠭᠤ ᠪᠦᠭᠦᠨ ᠢ ᠳᠠᠰᠴᠤ ᠳᠤᠭᠤᠯᠤᠭᠠᠤᠨ᠂ ᠴᠢᠩ ᠭᠦᠷᠤᠨ ᠤ ᠡᠵᠡᠯᠡᠭ᠍ᠰᠡᠨ ᠭᠤᠷᠪᠠᠨ ᠵᠠᠭᠤ ᠰᠢᠬᠠᠮ ᠵᠢᠯ ᠳᠤ᠂ ᠪᠠᠰᠠ ᠯᠠ ᠪᠦᠮᠪᠦᠷᠴᠡᠭ᠌ ᠤᠨ ᠣᠯᠠᠨ ᠲᠡᠶ ᠬᠠᠮᠳᠤ ᠪᠦᠮᠪᠦᠷᠢᠭᠡᠤᠨ ᠣᠷᠤᠭᠰᠠᠨ ᠰᠠᠨ᠂ ᠡᠨᠡ ᠭᠤᠷᠪᠠᠨ ᠵᠡᠭᠤ ᠰᠢᠬᠠᠮ ᠵᠢᠯ ᠳᠤ ᠮᠤᠩᠭ᠋ᠤᠯᠴᠤᠳ ᠶᠠᠭᠤ ᠡᠰᠡ ᠥᠵᠡᠭ᠍ᠰᠡᠨ ᠦᠭᠡᠶ ᠪᠣᠢ ︖ ᠡᠨᠡ ᠳᠤᠬᠠᠢ ᠵ᠊ • ᠫᠦᠷᠪᠦ ᠭᠤᠸᠠᠢ ᠶᠢᠨ ᠳᠡᠦᠭᠡᠨ ᠰᠠᠳᠤᠪᠳᠤ ᠷᠤᠮᠠᠨ ᠨᠤᠭᠤᠳ ᠢ ᠣᠩᠰᠢᠭᠠᠴᠢ ︕《ᠭᠡᠮᠰᠢᠯ ᠣᠬᠠᠭᠠᠷᠠᠯ》 ᠤᠨ ᠨᠢᠯᠪᠣᠰᠤᠳᠤ ᠰᠢᠯᠦᠭ᠌ ᠶᠢᠡᠨ ᠣᠶᠠᠩᠭ᠋ᠠᠯᠠᠵᠤ᠂《ᠮᠠᠨᠠᠨ ᠪᠣᠳᠠᠩ》 ᠳᠤ ᠳᠦᠭᠡᠷᠢᠵᠤ ᠳᠠᠨᠤᠵᠤ᠂ ᠡ᠊ᠡᠳᠡ ᠡᠷᠭᠢ ᠮᠥᠷᠭᠦᠵᠤ ᠳᠠᠠᠳᠠ ᠳᠡᠷᠭᠡ ᠮᠥᠷᠭᠦᠨ ᠳᠠᠩᠰᠢᠵᠤ᠂《ᠵᠢᠷᠦᠭᠡᠨ ᠤ ᠭᠢᠯᠢᠩ》 ᠶᠢᠡᠷ ᠴᠡᠭᠡᠵᠢᠨ ᠡᠴᠡ ᠪᠠᠨ ᠴᠢᠰᠤ ᠠᠮᠳᠠᠳᠠᠯ᠎ᠠ ᠬᠤᠷᠤᠰᠴᠤ᠂《ᠠᠶᠤᠩᠭ᠎ᠠ》 ᠶᠢᠨ ᠨᠥᠷᠭᠢᠯᠭᠡᠨ ᠳᠤ《ᠪᠣᠷᠵᠢᠨ ᠴᠤᠭᠢᠶ᠎ᠠ ᠳᠤᠷᠭᠢᠳᠠᠯ᠎ᠠ》ᠳᠡᠩᠰᠡᠯᠭᠡᠭ᠍ᠳᠡᠭ᠍ᠰᠡᠭᠡᠷ《ᠥᠭᠡᠷ ᠵᠢᠯ ᠤᠨ ᠥᠢᠮᠡᠭᠡᠨ 》 ᠶᠢᠡᠷ ᠦᠪᠡᠷ ᠶᠢᠡᠨ ᠳᠠᠭᠢᠭᠠᠤᠨ 《ᠣᠯᠤᠰ》 ᠭᠡᠭ᠍ᠳᠡᠭᠦ ᠪᠣᠯᠤᠭᠰᠠᠨ ᠴᠤ᠂ ᠣᠢ᠌ᠷᠤᠪ ᠴᠣᠢ᠌ᠷᠤᠪ ᠳᠠᠰᠤᠷᠠᠭᠠᠤᠨ᠂ ᠡᠮᠦᠨᠡᠰᠢ ᠣᠷᠤᠭᠰᠠᠨ ᠮᠠᠨᠤᠰ ᠬᠠᠷᠢᠨ ᠢᠷᠭᠡᠨ ᠭᠦᠮᠤᠨ ᠤ ᠭᠢᠳᠤᠯᠭ᠎ᠠ ᠳᠠᠷᠤᠯᠠᠯ ᠂ ᠪᠣᠯᠢᠶᠠᠯᠭ᠎ᠠ ᠳᠡᠭᠡᠷᠡᠮᠳᠡᠯᠭᠡ ᠶᠢᠨ ᠥᠷᠡᠭ᠍ᠳᠡᠯ ᠪᠣᠯᠵᠠᠢ᠃ ᠳᠡᠭᠡᠭᠡᠤᠨ ᠬᠠᠯᠠᠭᠤᠨ ᠭᠦᠢᠳᠡᠨ ᠤ ᠵᠠᠭᠠᠭ ᠳᠡᠭᠡᠷ᠎ᠡ ᠬᠠᠪᠴᠢᠭᠳᠠᠵᠤ ᠪᠦᠮᠪᠦᠷᠢᠵᠤ ᠶᠠᠪᠣᠭᠰᠠᠭᠠᠷ ᠬᠠᠷᠢᠨ《ᠳᠡᠭᠡᠷ᠎ᠡ ᠪᠠᠨ ᠳᠠᠷᠤᠯᠠᠯ ᠦᠭᠡᠶ᠂ ᠳᠡᠷᠭᠡᠳᠡ ᠪᠠᠨ ᠮᠦᠯᠵᠢᠯ ᠦᠭᠡᠶ》ᠨᠡᠢ᠌ᠭᠡᠮ ᠵᠢᠷᠤᠮ ᠤᠨ ᠰᠢᠨ᠎ᠠ ᠨᠡᠢ᠌ᠭᠡᠮ ᠳᠤ᠄ 《ᠦᠨᠳᠦᠰᠦᠳᠠᠨ ᠪᠦᠭᠦᠨ ᠡᠷᠭᠡ ᠳᠡᠭ᠍ᠰᠢ》 ᠶᠢᠨ ᠦᠨᠳᠦᠷ ᠣᠯᠠᠭᠠᠨ ᠳᠤᠭ ᠤᠨ ᠳᠤᠤᠷ᠎ᠠ《ᠶᠡᠭᠡ ᠥᠰᠦᠷᠦᠩᠭᠦᠢ ᠳᠠᠪᠰᠢᠯᠳᠡ》ᠰᠢᠨ᠎ᠠ ᠳᠤᠮᠳᠠᠳᠤ ᠣᠯᠤᠰ ᠶᠢᠡᠨ ᠪᠠᠢ᠌ᠭᠤᠯᠬᠤ ᠶᠢᠨ ᠳᠦᠯᠦᠭᠡ᠂ ᠪᠦᠭᠦ ᠣᠯᠤᠰ ᠤᠨ ᠠᠷᠠᠤᠨ ᠲᠦᠮᠡᠨ ᠲᠡᠶ ᠬᠠᠮᠳᠤ ᠮᠦᠷᠤ ᠵᠡᠷᠭᠡᠴᠡᠨ ᠳᠠᠮᠠᠴᠠᠵᠤ ᠶᠠᠪᠣᠭᠰᠠᠭᠠᠷ 《ᠰᠤᠶᠤᠯ ᠤᠨ ᠬᠤᠪᠢᠰᠬᠠᠯ》 ᠤᠨ ᠳᠤᠭᠰᠢᠨ ᠰᠢᠭᠤᠷᠭᠠᠨ ᠳᠤ ᠰᠤᠬᠤᠷ ᠮᠤᠬᠤᠷ ᠶᠢᠡᠷ ᠪᠠᠯᠪᠠᠭᠤᠯᠵᠤ ᠠᠪᠣᠭᠠᠤᠨ᠂ ᠰᠤᠭᠳᠤᠭᠤ ᠪᠠᠷ ᠠᠭᠠᠰᠢᠯᠠᠭᠠᠤᠨ᠂ ᠨᠠᠪᠰᠢᠷᠠᠳᠠᠯ᠎ᠠ ᠵᠠᠠᠴᠢᠭᠤᠯᠤᠭᠰᠠᠨ ᠠᠷᠢᠭᠢᠴᠢᠨ ᠡᠷ᠎ᠡ ᠰᠢᠭ᠌ ᠳᠠᠠᠳᠠᠷᠭᠢᠯᠠᠵᠤ ᠶᠠᠪᠣᠭᠰᠠᠭᠠᠷ《ᠥᠭᠡᠷᠡᠴᠢᠯᠡᠯᠳᠡ ᠨᠡᠭᠡᠭᠡᠯᠳᠡ 》 ᠶᠢᠨ ᠰᠢᠨ᠎ᠠ ᠡᠷᠡᠨ ᠳᠤ ᠨᠥᠷᠢᠨ ᠤᠷᠤᠪᠡ᠃

ᠨᠤᠮᠤᠬᠠᠷᠠᠬᠤ ᠦᠭᠡᠶ ᠶᠠᠭᠠᠭᠢᠬᠤ ᠪᠣᠢ ︖ ᠭᠡᠳᠤᠨ ᠵᠠᠭᠤᠨ ᠤ ᠳᠤᠷᠰᠢᠳᠠ ᠬᠠᠪᠳᠠᠭᠠᠢ᠌ᠯᠠᠭᠳᠠᠵᠤ ᠪᠦᠮᠪᠦᠭᠡᠯᠡᠭ᠍ᠳᠡᠵᠤ ᠶᠠᠪᠣᠭᠰᠠᠭᠠᠷ᠂ ᠡᠯᠡ ᠬᠠᠯᠠ᠂ ᠡᠯᠳᠡᠪ ᠳᠤᠷᠤᠮᠵᠢᠯᠠᠯ ᠡᠴᠡ ᠴᠢᠨᠠᠭᠰᠢ᠂ ᠵᠤᠷᠢᠯᠭ᠎ᠠ ᠲᠡᠶ᠂ ᠳᠦᠯᠦᠪᠯᠡᠭᠡ ᠲᠡᠶ ᠳᠥᠷᠢᠯᠳᠡ ᠳᠤ《ᠪᠠᠯᠴᠢᠭᠡᠷ ᠢ ᠨᠢ ᠭᠠᠯᠪᠠᠬᠤ᠂ ᠠᠳᠤᠭᠤ ᠶᠢ ᠨᠢ ᠭᠦᠭᠡᠭᠡᠭᠦ》᠂ 《ᠡᠭᠦᠷ ᠢ ᠨᠢ ᠠᠭᠤᠳᠠᠯᠠᠬᠤ᠂ ᠭᠦᠮᠤᠨ ᠢ ᠨᠢ ᠬᠤᠷᠤᠭᠠᠬᠤ》᠂《ᠰᠤᠶᠤᠯ ᠢ ᠨᠢ ᠣᠰᠠᠤᠠᠬᠠᠬᠤ᠂ ᠳᠡᠦᠭᠡ ᠶᠢ ᠨᠢ ᠪᠠᠯᠠᠯᠬᠤ》ᠮᠠᠳᠤ ᠶᠢᠨ ᠬᠠᠷᠭᠢᠰ ᠵᠢᠷᠭᠤᠭᠠᠨ ᠪᠣᠳᠤᠯᠭ᠎ᠠ ᠪᠠ《ᠠᠷᠪᠠᠨ ᠲᠦᠮᠡᠨ ᠴᠡᠷᠢᠭ᠌ ᠳᠠᠢ᠌ᠴᠢᠯᠠᠬᠤ ᠶᠢᠨ ᠣᠷᠤᠨ ᠳᠤ ᠠᠷᠪᠠᠨ ᠰᠦᠮ᠎ᠡ ᠪᠠᠢ᠌ᠭᠤᠯᠪᠠᠯ ᠠᠮᠠᠷᠬᠠᠨ ᠦᠨᠳᠦᠰᠦ ᠨᠢ ᠳᠠᠰᠤᠷᠠᠬᠤ 》 ᠁ ᠮᠠᠳᠤ ᠶᠢᠨ ᠰᠤᠨᠭᠢᠭ᠍ᠳᠡᠰᠢ ᠦᠭᠡᠶ ᠪᠣᠵᠠᠷ ᠮᠠᠭᠤᠬᠠᠢ ᠪᠣᠳᠤᠯᠭ᠎ᠠ᠂ ᠳᠠᠯᠭᠢᠭᠳᠠᠯ ᠳᠠᠷᠤᠯᠠᠯ ᠢ ᠳᠠᠰᠴᠤ ᠳᠤᠭᠤᠯᠤᠭᠠᠤᠨ ᠣᠳᠤ ᠳᠤ ᠭᠦᠷᠴᠤ ᠢᠷᠡᠭ᠍ᠰᠡᠨ ᠦᠨᠳᠦᠰᠦᠳᠠᠨ ᠨᠢᠭᠡ ᠪᠣᠳᠤᠪᠠᠯ ᠪᠠᠰᠠ ᠬᠤᠪᠣᠷᠬᠠᠨ ᠶᠤᠮ ᠡ ︕

《ᠨᠤᠮᠤᠬᠠᠨ ᠳᠡᠮᠡᠭᠡ ᠶᠢ ᠨᠤᠤᠯᠠᠬᠤ ᠳᠤ ᠰᠠᠢ᠌ᠨ᠂ ᠨᠤᠤᠰᠤ ᠶᠢ ᠨᠢ ᠠᠪᠣᠭᠠᠤᠨ ᠡᠭᠡᠷᠡᠭᠦ ᠳᠤ ᠰᠠᠢ᠌ᠨ》ᠭᠡᠭ᠍ᠴᠢ ᠪᠠᠷ ᠣᠳᠤ ᠡᠨᠡ ᠳᠤᠷᠤᠭ ᠪᠠᠶ᠎ᠠ ᠲᠡᠶ ᠨᠤᠮᠤᠬᠠᠨ ᠠᠳᠠ᠂ ᠨᠢᠭᠡ ᠭᠡᠰᠡᠭ᠌ ᠳᠠᠷᠭᠤᠨ ᠮᠢᠬ᠎ᠠ ᠊᠊᠊᠊᠊᠊᠊᠊᠊᠊᠊᠊᠊᠊᠊ ᠴᠤᠯᠤ ᠴᠠᠪᠠᠷ ᠪᠣᠭᠢᠷᠳᠤᠯ ᠦᠭᠡᠶ᠂《ᠨᠤᠭᠤᠭᠠᠨ ᠥᠩᠭᠡᠳᠤ ᠢᠳᠡᠭᠡᠨ》ᠪᠣᠯᠤᠭᠠᠤᠨ ᠪᠦᠭᠦᠨ ᠤ ᠨᠢᠳᠤ ᠶᠢ ᠪᠠᠶ᠎ᠠ ᠳᠡᠭᠡᠨ ᠳᠠᠳᠠᠵᠤ ᠪᠠᠢ᠌ᠨ᠎ᠠ᠃ ᠠᠮᠢ ᠪᠠᠨ ᠴᠦᠯᠠᠵᠤ᠂ ᠠᠯᠢᠪᠠ ᠪᠠᠨ ᠵᠤᠷᠢᠭᠤᠯᠵᠤ ᠪᠠᠢ᠌ᠭᠠᠤᠨ ᠵᠤᠭᠤᠰ ᠲᠡᠶ ᠪᠣᠯᠤᠭᠰᠠᠭᠠᠷ ᠦᠪᠣᠷ ᠮᠤᠩᠭ᠋ᠤᠯ(ᠪᠣᠶᠤ ᠠᠷᠤ ᠬᠠᠯᠬ᠎ᠠ) ᠳᠤ《ᠪᠠᠯᠠ ᠣᠷᠤᠭᠤᠯᠵᠤ᠂ ᠣᠢ᠌ᠯᠠᠤᠠᠪᠣᠷᠢ ᠪᠠᠢ᠌ᠭᠤᠯᠤᠨ᠂ ᠠᠭᠤᠷᠬᠠᠢ ᠨᠡᠭᠡᠭᠡᠵᠤ ᠵᠠᠮ ᠵᠠᠰᠠᠨ᠂ ᠡᠨ᠋ᠸᠷᠭᠢ ᠠᠰᠢᠭᠯᠠᠬᠤ 》ᠨᠢ ᠪᠦᠭᠦᠢ᠌ᠯᠡ ᠭᠦᠷᠦᠩᠭᠡᠳᠡᠨ(ᠵᠤᠭᠤᠰ ᠲᠡᠶ ᠭᠦᠮᠦᠰ ) ᠤ ᠨᠠᠢ᠌ᠳᠠ ᠶᠢᠨ ᠵᠤᠷᠢᠯᠭ᠎ᠠ ᠪᠣᠯᠵᠠᠢ᠃

ᠭᠦᠭᠡᠷᠦᠭᠦᠢ᠂ ᠳᠡᠭᠡᠭᠦᠯᠡᠷ ᠮᠠᠨ ᠤ ᠡᠨᠡᠭᠦ ᠨᠤᠮᠤᠬᠠᠨ ᠠᠳᠠ ᠮᠢᠨᠢ ᠶᠠᠭᠠᠭᠢᠵᠤ ᠪᠠᠢ᠌ᠨ᠎ᠠ ︖ ᠳᠡᠭ᠍ᠷᠢ ᠶᠢᠨ ᠭᠠᠢ᠂ ᠭᠦᠮᠤᠨ ᠤ ᠭᠠᠮᠰᠢᠭ ᠳᠡᠭ᠍ᠰᠢ ᠪᠠᠷ ᠳᠤᠰᠴᠤ᠂ ᠨᠤᠳᠤᠭ ᠪᠠᠯᠴᠢᠭᠡᠷ ᠤᠨ ᠠᠯᠢ ᠰᠠᠢ᠌ᠨ ᠂ ᠦᠩ᠍ ᠰᠢᠮᠡᠯᠢᠭ᠌ ᠨᠢ ᠳᠠᠷᠢᠶᠠᠨ ᠭᠠᠵᠠᠷ ᠪᠣᠯᠵᠤ᠂ ᠠᠠᠵᠢᠰᠤᠨ ᠬᠤᠰᠢᠭᠤᠨ ᠳᠤ ᠰᠡᠴᠢᠭᠳᠡᠭᠰᠡᠬᠡᠷ ᠪᠠᠢ᠌ᠵᠤ ᠂ ᠡᠯᠡᠰᠤᠨ ᠰᠢᠭᠤᠷᠭ᠎ᠠ ᠳᠠᠰᠤᠷᠠᠬᠤ ᠪᠠᠨ ᠪᠣᠯᠢᠯ᠎ᠠ᠃ ᠰᠠᠠᠳᠤᠷᠬᠤ ᠶᠢᠨ ᠡᠷᠭᠡᠨ ᠳᠤ ᠰᠠᠮᠪᠠᠭ᠎ᠠ ᠭᠡᠭ᠍ᠴᠢ ᠪᠠᠷ《ᠳᠠᠷᠢᠶᠠᠯᠠᠬᠤ ᠶᠢ ᠵᠤᠭᠰᠤᠭᠠᠵᠤ ᠣᠢ᠌ᠵᠢᠭᠤᠯᠬᠤ》ᠭᠡᠳᠡᠯ᠎ᠡ᠂《ᠬᠠᠰᠢᠶᠠᠯᠠᠵᠤ ᠮᠠᠯᠵᠢᠬᠤ》᠂《ᠳᠤᠭ᠎ᠠ ᠳᠤᠯᠤᠭᠠᠢ ᠪᠠᠷ ᠭᠢᠵᠠᠭᠠᠷᠯᠠᠬᠤ》ᠭᠡᠤᠨ ᠭᠦᠭᠡᠷᠦᠭᠦᠢ《ᠨᠤᠮᠤᠬᠠᠨ ᠠᠳᠠ》 ᠳᠤ ᠡᠮᠭᠦ ᠡᠪᠠᠰᠤ ᠣᠯᠵᠤ ᠢᠳᠡᠭᠦ ᠨᠢ ᠴᠤ ᠭᠦᠴᠢᠷ ᠪᠣᠯᠵᠠᠢ᠃ ᠠᠮᠢᠳᠤᠷᠠᠯ ᠤᠨ ᠨᠥᠭᠦᠴᠡᠯ ᠳᠤ ᠬᠠᠪᠴᠢᠭᠳᠠᠵᠤ ᠰᠢᠬᠠᠭᠳᠠᠵᠤ ᠪᠠᠢ᠌ᠭᠠᠤᠨ ᠬᠠᠢ᠌ᠯᠤᠭᠳᠠᠬᠤ ᠭᠡᠭ᠍ᠴᠢ ᠡᠨᠡ ᠦᠦ ᠳ᠋ᠠ ︕ ᠴᠢ ᠮᠠᠯ ᠮᠠᠯᠵᠢᠵᠤ ᠪᠣᠯᠬᠤ ᠦᠭᠡᠶ ᠶᠤᠮ ᠴᠢᠨᠢ ᠳᠠᠷᠢᠶᠠᠯᠠᠬᠤ ᠦᠭᠡᠶ ᠳᠠᠢ᠌ᠯᠤᠨ᠎ᠠ ᠦᠦ︖ ᠰᠢᠷ᠎ᠠ ᠳᠤᠰᠤ᠂ ᠬᠤᠷᠤᠳ ᠣᠯᠵᠤ ᠢᠳᠡᠭᠦ ᠦᠭᠡᠶ ᠪᠣᠯᠬᠤᠯᠠᠷ ᠪᠣᠷᠴᠠᠭ ᠤᠨ ᠰᠦᠮᠤᠰᠤ ᠣᠤᠭᠤᠬᠤ ᠦᠭᠡᠶ ᠳᠠᠰᠤᠨ᠎ᠠ ᠦᠦ︖

ᠣᠳᠤ ᠶᠠᠭᠠᠭᠢᠳᠠᠭ ᠪᠢᠯᠠ ︖ ᠭᠡᠴᠢᠨᠡᠨ ᠵᠠᠭᠤᠨ ᠤ ᠰᠠᠯᠭᠢ ᠪᠣᠷᠤᠭᠠᠨ ᠢ ᠳᠤᠭᠤᠯᠤᠨ ᠢᠷᠡᠬᠦ ᠳᠤ ᠮᠤᠩᠭ᠋ᠤᠯᠴᠤᠳ ᠲᠤ ᠮᠢᠨᠢ ᠶᠠᠭᠤ ᠶᠡᠭᠤ ᠦᠯᠠᠳᠠᠵᠤ ᠪᠠᠢ᠌ᠬᠤ ᠪᠤᠯ︖ ᠦᠪᠡᠷ ᠤᠨ ᠭᠡᠰᠡᠨ ᠥᠭᠡ ᠭᠡᠯᠡ᠂ ᠥᠰᠦᠭ᠌ ᠪᠢᠴᠢᠭ᠌᠂ ᠦᠪᠳᠠᠯ ᠴᠦᠪᠳᠠᠯ ᠳᠡᠦᠭᠡ ᠰᠤᠷᠪᠣᠯᠵᠢ ᠡᠴᠡ ᠪᠣᠰᠤᠳ ᠦᠰᠴᠦ ᠳᠦᠷᠦᠭ᠍ᠰᠡᠨ ᠨᠤᠳᠤᠭ ᠣᠰᠤ ᠪᠠᠨ ᠴᠤ ᠡᠮᠳᠡᠯᠡᠵᠤ ᠭᠡᠮᠳᠡᠯᠡᠵᠤ ᠬᠤᠳᠠᠯᠳᠤᠭᠰᠠᠭᠠᠷ ᠡᠷᠡᠭᠦᠯ ᠪᠠᠢ᠌ᠭᠠᠯᠢ ᠴᠤ ᠪᠠᠢ᠌ᠬᠤ ᠦᠭᠡᠶ ᠪᠣᠯᠵᠠᠢ᠃

ᠨᠤᠮᠤᠬᠠᠨ ᠰᠢᠳᠤᠷᠭᠤ ᠢᠷᠭᠡᠨ ᠪᠣᠯᠬᠤ ᠨᠢ ᠴᠤ ᠣᠳᠤᠭᠢ ᠴᠠᠭ ᠦᠶ᠎ᠡ ᠶᠢᠨ ᠱᠠᠭᠠᠷᠳᠠᠯᠭ᠎ᠠ ᠳ᠋ᠠ᠂ ᠭᠡᠳᠡᠯ᠎ᠡ ᠨᠤᠮᠤᠬᠠᠨ ᠡᠴᠡ ᠴᠢᠨᠠᠭᠰᠢ ᠦᠪᠡᠷ ᠤᠨ ᠥᠭᠡ ᠭᠡᠯᠡ᠂ ᠥᠰᠦᠭ᠌ ᠪᠢᠴᠢᠭ᠌ ᠶᠢᠡᠨ ᠬᠠᠶᠠᠵᠤ᠂ ᠪᠣᠰᠤᠳ ᠤᠨ ᠰᠤᠶᠤᠯ ᠢ ᠰᠤᠬᠤᠷ ᠪᠠᠯᠠᠢ ᠪᠠᠷ ᠰᠢᠳᠦᠭᠡᠤᠨ᠂ ᠡᠪᠦᠭᠡ ᠳᠡᠭᠡᠳᠦᠰ ᠤᠨ ᠶᠢᠡᠨ ᠨᠢᠭᠡᠨ ᠵᠠᠭᠤᠨ ᠤ ᠪᠠᠭᠠᠳᠤᠷ ᠳᠡᠦᠭᠡᠨ ᠳᠤ ᠪᠠᠷᠳᠠᠮᠨᠠᠭᠠᠤᠨ᠂ ᠥᠡᠵᠢᠭᠦᠳᠡ ᠬᠤᠨᠤᠭᠤᠳᠠ《ᠪᠠᠯ ᠲᠡᠶ ᠳᠠᠷᠠᠰᠤᠨ》 ᠳᠤ ᠰᠤᠭᠳᠤᠭᠤᠷᠠᠭᠠᠤᠨ ᠯᠠ ᠦᠪᠡᠷ ᠤᠨ ᠴᠢᠨᠢ ᠮᠦᠷᠦᠨ ᠳᠡᠭᠡᠷ᠎ᠡ ᠳᠤᠯᠭᠠᠷᠠᠵᠤ ᠢᠷᠡᠭ᠍ᠰᠡᠨ ᠭᠦᠡᠳᠤ ᠡᠴᠡ ᠭᠦᠡᠳᠤ ᠨᠢᠭᠡᠨ ᠡᠭᠦᠷᠭᠡ 《ᠦᠨᠳᠦᠰᠦᠳᠠᠨ ᠤ ᠮᠠᠠᠳᠤᠯ ᠭᠦᠭ᠍ᠵᠢᠯ》ᠨᠢ ᠥᠭᠡ ᠭᠡᠯᠡ ᠥᠰᠦᠭ᠌ ᠪᠢᠴᠢᠭ᠌ ᠲᠤ ᠯᠠ ᠦᠯᠠᠳᠠᠵᠤ ᠪᠠᠢ᠌ᠨ᠎ᠠ ᠭᠡᠭ᠍ᠴᠢ ᠶᠢ ᠪᠣᠤ ᠯᠠ ᠮᠠᠷᠳᠠᠴᠢᠬᠠᠶ᠎ᠠ ᠳ᠋ᠠ ᠮᠤᠩᠭ᠋ᠤᠯᠴᠤᠳ ᠮᠢᠨᠢ ︕

ᠵᠤᠬᠢᠶᠠᠭᠴᠢ᠄ ᠬᠠᠨ ᠬᠡᠨᠳᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 12919
ᠴᠠᠭ᠄ 2009 ᠤᠨ ᠤ 05 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ