☆ ᠮᠦᠴᠢᠷ
ᠳᠠᠮᠤᠵᠢᠨ
ᠳᠡᠷᠳᠡᠭᠡ ᠵᠠᠭᠤᠨ ᠳᠤ ᠴᠠᠭᠢᠯᠤᠭᠰᠠᠨ ᠨᠢᠭᠡ ᠣᠳᠤᠨ
ᠳᠡᠯᠢᠭᠦᠨ ᠪᠣᠯᠳᠤᠭ ᠡᠴᠡ ᠮᠠᠠᠳᠤᠭᠰᠠᠨ ᠴᠡᠭᠡᠨ ᠭᠡᠷᠡᠯ
ᠣᠭᠳᠠᠷᠭᠤᠢ ᠶᠢᠨ ᠴᠡᠭᠡᠯ ᠳᠤ ᠳᠤᠨᠤᠷᠠᠭᠰᠠᠨ ᠴᠠᠭᠠᠨ ᠠᠭᠤᠷ
ᠣᠨᠤᠨ ᠮᠦᠷᠠᠨ ᠢ ᠳᠤᠨᠤᠯᠵᠠᠭᠤᠯᠤᠭᠰᠠᠨ ᠪᠣᠯᠤᠷ ᠣᠰᠤᠨ ᠊᠊᠊᠊᠊᠊᠊᠊᠊᠊᠊᠊᠊᠊᠊
ᠳᠡᠯᠡᠭᠡᠢ ᠳᠠᠶᠠᠭᠠᠷ ᠠᠠᠳᠠᠯ ᠦᠭᠡᠶ ᠮᠡᠳᠡᠳᠡᠭ᠌ ᠳᠤᠮᠤᠭ ᠡᠨᠡ
ᠳᠡᠭᠡᠳᠦᠰ ᠤᠨ ᠳᠡᠦᠭᠡᠨ ᠳᠤ ᠮᠢᠩᠭᠠᠨ ᠣᠨ ᠤ ᠣᠯᠪᠠᠭ᠎ᠠ ᠳᠤᠳᠤᠷᠬᠠᠢ᠌ᠶᠠ︕
ᠳᠠᠮᠤᠵᠢᠨ ᠊᠊᠊᠊᠊᠊᠊᠊᠊᠊᠊᠊᠊᠊᠊
ᠬᠠᠷ᠎ᠠ ᠮᠤᠷᠢᠨ ᠵᠢᠯ ᠬᠠᠷᠢ ᠳᠠᠲ᠋ᠠᠷ ᠢ ᠳᠠᠷᠤᠩᠭ᠋ᠣᠢ᠌ᠯᠠᠭᠠᠤᠨ ᠢᠷᠡᠭ᠍ᠰᠡᠨ
ᠶᠢᠰᠦᠭᠡᠢ ᠪᠠᠭᠠᠳᠤᠷ ᠤᠨ ᠢᠯᠠᠭᠤᠭᠰᠠᠨ ᠭᠠᠪᠢᠶ᠎ᠠ ᠶᠢ ᠲᠤᠬᠢᠶᠠᠯᠳᠤᠭᠤᠯᠵᠤ
ᠬᠠᠮᠤᠭ ᠢ ᠡᠷᠭᠡᠰᠢᠶᠡ ᠭᠡᠵᠤ ᠢᠯᠡᠭᠡᠭ᠍ᠰᠡᠨ ᠬᠤᠷᠮᠤᠰᠳᠠ ᠶᠢᠨ ᠡᠯᠴᠢᠨ
ᠬᠠᠳᠠᠭᠤᠵᠢᠬᠤ ᠶᠢ ᠰᠤᠷ ᠭᠡᠵᠤ ᠵᠠᠷᠯᠠᠭᠤᠯᠤᠭᠰᠠᠨ ᠭᠠᠵᠠᠷ ᠤᠨ ᠪᠣᠱᠤᠭ
ᠪᠠᠯᠴᠢᠷ ᠪᠠᠭ᠎ᠠ ᠨᠠᠰᠤᠨ ᠳᠤ ᠪᠠᠨ ᠦᠨᠦᠴᠢᠨ ᠥᠰᠦᠭ᠍ᠰᠡᠨ ᠳᠠᠮᠤᠵᠢᠨ
ᠪᠠᠷᠠᠰᠢ ᠦᠭᠡᠶ ᠬᠠᠯᠠ ᠶᠢ ᠳᠤᠭᠤᠯᠵᠤ ᠡᠷ᠎ᠡ ᠪᠣᠯᠤᠭᠰᠠᠨ ᠳᠠᠮᠤᠵᠢᠨ ᠊᠊᠊᠊᠊᠊᠊᠊᠊᠊᠊᠊᠊᠊᠊
ᠠᠷᠰᠯᠠᠨ ᠪᠠᠷᠰ ᠮᠡᠳᠤ ᠥᠷᠯᠦᠭ᠌ ᠪᠠᠭᠠᠳᠤᠷᠴᠤᠳ ᠶᠢᠡᠨ ᠳᠠᠭᠠᠭᠤᠯᠵᠤ
ᠠᠢ ᠲᠦᠮᠡᠨ ᠮᠤᠩᠭ᠋ᠤᠯ ᠴᠡᠷᠢᠭ᠌ ᠶᠢᠡᠨ ᠣᠳᠤᠷᠢᠤᠠᠴᠤ
ᠳᠤᠯᠭ᠎ᠠ ᠳᠤᠯᠭ᠎ᠠ ᠪᠠᠨ ᠰᠠᠭᠢᠵᠤ
ᠳᠤᠭ ᠳᠤᠭ ᠶᠢᠡᠨ ᠭᠡᠢ᠌ᠰᠭᠡᠵᠤ ᠪᠠᠢ᠌ᠭᠰᠠᠨ
ᠣᠯᠠᠨ ᠠᠢ᠌ᠮᠠᠭ ᠶᠢᠡᠨ ᠨᠢᠭᠡᠳᠭᠡᠪᠡ᠃
ᠶᠢᠰᠤᠨ ᠭᠦᠭᠦᠯᠳᠤ ᠳᠤᠭ ᠶᠢᠡᠨ ᠪᠣᠰᠬᠠᠵᠤ
ᠬᠠᠷᠢᠶ᠎ᠠ ᠶᠡᠭᠡᠳᠤ ᠬᠠᠷ᠎ᠠ ᠰᠦᠯᠳᠡ ᠪᠠᠨ ᠳᠠᠭᠢᠵᠤ
ᠶᠡᠭᠡ ᠮᠤᠩᠭ᠋ᠤᠯ ᠣᠯᠤᠰ ᠢ ᠪᠠᠢ᠌ᠭᠤᠯᠪᠠ᠃
ᠪᠣᠯᠠᠭᠳᠠᠵᠤ ᠪᠣᠯᠳᠠᠭ ᠦᠭᠡᠶ ᠭᠡᠵᠤ
ᠪᠣᠰᠤᠭ᠎ᠠ ᠮᠤᠩᠭ᠋ᠤᠯ ᠥᠰᠦᠭ᠌ ᠵᠤᠬᠢᠶᠠᠯᠭᠠᠪᠠ᠃
ᠪᠣᠰᠤᠷᠬᠠᠵᠤ ᠪᠣᠯᠳᠠᠭ ᠦᠭᠡᠶ ᠭᠡᠵᠤ
ᠪᠣᠭᠳᠠ ᠴᠢᠩᠭᠢᠰ ᠤᠨ ᠵᠠᠰᠠᠭ ᠳᠤᠭᠳᠠᠭᠠᠪᠠ᠃
ᠨᠢᠭᠤᠷ ᠳᠤ ᠪᠠᠨ ᠊ᠭ᠍ᠬᠢᠷ ᠭᠦᠷᠭᠡᠯ ᠦᠭᠡᠶ ᠶᠠᠪᠣᠪᠠ᠂
ᠨᠤᠳᠤᠭ ᠳᠡᠪᠢᠰᠭᠡᠷ ᠶᠢᠡᠨ ᠳᠢᠪ ᠰᠤᠠᠳᠠᠯᠠᠭᠤᠯᠪᠠ᠃
ᠳᠠᠮᠤᠵᠢᠨ ᠊᠊᠊᠊᠊᠊᠊᠊᠊᠊᠊᠊᠊᠊᠊ ᠨᠠᠰᠤ ᠪᠠᠷ ᠶᠢᠡᠨ ᠳᠠᠪᠭᠢᠭᠰᠠᠨ ᠡᠴᠡᠳᠡᠭ᠌ ᠦᠭᠡᠶ ᠮᠤᠷᠢ
ᠳᠠᠮᠤᠵᠢᠨ ᠊᠊᠊᠊᠊᠊᠊᠊᠊᠊᠊᠊᠊᠊᠊ ᠨᠠᠴᠢᠨ ᠪᠦᠷᠭᠦᠤᠨ ᠨᠠᠮᠨᠠᠭᠰᠠᠨ ᠡᠯᠡᠳᠡᠭ᠌ ᠦᠭᠡᠶ ᠰᠤᠮᠤ
ᠳᠠᠮᠤᠵᠢᠨ ᠤ ᠴᠡᠷᠢᠭ᠌ ᠊᠊᠊᠊᠊᠊᠊᠊᠊᠊᠊᠊᠊᠊᠊ ᠳᠡᠭ᠍ᠷᠢ ᠶᠢᠨ ᠴᠡᠷᠢᠭ᠌
ᠳᠠᠷᠠ ᠵᠠᠭᠤᠨ ᠤ ᠮᠤᠩᠭ᠋ᠤᠯ ᠊᠊᠊᠊᠊᠊᠊᠊᠊᠊᠊᠊᠊᠊᠊ ᠳᠠᠩᠴᠠᠰᠢ ᠦᠭᠡᠶ ᠣᠭᠰᠠᠭᠠᠳᠠᠨ᠃
ᠰᠦᠷ ᠲᠤ ᠨᠢ ᠰᠥᠭᠦᠷᠡᠵᠤ
ᠰᠥᠵᠢᠭ᠍ᠯᠡᠵᠤ ᠢᠷᠡᠭ᠍ᠰᠡᠳ ᠣᠯᠠᠨ ᠪᠠᠢ᠌ᠪᠠ᠂
ᠰᠦᠯᠵᠢᠶ᠎ᠠ ᠳᠤᠤᠷ ᠪᠠᠢ᠌ᠭ᠎ᠠ ᠦᠭᠡᠶ ᠴᠤ
ᠮᠤᠩᠭ᠋ᠤᠯ ᠭᠦᠮᠤᠨ ᠭᠡᠵᠤ ᠳᠡᠯᠡᠭᠡᠢ ᠳᠠᠶᠠᠭᠠᠷ ᠳᠠᠮᠤᠵᠢᠨ ᠢ ᠳᠠᠨᠢᠪᠠ ᠡ︕
ᠵᠤᠬᠢᠶᠠᠭᠴᠢ᠄ ᠮᠦᠴᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2683
ᠴᠠᠭ᠄ 2009 ᠤᠨ ᠤ 08 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ