ᠨᠡᠪᠲᠡᠷᠡᠨ ᠤᠷᠤᠬᠤ
ᠵᠤᠪᠠᠬᠤ ᠵᠠᠶᠠᠭᠠᠨ ᠤ ᠭᠠᠭᠴᠠ ᠵᠢᠷᠭᠠᠯ

ᠭᠦᠢᠳᠡᠨ ᠪᠣᠷᠤᠭᠠᠨ ᠵᠥᠰᠡᠷᠡᠭ᠍ᠰᠡᠨ ᠰᠡᠷᠢᠭᠦᠨ ᠨᠠᠮᠤᠷ

ᠬᠠᠷ᠎ᠠ ᠨᠢᠳᠤᠨ ᠳᠡᠭᠦᠦᠳᠡᠢ ᠴᠢ ᠮᠢᠨᠢ

ᠬᠠᠷᠠᠬᠤ ᠡᠴᠠ ᠰᠠᠨᠠᠭ᠎ᠠ ᠣᠶᠠᠰᠤᠮ᠎ᠠ ᠭᠠᠨᠢᠷᠬᠠᠭᠰᠠᠭᠠᠷ

ᠬᠠᠮᠤᠭ ᠰᠡᠭᠦᠯᠴᠢ ᠶᠢᠨ ᠴᠤᠪᠣᠭ᠎ᠠ ᠳᠡᠷᠭᠡᠨ ᠳᠤ ᠭᠠᠷᠤᠯ᠎ᠠ


ᠣᠷᠤᠰᠬᠤ ᠨᠢᠯᠪᠣᠰᠤ ᠪᠠᠨ ᠬᠠᠠᠴᠤᠢ ᠪᠠᠷ ᠶᠢᠡᠨ ᠠᠷᠴᠢᠭᠰᠠᠭᠠᠷ

ᠦᠳᠡᠰᠢ ᠶᠢᠨ ᠭᠦᠨ ᠶᠢᠡᠷ ᠨᠢᠭᠤᠵᠤ ᠨᠡᠭᠡᠭ᠍ᠰᠡᠨ

ᠥᠩᠭᠡ ᠴᠡᠩᠭᠡᠷ ᠳᠤᠷᠳᠤᠮ ᠬᠠᠠᠵᠢᠶᠠᠷ ᠪᠠᠨ

ᠦᠨᠢᠳᠠ ᠶᠢᠨ ᠳᠤᠷᠠᠳᠬᠠᠯ ᠭᠡᠮᠡᠨ ᠨᠠᠳᠠ ᠥᠯᠡᠳᠡᠭᠡᠯ᠎ᠡ


《ᠡᠷᠭᠢᠭᠦ ᠬᠠᠪᠣᠷ ᠲᠠᠭᠠᠨ ᠠᠭᠢᠭᠠᠤᠨ ᠢᠷᠡᠭᠦ ᠶᠤᠮ ᠰᠢᠤ ᠳᠡᠭᠦᠤ ᠴᠢᠨᠢ》 ᠭᠡᠵᠤ

ᠠᠭᠤᠯᠵᠠᠬᠤ ᠶᠢᠨ ᠰᠠᠢ᠌ᠬᠠᠨ  ᠪᠣᠯᠵᠤᠭ᠎ᠠ ᠵᠠᠭᠢᠵᠤ

ᠠᠶᠠᠷᠯᠠᠬᠤ ᠶᠢᠨ ᠣᠶᠠᠷᠠᠯ ᠳᠤ ᠳᠠᠪᠳᠤᠳᠠᠯ᠎ᠠ ᠨᠤᠷᠤᠭᠳᠠᠵᠤ

ᠠᠷᠭ᠎ᠠ ᠦᠭᠡᠶ ᠯᠠ ᠴᠢ ᠪᠢᠳᠠ ᠳᠠᠠᠳᠠ ᠰᠠᠯᠤᠯᠴᠠᠭᠰᠠᠨ᠁


ᠰᠠᠯᠬᠤ ᠬᠤᠷᠤᠮ ᠤᠨ ᠳᠠᠷᠠ ᠳᠤᠰᠤᠯ ᠨᠢᠯᠪᠣᠰᠤᠨ

ᠰᠠᠨᠠᠭᠠᠨ ᠤ ᠥᠵᠦᠭᠦᠷ ᠣᠳᠤ ᠪᠣᠯᠳᠠᠯ᠎ᠠ ᠡᠭ᠍ᠰᠢᠭᠡ ᠥᠭᠡᠢ

《ᠴᠢᠮ᠎ᠠ ᠲᠠᠭᠠᠨ ᠯᠠ᠁ 》 ᠭᠡᠵᠤ ᠳᠠᠭᠤᠯᠠᠭᠰᠠᠨ ᠳᠠᠷᠠ ᠳᠠᠭᠤᠤ ᠴᠢᠨᠢ

ᠴᠢᠭᠢᠨ ᠰᠤᠨᠤᠷ ᠡᠳᠦᠭᠡ ᠭᠦᠷᠳᠡᠯ᠎ᠡ ᠬᠠᠩᠭᠢᠨᠠᠭᠰᠠᠭᠠᠷ᠁


ᠥᠩᠭᠡᠷᠡᠨ ᠤᠳᠬᠤ ᠣᠨ ᠰᠠᠷ᠎ᠠ ᠤᠳ ᠭᠡᠵᠤ ᠡ

ᠣᠷᠤᠰᠬᠠᠯ ᠣᠰᠤᠨ ᠤ ᠠᠷᠠᠯᠭᠠᠨ ᠮᠠᠳᠤ

ᠢᠷᠠᠵᠤ ᠶᠠᠪᠣᠭ᠎ᠠ ᠠᠨᠢᠷ ᠴᠢᠮᠡᠭᠡ ᠨᠤᠭᠦᠳ

ᠥᠯᠢᠶᠡᠭᠦ ᠰᠠᠯᠭᠢᠨ ᠤ ᠱᠤᠤᠭᠢᠶᠠᠨ ᠠᠳᠠᠯᠢᠬᠠᠨ


ᠬᠠᠪᠣᠷ ᠪᠣᠯᠵᠤ ᠬᠠᠭᠳᠠ ᠨᠤᠭᠤᠭᠠᠷᠠᠯ᠎ᠠ

ᠭᠦᠰᠡᠵᠤ ᠭᠦᠯᠢᠶᠡᠭ᠍ᠰᠡᠨ ᠴᠢ ᠮᠢᠨᠢ ᠢᠷᠡᠭᠡ ᠥᠭᠡᠢ

ᠡᠪᠦᠯ ᠣᠷᠤᠵᠤ ᠴᠠᠰᠤ ᠬᠠᠶᠠᠯᠠᠯ᠎ᠠ

ᠥᠭᠡᠢ᠌ᠯᠡᠵᠤ ᠰᠠᠭᠤᠭᠰᠠᠨ ᠴᠢ ᠮᠢᠨᠢ ᠬᠠᠷᠠᠭᠳᠠᠭ᠎ᠠ ᠥᠭᠡᠢ


ᠵᠤᠠᠵᠢᠨ ᠪᠣᠷᠤᠭᠠᠨ ᠭᠦᠯᠢᠶᠡᠭ᠍ᠰᠡᠭᠡᠷ ᠪᠠᠢ᠌ᠭᠠᠯᠢ ᠶᠢᠨ ᠡᠯᠢᠭᠡ ᠬᠠᠭᠰᠠᠷᠠᠵᠠᠢ

ᠵᠢᠯᠵᠢᠨ ᠴᠢᠮ᠎ᠠ ᠪᠠᠨ ᠭᠦᠯᠢᠶᠡᠭ᠍ᠰᠡᠭᠡᠷ ᠰᠡᠳᠭᠢᠯ ᠤᠨ ᠨᠠᠭᠤᠷ ᠬᠠᠳᠠᠵᠠᠢ

ᠵᠠᠭᠤᠨ ᠣᠨ ᠳᠤ ᠪᠠᠨ ᠭᠦᠯᠢᠶᠡᠵᠤ ᠴᠢᠯᠠᠭᠤᠵᠢᠬᠤ ᠮᠢᠨᠤ ᠬᠠᠢ᠌ᠷ᠎ᠠ

ᠵᠤᠪᠠᠬᠤ ᠵᠠᠶᠠᠭᠠᠨ ᠤ ᠭᠠᠭᠴᠠ ᠵᠢᠷᠭᠠᠯ ᠬᠠᠷ᠎ᠠ ᠨᠢᠳᠤᠨ ᠮᠢᠨᠤ ︕

              


ᠵᠤᠬᠢᠶᠠᠭᠴᠢ ᠶᠢᠨ ᠬᠠ‍‌ᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10120
ᠴᠠᠭ᠄ 2012 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ