☆ ᠪᠠ᠊·ᠣᠤᠠᠬᠤᠠᠪᠠᠭᠠᠳᠤᠷ
ᠪᠠᠢ᠌ᠭᠠᠯᠢ ᠳᠤ ᠨᠢ ᠪᠣᠴᠠᠭᠠᠶ᠎ᠠ
ᠪᠠᠢ᠌ᠭᠠᠯᠢ ᠨᠤᠭᠤᠭᠠᠨ ᠶᠠᠷᠳᠢᠠᠴᠤ ᠶᠢᠨ
ᠴᠡᠴᠡᠭ᠌ ᠤᠨ ᠡᠮᠵᠡᠭ᠍ᠭᠡᠨ ᠳᠠᠭᠤᠯᠠᠯ
ᠪᠣᠭᠤᠨᠢ ᠰᠠᠷᠠᠪᠴᠢᠳᠤ ᠪᠦᠷᠭᠡ ᠶᠢᠨ ᠮᠢᠨᠢ
ᠰᠢᠯᠦᠭ᠌ ᠤᠨ ᠣᠮᠳᠠᠳᠤ ᠷᠠᠰᠢᠶᠠᠨ
ᠮᠦᠷᠦᠭᠡᠳᠦᠯ ᠳᠠᠮᠨᠠᠭᠰᠠᠨ ᠠᠮᠢᠳᠤᠷᠠᠯ ᠤᠨ
ᠮᠥᠴᠢᠳᠭᠡᠨ ᠵᠠᠶᠠᠭᠠᠨ ᠤ ᠭᠡᠶᠦᠷᠭᠡᠯ
ᠮᠥᠩᠭᠡ ᠳᠡᠭ᠍ᠷᠢ ᠶᠢᠨ ᠳᠤᠤᠷ᠎ᠠ
ᠵᠤᠠᠰᠢᠵᠤ ᠣᠯᠠᠷᠢᠭᠰᠠᠨ ᠮᠥᠴᠢᠯᠭᠡ
ᠠᠯᠢᠶ᠎ᠠ ᠨᠢᠯᠬᠠᠷᠠᠭ ᠳᠦᠷᠢ ᠵᠢᠨ ᠴᠢᠨᠢ
ᠰᠤᠯᠤᠩᠭ᠋ᠠᠨ ᠳᠤ ᠨᠢ ᠰᠤᠭᠳᠤᠭᠤᠷᠠᠵᠤ ᠶᠠᠪᠣᠭᠰᠠᠨ
ᠰᠤᠪᠣᠵᠤ ᠴᠤᠪᠣᠷᠠᠬᠤ ᠰᠢᠯᠦᠭ᠌ ᠤᠳ ᠤᠨ ᠮᠢᠨᠢ
ᠰᠢᠮ᠎ᠠ ᠪᠠᠷ ᠳᠤᠳᠠᠭᠤᠯᠤᠭᠠ ᠦᠭᠡᠶ ᠣᠮᠳᠠ
ᠮᠢᠩᠭ᠋ᠠᠨ ᠭᠠᠵᠠᠷ ᠤᠨ ᠠᠭᠤᠯᠠ ᠣᠰᠤᠨ
ᠮᠦᠷᠦᠭᠡᠳᠦᠯ ᠤᠨ ᠰᠠᠢ᠌ᠬᠠᠨ ᠣᠷᠤᠨ ᠪᠠᠢ᠌ᠯ᠎ᠠ
ᠮᠢᠨᠤ ᠵᠥᠭ᠌ ᠲᠤ ᠨᠢᠰᠴᠤ ᠢᠷᠡᠳᠡᠭ᠌
ᠰᠡᠳᠭᠢᠯ ᠤᠨ ᠴᠡᠩᠭᠡᠷ ᠢᠷᠭᠤᠢ ᠪᠠᠢ᠌ᠯ᠎ᠠ
ᠡᠷᠳᠡᠨᠢᠳᠤ ᠶᠢᠰᠤᠨ ᠭᠦᠰᠡᠯ ᠤᠨ
ᠵᠢᠭᠦᠷ ᠲᠤ ᠨᠢ ᠳᠡᠷᠪᠠᠳᠡᠭ᠌ ᠡᠷᠪᠠᠭᠡᠢ ᠪᠠᠢ᠌ᠯ᠎ᠠ
ᠡᠰᠡᠨ ᠮᠠᠠᠳᠤ ᠶᠢᠨ ᠵᠠᠶᠠᠭᠠᠨ ᠤ
ᠳᠡᠭ᠍ᠷᠢ ᠶᠢᠨ ᠠᠯᠪᠠᠳᠤ ᠡᠯᠴᠢ ᠪᠠᠢ᠌ᠯ᠎ᠠ
ᠪᠣᠮ ᠴᠡᠴᠡᠭᠡᠰ ᠤᠨ
ᠭᠤᠸᠠᠯᠢᠭ ᠰᠠᠢ᠌ᠬᠠᠨ ᠣᠬᠠᠭᠠᠯᠢᠭ ᠢ
ᠪᠣᠳᠤᠯ ᠳᠤ ᠪᠠᠨ ᠭᠡᠮᠨᠡᠨ
ᠮᠢᠩᠭ᠋ᠠᠨ ᠬᠠᠪᠣᠷ ᠣᠮᠳᠠᠯᠠᠭᠳᠠᠬᠤ ᠶᠤᠮ
ᠪᠠᠢ᠌ᠭᠠᠯᠢ ᠴᠢᠮ᠎ᠠ ᠡᠴᠠ
ᠭᠦᠰᠡᠭ᠍ᠰᠡᠨ ᠶᠢᠡᠨ ᠪᠢ ᠠᠪᠴᠢᠬᠠᠭᠰᠠᠨ
ᠪᠣᠳᠤᠯ ᠶᠢᠡᠷ ᠶᠢᠡᠨ ᠪᠠᠢ᠌ᠯᠭᠠᠵᠤ
ᠪᠠᠢ᠌ᠭᠠᠯᠢ ᠳᠤ ᠨᠢ ᠴᠢᠮ᠎ᠠ ᠶᠢ ᠪᠣᠴᠠᠭᠠᠶ᠎ᠠ
ᠣᠬᠤᠷ ᠮᠥᠴᠢᠳᠭᠡᠨ ᠠᠮᠢᠳᠤᠷᠠᠯ ᠳᠤ ᠴᠤ
ᠥᠭ᠍ᠭᠢᠶᠡᠮᠦᠷ ᠤᠨ ᠡᠯᠪᠠᠭ᠌ ᠲᠤ ᠵᠢᠷᠭᠠᠯ᠎ᠠ
ᠣᠳᠤᠳᠤ ᠣᠷᠴᠢᠯᠠᠩ ᠤᠨ ᠰᠠᠷᠠᠨ ᠳᠤ
ᠰᠦᠨᠢ ᠶᠢᠨ ᠭᠦᠨ ᠣᠢ᠌ᠳᠬᠤ ᠪᠠᠷ ᠦᠭᠡᠶ
ᠬᠠᠷᠠᠮᠴᠢ ᠰᠡᠳᠭᠢᠯ ᠶᠢᠡᠨ ᠬᠤᠷᠢᠶᠠᠵᠤ
ᠬᠠᠢ᠌ᠷᠬᠠᠨ ᠠᠭᠤᠯᠠᠨ ᠳᠤ ᠴᠢᠨᠢ ᠪᠣᠴᠠᠭᠠᠶ᠎ᠠ
ᠭᠡᠵᠢᠶ᠎ᠡ ᠬᠣᠢ᠌ᠨ᠎ᠠ ᠳᠡᠯᠭᠡᠷᠡᠰᠢᠭᠦ
ᠪᠦᠳᠦᠭᠡᠯ ᠢ ᠴᠢᠨᠢ ᠨᠠᠮᠠᠠᠴᠢᠯᠠᠨ ᠳᠠᠭᠠᠳᠬᠠᠶ᠎ᠠ
ᠥᠪᠠᠷᠳᠡᠭᠡᠨ ᠣᠩᠰᠢᠬᠤ ᠭᠠᠭᠴᠠ ᠨᠤᠮ ᠶᠢᠡᠨ
ᠡᠪᠦᠷ ᠳᠤᠳᠤᠷ᠎ᠠ ᠪᠠᠨ ᠡᠷᠭᠢᠭᠦᠯᠵᠤ ᠰᠠᠭᠤᠶ᠎ᠠ
ᠥᠳᠡᠯᠦᠭ᠍ᠰᠡᠨ ᠬᠣᠢ᠌ᠨ᠎ᠠ ᠪᠠᠨ ᠵᠢᠷᠭᠠᠳᠠᠭ ᠤᠨ ᠣᠴᠢᠷ ᠢ
ᠪᠠᠢ᠌ᠭᠠᠯᠢ ᠪᠠᠨ ᠬᠠᠷᠠᠨ ᠵᠠᠯᠠᠭᠤᠵᠢᠵᠤ ᠦᠵᠡᠶ᠎ᠠ︕
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2011 ᠤᠨ ᠤ 05 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ