ᠨᠡᠪᠲᠡᠷᠡᠨ ᠤᠷᠤᠬᠤ
ᠰᠦᠨ ᠳᠤᠶᠠᠭ᠎ᠠ ᠲᠡᠶ ᠳᠠᠯ᠎ᠠ

ᠬᠠᠷᠠᠴᠠ ᠶᠢ ᠳᠠᠢ᠌ᠤᠠᠬᠤᠷᠠᠭᠤᠯᠬᠤ ᠴᠡᠴᠡᠭ᠌ ᠦᠭᠡᠶ ᠨᠢᠴᠦᠭᠦᠨ ᠳᠠᠯ᠎ᠠ ᠮᠢᠨᠢ

ᠬᠠᠯᠠ ᠪᠠᠨ ᠳᠠᠰᠴᠤ ᠬᠠᠢ᠌ᠷ᠎ᠠ ᠪᠠᠨ ᠳᠡᠯᠭᠡᠭ᠍ᠰᠡᠨ ᠪᠣᠷᠤ ᠳᠠᠯ᠎ᠠ ᠮᠢᠨᠢ

ᠭᠦᠯ ᠳᠤ ᠣᠷᠤᠬᠤ ᠨᠢᠯᠬ᠎ᠠ ᠮᠦᠷ ᠢ ᠮᠢᠨᠢ ᠦᠨᠦᠰᠴᠤ ᠳᠤᠰᠤᠭᠰᠠᠨ

ᠭᠦᠭᠦ ᠨᠢ ᠴᠢᠨᠦᠷᠡᠭ᠍ᠰᠡᠨ ᠡᠭᠡ ᠶᠢᠨ ᠰᠡᠳᠭᠢᠯ ᠰᠢᠭ᠌ ᠵᠥᠭᠡᠯᠡᠨ ᠳᠠᠯ᠎ᠠ ᠮᠢᠨᠢ

ᠭᠦᠭᠡ ᠰᠤᠳᠤᠷ ᠤᠨ ᠮᠤᠷᠢᠳᠠᠨ ᠪᠠᠭᠠᠳᠤᠷ

ᠬᠤᠭᠤᠷᠴᠢ ᠶᠢᠨ ᠳᠠᠭᠤᠨ ᠡᠴᠡ ᠳᠤᠪᠳᠤᠯᠵᠤ

ᠭᠦᠯᠦᠭ᠌ ᠮᠤᠷᠢᠳ ᠤᠨ ᠳᠤᠭᠤᠷᠠᠢ ᠶᠢᠨ ᠳᠠᠭᠤᠨ

ᠭᠦᠤ ᠶᠢᠨ ᠴᠢᠰᠤᠨ ᠳᠤ ᠳᠤᠭᠤᠯᠳᠠᠨ᠎ᠠ

ᠪᠠᠯᠴᠢᠷ ᠪᠠᠢ᠌ᠭᠰᠠᠨ ᠴᠤ ᠪᠠᠭᠠᠳᠤᠷ ᠶᠢᠡᠨ ᠰᠢᠳᠤᠵᠤ

ᠪᠣᠷᠤ ᠳᠠᠯ᠎ᠠ ᠶᠢᠨ ᠶᠢᠡᠨ ᠮᠤᠷᠢᠳᠠᠨ ᠪᠣᠯᠵᠤ ᠳᠠᠨ ᠢ ᠪᠠᠨ ᠴᠢᠮᠡᠭ᠍ᠰᠡᠨ

ᠪᠢᠴᠢᠭ᠌ ᠤᠨ ᠪᠣᠭᠴᠤ ᠪᠣᠷᠪᠢ ᠶᠢ ᠰᠢᠭᠦᠷᠡᠭ᠍ᠰᠡᠨ ᠰᠤᠷᠭᠠᠭᠤᠯᠢ ᠶᠢᠨ ᠵᠠᠮ ᠳᠤ

ᠪᠣᠷᠬᠠᠨ ᠨᠠᠷ᠎ᠠ ᠲᠡᠶ ᠮᠤᠩᠭ᠋ᠤᠯ ᠥᠰᠦᠭ᠌ ᠶᠢᠡᠨ ᠡᠭᠦᠷᠴᠤ ᠶᠠᠪᠣᠭᠰᠠᠨ

ᠳᠡᠭᠡᠳᠤ ᠳᠡᠭ᠍ᠷᠢ ᠡᠴᠡ ᠡᠭᠡᠰᠢᠭ᠌ ᠳᠠᠳᠠᠭᠰᠠᠨ ᠠᠷᠠᠤᠨ ᠤᠨ ᠳᠠᠭᠤᠤ ᠨᠢ

ᠳᠤᠭᠤᠯ ᠤᠨ ᠪᠠᠯᠴᠢᠭᠡᠷ ᠲᠤ ᠨᠠᠮᠢ᠋ᠢ ᠠᠷᠭᠠᠳᠠᠵᠤ ᠣᠶᠠᠬᠠᠨ ᠪᠣᠯᠭᠠᠭᠰᠠᠨ

ᠳᠠᠪᠠᠯ ᠵᠠᠬ᠎ᠠ ᠲᠡᠶ ᠭᠦᠮᠤᠨ ᠳᠦᠷᠦᠭᠦᠤ ᠲᠡᠶ ᠮᠡᠷᠭᠡᠨ ᠣᠬᠠᠭᠠᠨ ᠨᠢ

ᠳᠠᠶᠠᠩ ᠳᠡᠯᠡᠭᠡᠢ ᠳᠤ ᠣᠷᠤᠨ ᠵᠠᠢ ᠲᠡᠶ ᠳᠠᠩᠰᠤᠭ ᠪᠣᠯᠭᠠᠭᠰᠠᠨ

ᠬᠠᠯᠳᠠᠷ ᠳᠠᠭ᠎ᠠ ᠶᠢᠨ ᠳᠠᠯ ᠡᠴᠡ ᠪᠠᠵᠠᠭᠳᠠᠨ

ᠡᠪᠴᠢᠭᠦᠨ ᠳᠡᠭᠡᠷ᠎ᠡ ᠴᠢᠨᠢ ᠣᠢ᠌ᠴᠢᠬᠤ ᠳᠤ

ᠦᠪᠡᠷ ᠶᠢᠡᠨ ᠪᠣᠰ︕ ᠭᠡᠵᠤ ᠨᠠᠳᠠ ᠣᠷᠤᠭᠤ

ᠬᠠᠳᠠᠭᠤ ᠡᠴᠡ ᠬᠠᠳᠠᠭᠤ ᠳᠠᠯ᠎ᠠ ᠮᠢᠨᠢ ᠠᠪᠣ ᠪᠠᠢ᠌ᠭᠰᠠᠨ

ᠠᠩᠬᠠᠨ ᠤ ᠬᠠᠢ᠌ᠷ᠎ᠠ ᠪᠠᠨ ᠪᠢ ᠭᠡᠯᠡᠵᠤ ᠴᠢᠳᠠᠯ ᠦᠭᠡᠶ

ᠡᠯᠢᠭᠡᠨ ᠳᠤ ᠴᠢᠨᠢ ᠣᠨᠠᠵᠤ ᠣᠭᠢᠯᠠᠬᠤ ᠳᠤ

ᠠᠨᠢᠷ ᠦᠭᠡᠶ ᠨᠠᠮᠵᠢᠭᠤᠨ ᠴᠢᠨᠢ ᠨᠠᠳᠠ ᠶᠢ ᠠᠮᠤᠷᠵᠢᠭᠤᠯᠵᠤ

ᠠᠭᠤᠳᠠᠮ ᠪᠠᠢ︕ ᠭᠡᠵᠤ ᠣᠬᠠᠷᠠᠭᠤᠯᠤᠭᠰᠠᠨ ᠳᠠᠯ᠎ᠠ ᠮᠢᠨᠢ ᠡᠵᠢ ᠪᠠᠢ᠌ᠭᠰᠠᠨ

ᠪᠠᠶᠠᠷ ᠭᠤᠨᠢᠭ ᠤᠨ ᠨᠢᠯᠪᠣᠰᠤ ᠪᠠᠨ ᠪᠢ ᠴᠢᠮ᠎ᠠ ᠳᠡᠭᠡᠷ᠎ᠡ ᠪᠠᠨ ᠣᠨᠠᠭᠠᠬᠤ ᠳᠤ

ᠪᠣᠷᠵᠢᠭᠢᠨ ᠴᠢᠰᠤᠨ ᠳᠤᠶᠠᠭ᠎ᠠ ᠲᠡᠶ ᠭᠦᠷᠦᠰᠤᠨ ᠳᠤ ᠴᠢᠨᠢ ᠰᠢᠩᠭᠡᠵᠤ

ᠪᠣᠳᠤᠭᠤ ᠪᠠᠨ ᠭᠤᠯᠤᠭᠰᠠᠨ ᠢᠩᠭᠡᠨ ᠤ ᠭᠢᠯᠭᠠᠰᠤᠨ ᠳᠤ ᠣᠶᠠᠷᠠᠭᠰᠠᠨ ᠨᠢᠯᠪᠣᠰᠤ

ᠪᠣᠢ᠌ᠯᠭᠠᠨ ᠳᠠᠭᠤᠨ ᠳᠤ ᠨᠢ ᠢᠪᠠᠯᠦᠭ᠍ᠰᠡᠨ ᠰᠦᠨ ᠳᠤᠶᠠᠭ᠎ᠠ ᠲᠡᠶ ᠳᠠᠯ᠎ᠠ ᠮᠢᠨᠢ︕


ᠵᠤᠬᠢᠶᠠᠭᠴᠢ ᠶᠢᠨ ᠬᠠᠶ‍ᠢᠭ ᠄ ᠲᠦᠩᠯᠢᠶᠤᠤ ᠬᠤᠳᠠ ᠶᠢᠨ ᠰᠤᠷᠭᠠᠨ ᠭᠦᠮᠦᠵᠢᠯ ᠤᠨ ᠳᠤᠪᠴᠢᠶ᠎ᠠ


ᠵᠤᠬᠢᠶᠠᠭᠴᠢ᠄ ᠢᠯᠠᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2622
ᠴᠠᠭ᠄ 2009 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ