☆ ᠳ᠋·ᠪᠠᠶᠠᠠᠪᠠᠳᠠᠷᠠᠬᠤ
ᠠᠷᠤ ᠴᠠᠢ᠌ᠳᠠᠮ ᠤᠨ ᠴᠡᠴᠡᠭ᠌
ᠠᠯᠢᠬᠠᠨ ᠨᠤᠳᠤᠭ ᠤᠨ ᠳᠡᠷᠡᠭᠡᠨ ᠰᠢᠷᠤᠢ ᠳᠡᠭᠡᠷ᠎ᠡ
ᠣᠷᠭᠤᠵᠤ ᠪᠣᠯᠤᠮᠠᠷ ᠥᠭᠡᠢ
ᠠᠷᠤ ᠴᠠᠢ᠌ᠳᠠᠮ ᠤᠨ ᠴᠡᠴᠡᠭ᠌ ᠮᠢᠨᠢ ᠭᠦ
ᠠᠯᠢᠶᠠᠬᠠᠨ ᠰᠠᠯᠭᠢᠨ ᠤ ᠣᠶᠠᠬᠠᠨ ᠭᠦᠶᠦᠳᠡᠯ ᠳ᠋ᠤ
ᠥᠩᠭᠡ ᠪᠣᠯᠢᠶᠠᠨ ᠳᠦᠷᠦᠭ᠍ᠰᠡᠨ
ᠠᠷᠤ ᠴᠠᠢ᠌ᠳᠠᠮ ᠤᠨ ᠴᠡᠴᠡᠭ᠌ ᠮᠢᠨᠢ ᠭᠦ
ᠵᠥᠯᠭᠡᠨ ᠳᠤᠮᠳᠠ ᠪᠠᠨ ᠳᠡᠯᠭᠡᠷᠡᠭᠦᠢ ᠳ᠋ᠤ
ᠰᠤᠷᠭᠤᠭ ᠨᠢ ᠭᠡᠵᠤ ᠠᠷᠭ᠎ᠠ ᠥᠭᠡᠢ
ᠠᠷᠤ ᠴᠠᠢ᠌ᠳᠠᠮ ᠤᠨ ᠴᠡᠴᠡᠭ᠌ ᠮᠢᠨᠢ ᠭᠦ
ᠵᠢᠷᠦᠭᠡᠨ ᠳᠤᠳᠤᠷ᠎ᠠ ᠪᠠᠨ ᠰᠠᠨᠠᠬᠤᠢ ᠳ᠋ᠤ
ᠰᠤᠷᠠᠭ ᠨᠢ ᠭᠡᠵᠤ ᠬᠤᠯᠠ ᠥᠭᠡᠢ
ᠠᠢ᠌ᠯ ᠤᠨ ᠪᠣᠷᠤᠬᠠᠨ ᠪᠦᠰᠡᠭᠦᠢ ᠮᠢᠨᠢ ᠭᠦ
ᠰᠢᠭᠦᠳᠡᠷᠢ ᠶᠢᠨ ᠮᠥᠩᠭᠦᠨ ᠳᠤᠰᠤᠯ
ᠳᠠᠯᠪᠢᠨ ᠳᠡᠭᠡᠷ᠎ᠡ ᠴᠢᠨᠢ ᠭᠢᠯᠳᠦᠭᠡᠨᠡᠵᠤ
ᠠᠷᠤ ᠴᠠᠢ᠌ᠳᠠᠮ ᠤᠨ ᠴᠡᠴᠡᠭ᠌ ᠮᠢᠨᠢ ᠭᠦ
ᠰᠡᠳᠭᠢᠯ ᠤᠨ ᠨᠥᠮᠵᠦᠭ᠍ᠭᠡᠨ ᠳᠤᠷᠠᠯᠠᠯ
ᠨᠢᠳᠤᠨ ᠳᠡᠭᠡᠷ᠎ᠡ ᠴᠢᠨᠢ ᠠᠷᠭᠠᠮᠵᠢᠭᠳᠠᠵᠤ
ᠠᠢ᠌ᠯ ᠤᠨ ᠪᠣᠷᠤᠬᠠᠨ ᠪᠦᠰᠡᠭᠦᠢ ᠮᠢᠨᠢ ᠭᠦ
ᠴᠡᠴᠡᠭ᠌ ᠴᠡᠴᠡᠭ᠌ ᠡᠴᠡ ᠥᠵᠡᠰᠭᠦᠯᠡᠩ
ᠴᠠᠭᠢᠷᠮ᠎ᠠ ᠥᠭᠡᠷ᠎ᠡ ᠥᠭᠡᠢ
ᠠᠷᠤ ᠴᠠᠢ᠌ᠳᠠᠮ ᠤᠨ ᠴᠡᠴᠡᠭ᠌ ᠮᠢᠨᠢ ᠭᠦ
ᠴᠢᠩ ᠴᠢᠩ ᠤᠨ ᠬᠠᠢ᠌ᠷᠠᠨ ᠳᠤ ᠮᠢᠨᠢ
ᠰᠠᠠᠵᠢᠤᠠᠮᠠ ᠥᠭᠡᠷ᠎ᠡ ᠥᠭᠡᠢ
ᠠᠢ᠌ᠯ ᠤᠨ ᠪᠣᠷᠤᠬᠠᠨ ᠪᠦᠰᠡᠭᠦᠢ ᠮᠢᠨᠢ ᠭᠦ
ᠣᠨᠢᠶᠠᠷ ᠳᠠᠳᠠᠵᠤ ᠰᠥᠵᠦᠭ᠌ ᠠᠷᠭᠠᠮᠵᠢᠭᠰᠠᠨ
ᠮᠤᠩᠭ᠋ᠤᠯ ᠨᠤᠳᠤᠭ ᠤᠨ ᠭᠢᠵᠠᠭᠠᠷ ᠳᠤ
ᠴᠡᠴᠡᠭ᠌ ᠣᠷᠭᠤᠳᠠᠭ ᠠᠷᠤ ᠴᠠᠢ᠌ᠳᠠᠮ ᠢᠯᠡᠭᠡᠨ ᠪᠠᠢ᠌ᠨ᠎ᠠ
ᠣᠢ᠌ᠤᠠᠬᠠᠷ ᠰᠡᠷᠭᠦᠭᠡᠵᠤ ᠳᠤᠷᠠᠯᠠᠯ ᠪᠣᠯᠢᠶᠠᠭᠰᠠᠨ
ᠰᠡᠷᠭᠦᠯᠡᠩ ᠪᠦᠰᠡᠭᠦᠢᠴᠦᠦᠯ ᠤᠨ ᠳᠤᠮᠳᠠ ᠡᠴᠡ
ᠴᠢᠷᠠᠢ ᠨᠢ ᠭᠡᠷᠡᠯᠳᠤᠨ ᠴᠢ ᠨᠠᠳᠠ ᠳᠠᠭᠠᠨ ᠣᠢ᠌ᠷᠠᠬᠠᠨ ᠪᠠᠢ᠌ᠨ᠎ᠠ
ᠨᠠᠷᠠ ᠣᠰᠤ ᠲᠡᠩᠴᠡᠬᠦᠤ ᠯᠠ ᠪᠠᠢ᠌ᠪᠠᠯ
ᠴᠠᠢ᠌ᠳᠠᠮ ᠳᠠᠭᠠᠨ ᠳᠡᠯᠭᠡᠷᠡᠵᠤ ᠯᠠ ᠪᠠᠢ᠌ᠮᠠᠷ
ᠠᠷᠤ ᠴᠠᠢ᠌ᠳᠠᠮ ᠤᠨ ᠴᠡᠴᠡᠭ᠌ ᠮᠢᠨᠢ ᠭᠦ
ᠨᠠᠰᠤᠨ ᠳᠤᠷᠰᠢ ᠪᠠᠨ ᠰᠠᠨᠠᠵᠤ ᠯᠠ ᠶᠠᠪᠣᠪᠠᠯ
ᠵᠢᠷᠦᠭᠡᠨ ᠳᠡᠭᠡᠨ ᠳᠠᠭᠤᠯᠠᠵᠤ ᠯᠠ ᠪᠠᠢ᠌ᠮᠠᠷ
ᠠᠢ᠌ᠯ ᠤᠨ ᠪᠣᠷᠤᠬᠠᠨ ᠪᠦᠰᠡᠭᠦᠢ ᠮᠢᠨᠢ ᠭᠦ
ᠠᠯᠠᠭᠠᠨ ᠭᠤᠤᠯ ᠳᠠᠭᠠᠨ ᠠᠮᠠᠨ ᠣᠰᠤ ᠪᠠᠷ
ᠣᠷᠭᠤᠭᠤᠯᠵᠤ ᠪᠣᠯᠤᠮᠠᠷ ᠥᠭᠡᠢ
ᠠᠷᠤ ᠴᠠᠢ᠌ᠳᠠᠮ ᠤᠨ ᠴᠡᠴᠡᠭ᠌ ᠮᠢᠨᠢ ᠭᠦ
ᠠᠯᠳᠠᠨ ᠣᠷᠤᠭ ᠲᠠᠭᠠᠨ ᠲᠦᠮᠡᠨ ᠶᠤᠰᠤ ᠪᠠᠷ
ᠪᠣᠭᠳᠤᠯᠠᠭᠤᠯᠵᠤ ᠪᠣᠯᠬᠤ ᠥᠭᠡᠢ
ᠠᠢ᠌ᠯ ᠤᠨ ᠪᠣᠷᠤᠬᠠᠨ ᠪᠦᠰᠡᠭᠦᠢ ᠮᠢᠨᠢ ᠭᠦ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ
ᠵᠤᠬᠢᠶᠠᠭᠴᠢ᠄ ᠳ᠋·ᠪᠠᠶᠠᠠᠪᠠᠳᠠᠷᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 01 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ