☆ ᠪᠠ᠊·ᠣᠤᠠᠬᠤᠠᠪᠠᠭᠠᠳᠤᠷ
ᠨᠢᠭᠤᠴᠠᠬᠠᠨ ᠳᠤᠷᠠᠯᠠᠯ
᠊᠊᠊᠊᠊᠊᠊᠊᠊᠊᠊᠊᠊᠊᠊ ᠳᠠᠭᠤᠨ ᠤ ᠥᠭᠡ
ᠨᠢᠭᠤᠴᠠ ᠨᠢᠭᠤᠴᠠᠬᠠᠨ ᠬᠠᠢ᠌ᠷ᠎ᠠ ᠪᠠᠷ ᠵᠢᠠᠨ
ᠨᠢᠭᠡ ᠶᠢ ᠪᠠᠨ ᠯᠠ ᠳᠤᠷᠠᠰᠴᠤ ᠶᠠᠪᠣᠶ᠎ᠠ
ᠨᠥᠭᠦᠭᠡᠰᠤ ᠦᠭᠡᠶ ᠠᠮᠢᠳᠤᠷᠠᠯ ᠢ ᠴᠢᠨᠢ
ᠪᠦᠳᠤᠨ ᠶᠢᠡᠷ ᠨᠢ ᠪᠠᠢ᠌ᠯᠭᠠᠵᠤ ᠬᠠᠢ᠌ᠷᠠᠯᠠᠶ᠎ᠠ
ᠨᠢᠭᠤᠴᠠ ᠨᠢᠭᠤᠴᠠᠬᠠᠨ ᠬᠠᠢ᠌ᠷ᠎ᠠ ᠪᠠᠷ ᠵᠢᠠᠨ
ᠨᠢᠭᠡ ᠶᠢ ᠪᠠᠨ ᠬᠠᠢ᠌ᠷᠠᠯᠠᠨ ᠵᠢᠷᠭᠠᠶ᠎ᠠ ᠳ᠋ᠠ
ᠰᠡᠳᠭᠢᠯ ᠰᠡᠳᠭᠢᠯ ᠤᠨ ᠰᠢᠪᠠᠨᠡᠭᠡ ᠪᠠᠷ
ᠨᠢᠭᠡ ᠶᠢ ᠪᠠᠨ ᠯᠠ ᠰᠠᠨᠠᠵᠤ ᠶᠠᠪᠣᠶ᠎ᠠ
ᠰᠠᠢ᠌ᠬᠠᠨ ᠵᠢᠷᠭᠠᠯᠳᠤ ᠠᠮᠢᠳᠤᠷᠠᠯ ᠢ ᠴᠢᠨᠢ
ᠰᠠᠪ ᠥᠭᠡᠢ᠌ᠯᠭᠡᠨ ᠶᠢᠡᠷ ᠨᠢ ᠪᠠᠢ᠌ᠯᠭᠠᠶ᠎ᠠ
ᠨᠢᠭᠤᠴᠠ ᠨᠢᠭᠤᠴᠠᠬᠠᠨ ᠬᠠᠢ᠌ᠷ᠎ᠠ ᠪᠠᠷ ᠵᠢᠠᠨ
ᠨᠢᠭᠡ ᠶᠢ ᠪᠠᠨ ᠬᠠᠢ᠌ᠷᠠᠯᠠᠨ ᠵᠢᠷᠭᠠᠶ᠎ᠠ ᠳ᠋ᠠ
ᠵᠢᠷᠦᠭᠡ ᠵᠢᠷᠦᠭᠡᠨ ᠤ ᠪᠠᠨ ᠯᠤᠭᠰᠢᠯ ᠵᠢᠠᠷ
ᠨᠢᠭᠡ ᠶᠢ ᠪᠠᠨ ᠯᠠ ᠮᠠᠳᠠᠷᠠᠵᠤ ᠶᠠᠪᠣᠶ᠎ᠠ
ᠵᠦᠪ ᠰᠡᠳᠭᠢᠯ ᠲᠡᠶ ᠠᠮᠢᠳᠤᠷᠠᠯ ᠢ ᠴᠢᠨᠢ
ᠵᠦᠩᠨᠠᠯ ᠶᠢᠡᠨ ᠡᠷᠭᠦᠨ ᠳᠠᠭᠤᠯᠠᠶ᠎ᠠ ᠳ᠋ᠠ
ᠨᠢᠭᠤᠴᠠ ᠨᠢᠭᠤᠴᠠᠬᠠᠨ ᠬᠠᠢ᠌ᠷ᠎ᠠ ᠪᠠᠷ ᠵᠢᠠᠨ
ᠨᠢᠭᠡ ᠶᠢ ᠪᠠᠨ ᠬᠠᠢ᠌ᠷᠠᠯᠠᠨ ᠵᠢᠷᠭᠠᠶ᠎ᠠ ᠳ᠋ᠠ
ᠬᠤᠠᠳᠤ ᠨᠠᠭᠤᠷ ᠤᠨ ᠭᠦᠪᠠᠭᠡᠨ ᠳ᠋ᠠᠭᠢ ᠬᠤᠪᠠᠬᠠᠢ᠌ᠷᠠᠬᠤ ᠣᠴᠢᠷ ᠦᠭᠡᠶ ᠴᠡᠴᠡᠭ᠌ ᠲᠤ ᠵᠤᠷᠢᠭᠤᠯᠪᠠ᠃
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2011 ᠤᠨ ᠤ 09 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ