☆ ᠴᠡᠪᠰᠢᠭ᠌
ᠮᠡᠷᠭᠡᠨ ᠡᠮᠴᠢ
ᠮᠡᠷᠭᠡᠨ ᠡᠮᠴᠢ ᠶᠢᠨ ᠳᠤᠷ᠎ᠠ ᠰᠤᠨᠢᠷᠬᠠᠯ ᠣᠯᠠᠨ ᠳᠠᠯ᠎ᠠ ᠲᠡᠶ᠃ ᠳᠠᠷᠠ ᠠᠨᠠᠭᠠᠬᠤ ᠣᠬᠠᠭᠠᠨ ᠳᠠᠭᠠᠨ ᠴᠠᠭᠠᠷᠠᠭᠰᠠᠨ ᠡᠴᠡ ᠭᠠᠳᠠᠨ᠎ᠠ ᠵᠤᠬᠢᠶᠠᠨ ᠪᠢᠴᠢᠯᠭᠡ᠂ ᠭᠡᠷᠡᠯ ᠵᠢᠷᠤᠭ᠂ ᠪᠠᠶ᠎ᠠ ᠶᠢᠨ ᠳᠠᠮᠢᠷ ᠲᠤ ᠪᠠᠰᠠ ᠠᠪᠢᠶᠠᠰ ᠲᠡᠶ ᠶᠤᠮ᠃ ᠡᠢ᠌ᠮᠤ ᠡᠴᠡ ᠪᠢ ᠪᠢᠴᠢᠭ᠍ᠰᠡᠨ ᠶᠠᠭᠤᠮ᠎ᠠ ᠪᠠᠨ ᠳᠡᠭᠦᠨ ᠳᠤ ᠯᠠ ᠥᠵᠡᠭᠦᠯᠳᠡᠭ᠌᠃ ᠮᠠ᠊ ᠡᠮᠴᠢ ᠳᠦᠷᠦᠭᠦᠤ ᠭᠤᠷᠪᠠᠨ ᠵᠤᠬᠢᠶᠠᠯ ᠢ ᠮᠢᠨᠢ ᠥᠵᠡᠭᠡᠤᠨ᠄ 《ᠨᠠᠯᠢᠶᠠᠤᠨ ᠰᠤᠠᠵᠢᠷᠠᠵᠠᠢ᠂ ᠪᠣᠰᠤᠳ ᠳᠠᠯ᠎ᠠ ᠪᠠᠷ ᠶᠢᠡᠨ ᠪᠣᠯᠵᠤ ᠪᠠᠢ᠌ᠨ᠎ᠠ᠂ ᠣᠬᠤᠷ ᠠᠪᠰᠠᠷᠬᠠᠨ ᠪᠣᠯᠭᠠᠵᠤ ᠵᠠᠰᠠ》 ᠭᠡᠪᠡ᠃ ᠭᠡᠳᠡᠯ᠎ᠡ ᠪᠢ ᠪᠢᠴᠢᠭ᠍ᠰᠡᠨ ᠶᠠᠭᠤᠮ᠎ᠠ ᠪᠠᠨ ᠣᠬᠤᠷ ᠠᠪᠰᠠᠷᠬᠠᠨ ᠪᠣᠯᠭᠠᠬᠤ ᠵᠤᠷᠢᠭ ᠦᠭᠡᠶ᠂ ᠳᠠᠩᠴᠢ ᠬᠠᠢ᠌ᠷᠠᠨ ᠰᠠᠨᠠᠭᠳᠠᠭᠠᠤᠨ ᠪᠠᠢ᠌ᠬᠤ ᠶᠤᠮ᠃ ᠳᠠᠢ᠌ᠮᠤ ᠡᠴᠡ ᠳᠠᠷᠠ ᠭᠤᠷᠪᠠᠨ ᠵᠤᠬᠢᠶᠠᠯ ᠶᠢᠡᠨ ᠳᠠᠳᠠᠭᠤᠷ ᠲᠠᠭᠠᠨ ᠴᠢᠭᠢᠵᠤ ᠣᠷᠭᠢᠭᠠᠤᠨ᠂ ᠳᠦᠷᠪᠠᠳᠦᠭᠡᠷ ᠵᠤᠬᠢᠶᠠᠯ ᠶᠢᠡᠨ ᠪᠢᠴᠢᠵᠤ ᠦᠭᠭᠦᠯ᠎ᠡ᠃ ᠮᠠ᠊ ᠡᠮᠴᠢ ᠦᠵᠡᠵᠤ ᠪᠠᠢ᠌ᠭᠠᠤᠨ ᠮᠦᠨ ᠯᠠ ᠳᠡᠭᠡᠷᠡᠭᠢ ᠲᠡᠶ ᠪᠠᠨ ᠠᠳᠠᠯᠢ ᠰᠠᠨᠠᠯ ᠦᠭᠭᠦᠪᠡ᠃ ᠪᠢ ᠡᠨᠡ ᠵᠤᠬᠢᠶᠠᠯ ᠶᠢᠡᠨ ᠠᠪᠴᠢᠷᠠᠭᠠᠤᠨ ᠵᠠᠰᠠᠭᠰᠠᠨ ᠤ ᠳ᠋ᠦ᠋ᠩ ᠳᠤ ᠠᠷᠪᠠᠭᠠᠤᠨ ᠥᠰᠦᠭ᠌ ᠬᠠᠰᠤᠭᠳᠠᠭᠰᠠᠨ ᠪᠣᠯᠪᠠᠴᠤ ᠵᠢᠷᠭᠤᠭᠠᠬᠠᠨ ᠥᠭᠦᠯᠡᠪᠦᠷᠢ ᠨᠡᠮᠡᠭ᠍ᠳᠡᠯ᠎ᠡ (ᠶᠡᠭᠡ ᠨᠡᠮᠡᠭ᠍ᠳᠡᠭ᠍ᠰᠡᠨ ᠥᠭᠡᠢ)᠃ ᠳᠡᠭᠡᠭᠡᠤᠨ ᠡᠨᠡ ᠭᠦ 《ᠵᠠᠰᠠᠭᠳᠠᠭᠰᠠᠨ》 ᠡᠭᠡ ᠪᠢᠴᠢᠭ᠌ ᠶᠢᠡᠨ ᠳᠠᠭᠢᠨ ᠮᠠ᠊ ᠡᠮᠴᠢ ᠳᠤ ᠦᠭᠭᠦᠭᠡᠤᠨ ᠰᠠᠷ᠎ᠠ ᠪᠣᠯᠪᠠ᠃ ᠣᠳᠤ ᠭᠡᠷ ᠳᠤᠨᠢ ᠣᠴᠢᠬᠤ ᠶᠤᠮ᠃
ᠭᠡᠷᠡᠯ ᠳᠠᠳᠠᠭᠰᠠᠨ ᠳᠦᠭᠦᠷᠢᠭ᠌ ᠰᠢᠷ᠎ᠠ ᠴᠢᠷᠠᠢ ᠲᠡᠶ᠂ ᠢᠳᠠᠷ ᠨᠠᠰᠤᠨ ᠳᠠᠭᠠᠨ ᠰᠠᠢ᠌ᠬᠠᠨ ᠳᠤᠭᠢᠷᠠᠭᠰᠠᠨ ᠡᠷᠡᠭᠦᠯ ᠴᠢᠭᠢᠷᠠᠭ ᠪᠠᠶ᠎ᠠ ᠲᠡᠶ᠂ ᠭᠡᠵᠢᠶᠡᠳᠡ ᠢᠨᠢᠶᠡᠮᠰᠦᠭᠯᠡᠵᠤ ᠪᠠᠢ᠌ᠳᠠᠭ ᠡᠮᠴᠢ ᠭᠤᠸᠠᠢ ᠮᠠᠨᠢ ᠦᠨᠦᠳᠤᠷ ᠣᠯᠠᠨ ᠨᠤᠮ ᠣᠪᠣᠭᠠᠯᠠᠭᠰᠠᠨ ᠰᠢᠷᠡᠭᠡᠨ ᠤ ᠪᠠᠨ ᠴᠠᠭᠠᠨ᠎ᠠ ᠣᠷᠮ᠎ᠠ ᠮᠠᠭᠤᠳᠠᠢ᠂ ᠣᠷᠤᠭᠤ ᠴᠢᠷᠠᠢ᠌ᠳᠠᠢ ᠰᠠᠭᠤᠨ᠎ᠠ᠃ 《ᠮᠠ᠊ ᠡᠮᠴᠢ ᠳᠠᠨ ᠤ ᠪᠠᠶ᠎ᠠ ᠴᠢᠯᠡᠭᠡ ᠲᠡᠶ ᠦᠦ︖》᠂《ᠦᠭᠡᠶ》᠃ ᠳᠠᠷᠠ ᠨᠠᠳᠠ ᠳᠤ ᠨᠢᠭᠡ ᠳᠠᠮᠠᠭᠢ ᠬᠠᠶᠠᠵᠤ ᠦᠭᠭᠦᠭᠡᠤᠨ ᠰᠠᠠᠳᠠᠯᠢ ᠶᠢᠨ ᠶᠢᠡᠨ ᠳᠦᠰᠢᠯᠭᠡ ᠶᠢ ᠠᠷᠤ ᠳᠠᠭᠠᠨ ᠠᠯᠳᠠᠯᠠᠨ ᠲᠦᠰᠢᠵᠤ᠄ 《ᠮᠢᠨᠤ ᠭᠦᠤ ᠶᠢᠨ ᠨᠢᠭᠡ ᠭᠠᠷ ᠳᠤᠨᠢ ᠵᠢᠷᠭᠤᠭᠠᠨ ᠬᠤᠷᠤᠭᠤ ᠲᠡᠶ ᠪᠠᠢ᠌ᠭᠰᠠᠨ ᠶᠤᠮ — ᠡᠷᠡᠭᠡᠢ ᠶᠢᠨ ᠭᠢᠨᠢ ᠬᠠᠵᠠᠭᠤ ᠳᠤ ᠢᠯᠡᠭᠦᠤ ᠨᠢᠭᠡ ᠬᠤᠷᠤᠭᠤ ᠲᠡᠶ᠃ ᠳᠠᠷᠠ ᠨᠢ ᠥᠵᠡᠭᠦ ᠳᠤ ᠮᠠᠭᠤᠬᠠᠢ ᠮᠥᠷᠳᠡᠭᠡᠨ ᠣᠢ᠌ᠯᠠ ᠭᠢᠳᠠᠯ ᠳ᠋ᠤᠨᠢ ᠴᠤ ᠰᠠᠭᠠᠤᠨ ᠪᠣᠯᠤᠭᠠᠤᠨ ᠪᠠᠢ᠌ᠳᠠᠭ᠃ ᠣᠷᠴᠢᠮ ᠮᠠᠨ ᠤ ᠡ᠊ᠨᠳᠡᠭᠢ ᠡᠮᠴᠢ ᠨᠡᠷ ᠶᠠᠷᠢᠯᠴᠠᠵᠤ ᠥᠵᠡᠭᠡᠤᠨ ᠳᠡᠭᠦᠨ ᠢ ᠨᠢ ᠣᠭᠳᠤᠯᠵᠤ ᠬᠠᠶᠠᠬᠤ ᠰᠠᠨᠠᠯ ᠭᠠᠷᠭᠠᠪᠠ᠃ ᠭᠡᠳᠡᠯ᠎ᠡ ᠪᠢ ᠡᠨᠡ ᠰᠠᠨᠠᠯ ᠳᠡᠭᠡᠷ᠎ᠡ ᠨᠢ ᠭᠡᠷ ᠤᠨ ᠠᠬᠠᠮᠠᠤᠨ ᠤᠨ ᠬᠤᠪᠢ ᠪᠠᠷ ᠭᠠᠷ ᠤᠨ ᠥᠰᠦᠭ᠌ ᠵᠢᠷᠤᠵᠤ ᠴᠢᠳᠠᠬᠤ ᠦᠭᠡᠶ ᠠᠷᠭ᠎ᠠ ᠶᠠᠳᠠᠭᠠᠤᠨ ᠰᠠᠭᠤᠵᠤ ᠪᠠᠢ᠌ᠨ᠎ᠠ》 ᠭᠡᠵᠤ ᠭᠡᠯᠡᠪᠡ᠃
ᠡ ᠳ᠋ᠠ᠂ ᠣᠤᠯ ᠨᠢ ᠡᠢ᠌ᠮᠤ ᠯᠠ ᠪᠠᠢ᠌ᠵᠠᠢ᠃ ᠪᠢ᠄ 《ᠭᠠᠷ ᠨᠢ ᠡᠪᠠᠦᠡᠭᠦ ᠪᠣᠢ ᠭᠡᠵᠤ ᠵᠢᠷᠦᠭᠡ ᠰᠢᠮᠰᠢᠷᠡᠭᠡᠤᠨ ᠪᠠᠢ᠌ᠪᠠᠯ ᠬᠤᠵᠢᠮ ᠬᠣᠢ᠌ᠰᠢᠳᠠ ᠶᠢᠨ ᠶᠠᠪᠣᠳᠠᠯ ᠳ᠋ᠤᠨᠢ ᠶᠤᠰᠤᠳᠠᠢ ᠰᠠᠭᠠᠤᠨ ᠪᠣᠯᠵᠤ ᠮᠠᠳᠠᠨ᠎ᠠ ᠰᠢᠤ᠂ ᠭᠡᠷᠡᠭ᠌ ᠦᠭᠡᠶ ᠶᠠᠭᠤᠮ᠎ᠠ ᠶᠢ ᠭᠡᠷᠴᠢᠵᠤ ᠬᠠᠶᠠᠬᠤ ᠦᠭᠡᠶ ᠶᠠᠭᠠᠭᠢᠬᠤ ᠭᠡᠰᠡᠨ ᠪᠣᠢ︖》 ᠭᠡᠵᠤ ᠰᠤᠷᠭᠠᠯ ᠠᠢ᠌ᠯᠠᠤᠠᠪᠠ᠃ ᠮᠠ᠊ ᠡᠮᠴᠢ ᠡᠨᠡ ᠥᠭᠡ ᠶᠢ ᠰᠤᠨᠤᠰᠤᠮᠠᠭᠴᠠ ᠣᠷᠮ᠎ᠠ ᠨᠢ ᠰᠡᠷᠭᠦᠨ ᠣᠷᠤᠭᠰᠢ ᠳᠠᠪᠰᠢᠵᠤ᠄ 《ᠴᠢ ᠡᠨᠡ ᠶᠤᠰᠤ ᠶᠢ ᠮᠠᠳᠠᠵᠤ ᠪᠠᠢ᠌ᠬᠤ ᠨᠢ ᠶᠡᠭᠡ ᠰᠠᠢ᠌ᠨ︕ ᠵᠤᠬᠢᠶᠠᠯ ᠳᠤᠳᠤᠷ᠎ᠠ ᠴᠢᠨᠢ ᠢᠯᠡᠭᠦᠴᠡ ᠭᠡᠷᠡᠭ᠌ ᠦᠭᠡᠶ ᠶᠠᠭᠤᠮ᠎ᠠ ᠳᠦᠴᠢᠨᠠᠨ ᠪᠠᠢ᠌ᠵᠤ ᠪᠠᠢ᠌ᠳᠠᠯ᠎ᠠ ᠴᠢ ᠶᠠᠭᠠᠭᠢᠭᠠᠤᠨ ᠬᠠᠰᠤᠬᠤ ᠵᠤᠷᠢᠭ ᠭᠦᠷᠭᠦ ᠦᠭᠡᠶ ᠪᠠᠢ᠌ᠭᠠᠤᠨ ᠪᠠᠢ᠌ᠳᠠᠭ ᠪᠣᠢ︖》 ᠭᠡᠪᠡ᠃ ᠪᠢ ᠭᠡᠯᠡᠭᠦ ᠥᠭᠡ ᠦᠭᠡᠶ ᠪᠣᠰᠤᠯ᠎ᠠ᠃ ᠮᠠᠨ ᠤ ᠮᠠ᠊ ᠡᠮᠴᠢ ᠭᠡᠵᠤ ᠨᠠᠷᠠ ᠨᠢᠳᠠᠷ ᠲᠡᠭᠡᠨ ᠨᠡᠢ᠌ᠴᠡᠭ᠍ᠰᠡᠨ ᠮᠡᠷᠭᠡᠨ ᠡᠮᠴᠢ ᠶᠤᠮ ᠳ᠋ᠠ᠃ ᠳᠠᠷᠠ ᠪᠠᠭ᠎ᠠ ᠤᠳᠡᠰᠭᠢᠭᠡᠤᠨ᠄ 《ᠭᠡᠳᠡᠯ᠎ᠡ ᠪᠢ ᠵᠤᠬᠢᠶᠠᠯ ᠪᠦᠭᠦᠨ ᠢ ᠣᠬᠤᠷ ᠪᠢᠴᠢᠭᠦ ᠭᠡᠷᠡᠭ᠍ᠳᠡᠢ ᠭᠡᠵᠤ ᠪᠠᠢ᠌ᠭ᠎ᠠ ᠴᠤ ᠪᠢᠰᠢ᠂ ᠭᠡᠷᠡᠭ᠍ᠳᠡᠢ ᠪᠣᠯ ᠭᠡᠴᠢᠨᠡᠨ ᠴᠤ ᠣᠷᠳᠤ ᠪᠢᠴᠢᠵᠤ ᠪᠣᠯᠤᠨ᠎ᠠ᠃ ᠭᠡᠷᠡᠭ᠌ ᠦᠭᠡᠶ ᠪᠣᠯ ᠥᠭᠡ ᠶᠢᠨ ᠣᠪᠣᠭ᠎ᠠ ᠥᠰᠦᠭ᠌ ᠤᠨ ᠴᠤᠪᠣᠭ᠎ᠠ ᠪᠠᠷ ᠶᠠᠭᠤ ᠭᠢᠨ᠎ᠠ︖ ᠳᠠᠢ᠌ᠮᠤ ᠦᠦ᠂ ᠦᠭᠡᠶ ᠦᠦ︖》 ᠭᠡᠭᠦ ᠳ᠋ᠤᠨᠢ ᠳᠤᠯᠤᠭᠠᠢ ᠳᠤᠭᠢᠯ᠎ᠠ᠃ ᠳᠡᠭᠦᠨ ᠡᠴᠡ ᠬᠣᠢ᠌ᠰᠢ ᠪᠢ᠁
ᠵᠤᠬᠢᠶᠠᠭᠴᠢ᠄ ᠴᠡᠪᠰᠢᠭ᠌
ᠢᠷᠡᠯᠲᠡ᠄ ᠨᠡᠷᠡᠡᠴᠡᠴᠡᠭ᠌
ᠬᠠᠷᠢᠶ᠎ᠠ᠄
ᠥᠭᠥᠯᠡᠯᠭᠡᠳᠠᠷᠤᠮ᠄ 9243
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ