ᠨᠡᠪᠲᠡᠷᠡᠨ ᠤᠷᠤᠬᠤ
ᠮᠤᠩᠭ᠋ᠤᠯ ᠣᠮᠤᠭᠰᠢᠯ

ᠬᠠᠨᠠᠢ᠌ᠨ ᠮᠥᠩᠭᠡᠵᠢᠭ᠍ᠰᠡᠨ ᠭᠦᠮᠤᠨ ᠴᠢᠯᠠᠭᠤ ᠶᠢ ᠮᠤᠩᠭ᠋ᠤᠯ ᠭᠡᠳᠡᠭ᠌

ᠬᠠᠷᠠᠭ᠎ᠠ ᠳᠠᠰᠤᠷᠠᠭᠰᠠᠨ ᠠᠭᠤᠵᠢᠮ ᠭᠦᠪᠴᠢ ᠶᠢ ᠮᠤᠩᠭ᠋ᠤᠯ ᠤᠨ ᠥᠡᠳᠦᠷᠯᠢᠭ᠌ ᠭᠡᠳᠡᠭ᠌

ᠬᠤᠷᠸ᠎ᠠ  ᠣᠶᠠᠩᠭ᠋ᠠᠯᠠᠭᠰᠠᠨ ᠮᠥᠩᠭᠦᠨ ᠠᠶᠠᠯᠭᠤ ᠶᠢ ᠮᠤᠷᠢᠨ ᠬᠤᠭᠤᠷ ᠭᠡᠳᠡᠭ᠌

ᠬᠠᠮᠢᠭ᠎ᠠ ᠴᠤ ᠰᠥᠷᠯᠢᠭᠦᠨ ᠪᠣᠰᠤᠭ᠎ᠠ ᠪᠢᠴᠢᠭ᠌ ᠢ ᠮᠤᠩᠭ᠋ᠤᠯ ᠥᠰᠦᠭ᠌ ᠭᠡᠳᠡᠭ᠌

ᠮᠤᠩᠭ᠋ᠤᠯ ᠭᠡᠷ ᠤᠨ ᠬᠠᠶᠠᠭ᠎ᠠ ᠠᠳᠤᠭᠤᠨ ᠣᠶᠠᠭ᠎ᠠ ᠳᠠᠢ

ᠮᠠᠯ ᠤᠨ ᠬᠤᠳᠠᠨ ᠵᠠᠬ᠎ᠠ ᠳᠤ ᠠᠷᠭᠠᠯ ᠤᠨ ᠣᠪᠣᠭ᠎ᠠ ᠳᠠᠢ

ᠮᠠᠯ ᠲᠠᠭᠠᠨ ᠬᠠᠢ᠌ᠷᠠᠳᠠᠢ ᠡᠵᠢ ᠶᠢᠨ ᠬᠤᠷᠮᠤᠢ ᠳ᠋ᠤ ᠰᠦ᠋ ᠳᠤᠰᠤᠳᠠᠢ

ᠮᠤᠷᠢᠨ ᠳᠠᠭᠠᠨ ᠡᠭᠡᠯᠢᠳᠡᠢ ᠠᠪᠣ ᠶᠢᠨ ᠭᠠᠷ ᠲᠤ ᠰᠥᠷᠦᠭ᠌ ᠭᠡᠰᠢᠭ᠍ᠳᠡᠢ

ᠭᠦᠭ᠍ᠰᠢᠳ ᠡᠪᠦᠭᠡᠤᠨ ᠤᠨ ᠡᠮᠦᠨᠡᠭᠦᠷ ᠭᠦᠡᠳᠡᠯᠡᠨ ᠭᠠᠷᠳᠠᠭ ᠥᠭᠡᠢ

ᠭᠢᠳᠤᠭ᠎ᠠ ᠬᠠᠢ᠌ᠴᠢ ᠶᠢᠨ ᠥᠵᠦᠭᠦᠷ ᠬᠠᠠᠳᠤᠭᠤᠯᠠᠨ ᠥᠭ᠍ᠳᠡᠭ᠌ ᠥᠭᠡᠢ

ᠳᠠᠰᠢᠭᠤᠷ ᠮᠢᠯᠠᠭ᠎ᠠ  ᠪᠠᠷᠢᠵᠤ ᠠᠢ᠌ᠯ ᠳᠤ ᠣᠷᠤᠳᠠᠭ ᠥᠭᠡᠢ

ᠳᠡᠮᠡᠭᠡ ᠮᠤᠷᠢᠨ ᠳᠤᠯᠤᠭᠠᠢ ᠣᠷᠤᠭᠤ ᠴᠤᠭᠢᠵᠤ ᠳᠠᠰᠢᠭᠤᠷᠳᠠᠳᠠᠭ ᠥᠭᠡᠢ

ᠠᠪᠣ ᠶᠢᠨ ᠶᠢᠡᠨ ᠨᠠᠷ᠎ᠠ ᠪᠠᠷ ᠠᠮᠠᠯᠠᠳᠠᠭ ᠥᠭᠡᠢ

ᠠᠪᠠᠭ᠎ᠠ ᠨᠠᠭᠠᠴᠤ ᠶᠢᠨ ᠶᠢᠡᠨ ᠳᠤᠯᠤᠭᠠᠢ ᠳᠤ ᠭᠠᠷ ᠭᠦᠷᠳᠡᠭ᠌ ᠥᠭᠡᠢ

ᠬᠤᠳᠠ ᠬᠤᠷᠤᠭ᠎ᠠ ᠣᠷᠤᠭᠤ 〈ᠮᠤᠷᠢ ᠬᠠᠷᠠᠳᠠᠭ〉 ᠥᠭᠡᠢ

ᠬᠠᠷ᠎ᠠ ᠪᠣᠯᠠᠭ ᠳᠤᠮᠳᠠ ᠊ᠭ᠌‍ᠬᠢᠷ ᠤᠬᠢᠶᠡᠳᠡᠭ ᠦᠭᠡᠶ

ᠠᠽᠢᠶ᠎ᠠ ᠶᠢᠨ ᠭᠦᠭᠡ ᠣᠷᠤᠴᠠᠨ ᠳ᠋ᠤ ᠡᠪᠦᠭᠡᠤᠨ ᠤᠨ ᠣᠩᠭ᠋ᠤᠨ ᠲ᠋ᠠᠢ ᠣᠴᠢᠷ

ᠠᠯᠳᠠᠨ ᠣᠪᠣᠭᠳᠤ ᠮᠤᠩᠭ᠋ᠤᠯ ᠳᠠᠭᠠᠨ ᠡᠴᠢᠭᠡ ᠶᠢᠨ ᠣᠳᠤᠮ ᠲᠡᠶ ᠣᠴᠢᠷ

ᠬᠠᠨᠠᠭᠠᠷ ᠮᠤᠩᠭ᠋ᠤᠯ ᠨᠤᠳᠤᠭ ᠳᠤᠨᠢ ᠬᠤᠷᠠᠭ᠎ᠠ ᠲᠡᠶ ᠳᠤᠭᠯᠠᠨ ᠪᠠᠢ᠌ᠵᠤ ᠥᠰᠦᠭ᠍ᠰᠡᠨ ᠣᠴᠢᠷ

ᠬᠠᠷ᠎ᠠ ᠨᠤᠭᠤᠭᠠᠨ ᠳᠠᠯ᠎ᠠ ᠳ᠋ᠤᠨᠢ ᠭᠤᠳᠤᠯ ᠤᠨ ᠮᠦᠷ ᠲᠡᠶ ᠭᠦᠯ ᠳᠤ ᠣᠷᠤᠭᠰᠠᠨ ᠣᠴᠢᠷ

ᠪᠢ ᠮᠤᠩᠭ᠋ᠤᠯ ᠶᠢᠡᠷ ᠶᠢᠡᠨ ᠣᠮᠤᠭᠰᠢᠳᠠᠭ

ᠨᠠᠷᠠ ᠵᠦᠪ ᠣᠭᠤᠰᠤᠷᠯᠠᠭᠰᠠᠨ ᠳᠤᠭᠤᠨᠤ ᠨᠢ ᠳᠩᠷᠢ ᠳᠤᠪᠯᠠᠭᠰᠠᠨ ᠣᠴᠢᠷ

ᠳᠡᠯᠡᠭᠡᠢ ᠬᠠᠭᠠᠰ ᠴᠠᠭᠢᠯᠠᠭᠰᠠᠨ ᠳᠤᠷᠤᠭᠤ ᠨᠢ ᠭᠠᠵᠠᠷ ᠳᠠᠮᠠᠭᠠᠯᠠᠭᠰᠠᠨ ᠣᠴᠢᠷ

ᠮᠤᠩᠭ᠋ᠤᠯ ᠤᠨ ᠶᠡᠭᠡ ᠳᠠᠯ᠎ᠠ ᠳᠤ ᠡᠷ᠎ᠡ ᠶᠢᠨ ᠵᠠᠶᠠᠭ᠎ᠠ ᠲᠡᠶ ᠲᠦᠷᠦᠭᠰᠠᠨ ᠣᠴᠢᠷ

ᠮᠣᠢ᠌ᠯ ᠬᠠᠷ᠎ᠠ ᠨᠢᠳᠤᠳᠠᠢ ᠪᠦᠰᠡᠭᠦᠢ ᠳᠤᠨᠢ ᠬᠠᠢ᠌ᠷ᠎ᠠ ᠶᠢᠨ ᠭᠡᠰᠢᠭ᠌ ᠲᠡᠶ ᠵᠠᠶᠠᠭᠠᠭᠰᠠᠨ ᠣᠴᠢᠷ

ᠪᠢ ᠮᠤᠩᠭ᠋ᠤᠯ ᠶᠢᠠᠷ ᠵᠢᠠᠨ ᠣᠮᠤᠭᠰᠢᠳᠠᠭ

ᠬᠠᠨᠳᠠᠭᠠᠢ ᠭᠡᠪᠳᠡᠭ᠍ᠰᠡᠨ ᠢᠩᠭᠡ ᠰᠦ᠋ ᠪᠠᠷ ᠬᠠᠷᠠᠭᠠᠨ᠎ᠠ ᠨᠢ ᠭᠦᠷᠳᠡᠯ᠎ᠡ ᠰᠢᠮ᠎ᠠ ᠲᠡᠶ ᠣᠴᠢᠷ

ᠬᠠᠨ ᠳᠩᠷᠢ ᠶᠢᠨ ᠠᠶᠠᠰ ᠶᠢᠡᠷ ᠬᠠᠳᠠᠤᠨ ᠭᠦᠷᠳᠡᠯ᠎ᠡ ᠴᠡᠩᠭᠡᠷᠭᠡᠨ ᠣᠴᠢᠷ

ᠠᠭᠤᠯᠵᠭᠰᠠᠨ ᠬᠤᠶᠠᠷ ᠭᠦᠮᠤᠨ ᠤ ᠥᠭᠡ ᠨᠢ ᠭᠦᠷᠳᠡᠯ᠎ᠡ ᠢᠷᠦᠭᠡᠯ ᠲ᠋ᠡᠢ ᠣᠴᠢᠷ

ᠣᠶᠤᠳᠠᠯ ᠰᠠᠢ᠌ᠳᠠᠢ ᠡᠵᠢ ᠶᠢᠨ ᠮᠢᠨᠢ ᠣᠭ ᠨᠢ ᠣᠷᠠᠨ ᠪᠠᠢ᠌ᠳᠠᠭ ᠣᠴᠢᠷ

ᠪᠢ ᠮᠤᠩᠭ᠋ᠤᠯ ᠶᠢᠡᠷ ᠵᠢᠠᠨ ᠣᠮᠤᠭᠰᠢᠳᠠᠭ

ᠪᠢ ᠣᠮᠤᠭᠰᠢᠳᠠᠭ

ᠮᠤᠷᠢᠨ ᠲᠤᠭᠤᠷᠠᠢ ᠶᠢᠨ ᠭᠡ ᠲᠡᠶ ᠳᠠᠯ᠎ᠠ ᠪᠠᠷ ᠨᠢ ᠣᠮᠤᠭᠰᠢᠳᠠᠭ

ᠮᠤᠩᠭ᠋ᠤᠯ ᠤᠨ ᠦᠨᠦᠷ ᠲᠡᠶ ᠰᠠᠯᠭᠢ ᠪᠠᠷ ᠨᠢ ᠣᠮᠤᠭᠰᠢᠳᠠᠭ

ᠮᠠᠨᠢ ᠶᠢᠨ ᠵᠢᠷᠭᠤᠭᠠᠨ ᠥᠰᠦᠭ᠌ ᠰᠢᠭ᠌ ᠨᠠᠷ᠎ᠠ ᠪᠠᠷ ᠨᠢ ᠣᠮᠤᠭᠰᠢᠳᠠᠭ

ᠪᠢ ᠣᠮᠤᠭᠰᠢᠳᠠᠭ

ᠨᠠᠷ᠎ᠠ ᠲᠡᠶ ᠬᠠᠮᠳᠤ ᠳᠠᠩᠴᠠᠵᠤ ᠶᠠᠪᠣᠳᠠᠭ

ᠮᠤᠩᠭ᠋ᠤᠯ ᠡᠪᠦᠭᠡᠤᠨ ᠶᠢᠡᠷ ᠵᠢᠠᠨ ᠣᠮᠤᠭᠰᠢᠳᠠᠭ

ᠨᠠᠮᠤᠷ ᠨᠠᠮᠤᠷ ᠠᠯᠳᠠᠨ ᠰᠢᠷᠭᠠᠯ

ᠮᠤᠩᠭ᠋ᠤᠯ ᠨᠤᠳᠤᠭ ᠶᠢᠡᠷ ᠵᠢᠠᠨ ᠣᠮᠤᠭᠰᠢᠳᠠᠭ

ᠵᠤᠬᠢᠶᠠᠭᠴᠢ᠄ ᠭᠦᠭᠡᠤᠨ ᠴᠢᠨ᠋ᠸ᠎ᠠ ᠴ·ᠴᠠᠷᠠᠩ
ᠢᠷᠡᠯᠲᠡ᠄ 《ᠳᠠᠠᠴᠢᠨ》 ᠵᠤᠬᠢᠶᠠᠯᠴᠢᠳ ᠤᠨ ᠬᠤᠯᠪᠣᠭ᠎ᠠ
ᠬᠠᠷᠢᠶ᠎ᠠ᠄ ᠰᠢᠯᠦᠭ
ᠳᠠᠷᠤᠮ᠄ 27659
ᠴᠠᠭ᠄ 2008 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ