ᠨᠡᠪᠲᠡᠷᠡᠨ ᠤᠷᠤᠬᠤ
ᠨᠤᠳᠤᠭ ᠤᠨ ᠥᠭᠡᠭᠦᠨ ᠴᠢᠯᠠᠭᠤ

         ᠨᠤᠳᠤᠭ ᠤᠨ ᠥᠭᠡᠭᠦᠨ ᠴᠢᠯᠠᠭᠤ


ᠦᠰᠦᠶ᠎ᠠ ᠭᠡᠰᠡᠨ ᠰᠠᠨᠠᠭ᠎ᠠ ᠪᠠᠨ ᠨᠢᠭᠤᠳᠠᠭ ᠥᠭᠡᠢ

ᠥᠡᠳᠡᠭᠡᠨ ᠴᠠᠭᠠᠨ ᠥᠭᠡᠭᠦᠨ ᠴᠢᠯᠠᠭᠤ

ᠡᠯ᠎ᠡ ᠳᠠᠯ᠎ᠠ ᠳᠠᠰᠢ ᠪᠠᠨ ᠲ᠋ᠡᠭ᠍ᠰᠢᠭᠡᠨ ᠳᠠᠷᠤᠭᠰᠠᠨ

ᠡᠪᠭᠡᠷᠭᠡᠨ ᠰᠠᠮᠠᠵᠠᠨ ᠵᠥᠭᠡᠯᠡᠨ ᠴᠢᠯᠠᠭᠤ


ᠰᠠᠷᠠᠯ ᠤᠨ ᠮᠢᠨᠢ ᠰᠡᠵᠢᠭᠦᠷ ᠲᠤ ᠳᠤᠷᠤᠯᠵᠠᠭᠰᠠᠨ

ᠬᠤᠯᠠ ᠶᠠᠪᠣᠬᠤ ᠳᠤ ᠨᠢᠳᠤᠳᠠᠢ ᠴᠢᠯᠠᠭᠤ

ᠰᠡᠮᠡᠭᠡᠷ ᠦᠪᠡᠷ ᠢ ᠮᠢᠨᠢ ᠬᠤᠳᠠᠯᠳᠤᠳᠠᠭ ᠥᠭᠡᠢ

ᠬᠤᠨ ᠴᠠᠭᠠᠨ ᠠᠶᠠᠯᠭᠤ ᠲᠡᠶ ᠴᠢᠯᠠᠭᠤ


ᠵᠠᠢ᠌ᠷᠮᠠᠭ ᠰᠠᠷᠠᠨ ᠳᠤ ᠴᠠᠴᠠᠷᠠᠨ ᠪᠠᠢ᠌ᠭᠰᠠᠨ

ᠵᠠᠭᠠᠯ ᠪᠣᠯᠬᠤ ᠪᠠᠷ ᠯᠠᠪᠳᠠᠢ ᠭᠦᠳᠡᠩ ᠲᠡᠶ ᠴᠢᠯᠠᠭᠤ

ᠵᠢᠷᠭᠠᠯ ᠤᠨ ᠮᠢᠨᠢ ᠵᠡᠭᠦᠳᠤ ᠶᠢ ᠰᠠᠮ ᠳᠤᠨᠤᠷᠬᠠᠳᠠᠭ

ᠵᠢᠭᠰᠠᠭᠠᠯ ᠨᠢ ᠬᠤᠯᠪᠣᠯᠳᠤᠭᠰᠠᠨ ᠡᠶᠡᠷ ᠲᠡᠶ ᠴᠢᠯᠠᠭᠤ


ᠨᠠᠷᠠᠨ ᠤ ᠴᠡᠭᠡᠨ ᠭᠡᠷᠡᠯ ᠰᠢᠩᠭᠡᠭ᠍ᠰᠡᠨ

ᠬᠤᠷ᠎ᠠ ᠶᠢᠨ ᠣᠰᠤᠨ ᠳᠤ ᠭᠦᠭ᠍ᠵᠢᠮ ᠲᠡᠶ ᠴᠢᠯᠠᠭᠤ

ᠭᠠᠵᠠᠷ ᠤᠨ ᠬᠤᠷᠮᠤᠢ ᠳᠤ ᠴᠡᠴᠡᠭᠯᠡᠭ᠍ᠰᠡᠨ

ᠳᠠᠯ᠎ᠠ ᠶᠢᠨ ᠡᠯᠢᠭᠡᠨ ᠤ ᠪᠦᠦᠪᠠᠢ ᠲᠡᠶ ᠴᠢᠯᠠᠭᠤ ᠁   


                 ᠭᠦᠭᠡ ᠳᠠᠩᠭᠢᠰ


ᠰᠡᠳᠭᠢᠯ ᠤᠨ ᠨᠤᠭᠤᠭᠠᠨ ᠡᠷᠭᠢ ᠪᠠᠨ ᠳᠠᠪᠠᠯᠭᠠᠨ ᠶᠢᠡᠷ ᠮᠠᠨᠠᠭᠰᠠᠭᠠᠷ ᠪᠢ ᠳᠠᠳᠴᠢᠬᠠᠭᠰᠠᠨ ᠶᠤᠮ

ᠰᠡᠷᠮᠡᠭᠦᠨ ᠳᠤᠮᠳᠠᠭᠤᠷᠠᠬᠤ ᠭᠤᠨᠢᠭ ᠤᠨ ᠰᠠᠷᠠᠨ ᠬᠠᠶᠠ ᠭᠡᠴᠢᠨᠡᠨ ᠪᠣᠯᠪᠠᠰᠤᠷᠠᠩᠭ᠋ᠤᠢ ᠠᠪᠣᠷᠢᠯᠠᠵᠤ ᠴᠡᠭᠡᠯ ᠪᠠᠷ ᠶᠢᠡᠨ ᠳᠠᠨᠤᠨ᠎ᠡ

ᠡᠰᠡᠭᠦᠯ᠎ᠡ ᠪᠢ ᠶᠡᠭᠦᠷᠡᠭᠦ ᠦᠭᠡᠶ ᠪᠤᠯ ᠨᠢᠭᠡᠨᠲᠡ ᠬᠦᠭᠦᠷᠴᠢᠭᠡᠭᠰᠡᠨ

ᠨᠤᠮᠢᠨ ᠳᠠᠯᠠᠪᠴᠢ ᠪᠣᠯ ᠡᠷᠭᠢ ᠶᠢᠨ ᠴᠡᠯᠭᠡᠷᠭᠡᠨ ᠳᠠᠠᠵᠢ ᠭᠡᠳᠡᠭ᠌ ᠢ ᠲ᠋ᠡᠨᠢᠭᠡᠷᠭᠡᠨ ᠮᠡᠳᠡᠭ᠍ᠰᠡᠨ ᠴᠤ ᠪᠣᠯᠪᠠᠤ ᠳ᠋ᠠ


ᠭᠠᠩᠳᠠᠪᠠᠯ ᠭᠠᠩᠳᠠᠭ᠂ ᠪᠣᠷᠤᠭᠠᠯᠠᠪᠠᠯ ᠪᠣᠷᠤᠭᠠᠯᠠᠭ ᠭᠡᠭᠦ ᠳᠤ ᠣᠳᠤᠳ ᠠᠨᠢᠪᠴᠢᠬᠤ ᠪᠠᠨ ᠣᠮᠠᠷᠳᠠᠨ

ᠭᠠᠢ᠌ᠭᠤᠢ ᠪᠣᠵᠢᠭᠢᠨᠠᠯᠳᠤᠭᠰᠠᠨ ᠡᠭᠦᠯᠡᠰ ᠪᠣᠯᠤᠳ ᠤᠨ ᠰᠠᠯᠠᠮ᠎ᠠ ᠪᠠᠷ ᠶᠢᠡᠨ ᠨᠠᠮ᠎ᠠ ᠶᠢ ᠬᠠᠢ᠌ᠷ᠎ᠠ ᠨᠠᠢ᠌ᠷ ᠦᠭᠡᠶ ᠳᠠᠰ ᠨᠢᠰ ᠴᠠᠪᠴᠢᠵᠤ ᠢᠷᠠᠨ᠎ᠡ

ᠭᠠᠩᠳᠠᠭᠤᠨ ᠳᠠᠪᠠ ᠬᠠᠨᠤᠭᠰᠠᠨ ᠪᠣᠯᠤᠯᠳᠢ ᠬᠠᠳᠠᠭᠠᠨᠠᠳᠠᠯ᠎ᠠ ᠦᠰᠦᠷᠴᠤ ᠭᠦᠭᠡᠷᠴᠤ ᠢᠨᠢᠶᠡᠨ᠎ᠡ ᠁   


ᠬᠠᠶᠠ ᠰᠡᠳᠭᠢᠯ ᠤᠨ ᠭᠦᠨ ᠢ ᠭᠡᠳᠡᠵᠤ ᠴᠢᠯᠡᠭᠤᠳ ᠴᠢᠩᠨᠠᠨ᠎ᠠ

ᠰᠡᠳᠭᠢᠯ ᠨᠢ ᠥᠯᠦᠰᠭᠦᠯᠡᠩ ᠭᠡᠵᠤ ᠪᠢ ᠮᠦᠯᠣᠢ᠌ᠵᠤ ᠣᠳᠤᠨ᠎ᠠ

ᠬᠠᠶᠠ ᠪᠣᠳᠤᠯ ᠤᠨ ᠴᠡᠭᠡᠯ ᠢ ᠨᠠᠩᠵᠢᠵᠤ ᠨᠠᠷᠠᠨ ᠳᠤᠳᠤᠷ᠎ᠠ ᠬᠠᠯᠭᠤᠨ ᠣᠷᠭᠢᠳᠠᠯ᠎ᠠ ᠬᠠᠷᠪᠣᠨ᠎ᠠ

ᠰᠡᠷᠮᠡᠭᠦᠨ ᠣᠶᠠᠷᠠᠨ ᠭᠡᠮᠭᠡᠷᠡᠭ᠍ᠰᠡᠨ ᠬᠠᠢ᠌ᠷ ᠴᠢᠯᠠᠭᠤ ᠯᠠ ᠦᠨᠡᠨ ᠶᠢᠡᠷ ᠵᠢᠠᠨ ᠬᠠᠯᠭᠢᠨ ᠵᠢᠵᠢᠭ᠍ᠷᠡᠨ᠎ᠡ


ᠭᠦᠭᠡ ᠳᠡᠭ᠍ᠷᠢ ᠮᠢᠨᠤ ᠣᠷᠤᠰᠬᠠᠯ ᠳᠤ ᠭᠦᠭᠡ ᠪᠠᠨ ᠮᠡᠷᠳᠡᠨ ᠭᠦᠳᠡᠩᠳᠡᠨ ᠵᠡᠭᠦᠷᠮᠡᠭᠯᠡᠨ᠎ᠡ

ᠮᠢᠨᠤ ᠵᠡᠭᠦᠳᠦᠨ ᠳᠤ ᠰᠤᠭᠳᠤᠭᠤᠷᠠᠵᠤ ᠬᠠᠯᠢᠬᠤ ᠦᠭᠡᠶ

ᠭᠦᠪᠠᠭᠡ ᠦᠭᠡᠶ ᠳᠡᠭᠡᠳᠤ ᠳᠡᠭ᠍ᠷᠢ ᠳᠤ ᠬᠠᠶᠠ ᠰᠢᠪᠠᠭᠤᠳ ᠤᠨ ᠳᠠᠭᠤᠨ ᠳᠤᠩ ᠨᠣᠢ᠌ᠳᠠᠨ ᠥᠩᠭᠡᠷᠡᠭ᠍ᠰᠡᠨ ᠵᠢᠡᠨ ᠮᠦᠷᠦᠭᠡᠰᠤᠨ᠎ᠡ ᠁   

ᠮᠦᠨ ᠴᠤ ᠳᠡᠪᠳᠡᠷᠢᠭᠦ ᠵᠠᠩ ᠶᠢᠡᠨ ᠳᠤᠷᠠᠳᠬᠠᠨ᠎ᠠ



           ᠬᠠᠪᠣᠷ ᠤᠨ ᠬᠠᠷᠢᠶᠠᠴᠠᠢ


ᠵᠢᠭᠦᠷ ᠶᠢᠡᠨ ᠮᠦᠷᠦᠭᠡᠰᠴᠤ

ᠵᠥᠭ᠌ ᠨᠢ ᠣᠮᠠᠷᠠᠰᠢ ᠰᠤᠮᠤᠳᠠᠨ᠎ᠠ

ᠵᠡᠭᠦᠳᠤ ᠪᠠᠨ ᠬᠠᠢ᠌ᠴᠢᠯᠠᠵᠤ

ᠵᠦᠩ ᠨᠢ ᠬᠣᠢ᠌ᠰᠢ ᠳᠠᠪᠢᠨ᠎ᠡ


ᠪᠠᠷᠠᠭᠠᠨ ᠨᠢᠳᠤ ᠪᠠᠨ ᠬᠠᠢ᠌ᠷᠠᠯᠠᠵᠤ

ᠪᠠᠬ᠎ᠠ ᠨᠢ ᠳᠡᠭ᠍ᠷᠢ ᠪᠠᠨ ᠵᠢᠭᠤᠷᠠᠯᠳᠤᠨ᠎ᠠ

ᠪᠠᠢ᠌ᠳᠠᠭ ᠳᠠᠭᠤᠨ ᠶᠢᠡᠨ ᠬᠠᠳᠠᠭᠠᠯᠠᠵᠤ

ᠪᠦᠭᠡ ᠡᠩᠨᠡᠭᠡ ᠪᠠᠨ ᠨᠠᠢ᠌ᠷᠠᠨ᠎ᠠ ᠁   


           ᠬᠠᠪᠣᠷ ᠤᠨ ᠳᠡᠭ᠍ᠷᠢ


ᠭᠦᠭᠡ ᠪᠠᠷ ᠶᠢᠡᠨ ᠳᠤᠯᠠᠭᠠᠷᠠᠳᠠᠭ ᠬᠠᠪᠣᠷ ᠤᠨ ᠲ᠋ᠡᠭ᠍ᠷᠢ ᠵᠢᠨ

ᠡᠭᠦᠯᠡᠰ ᠨᠢ ᠴᠠᠭᠠᠨ ᠪᠠᠢ᠌ᠯ᠎ᠠ

ᠭᠦᠳᠡᠭᠡ ᠭᠠᠵᠠᠷ ᠤᠨ ᠵᠦᠭᠡᠯᠡᠨ ᠰᠠᠯᠭᠢᠨ ᠤ ᠢᠯᠪᠢᠭᠡᠨ ᠤ

ᠡᠩᠭᠦᠷᠡᠢ ᠨᠢ ᠨᠤᠭᠤᠭᠠᠨ ᠪᠠᠢ᠌ᠯ᠎ᠠ


ᠭᠦᠭ᠍ᠰᠡᠵᠤ ᠮᠠᠠᠳᠤᠬᠤ ᠣᠯᠠᠪᠣᠷ ᠨᠠᠷᠠᠨ ᠤ

ᠮᠦᠰᠢᠶᠠᠯ ᠨᠢ ᠴᠠᠢ᠌ᠯᠭᠠᠨ ᠪᠠᠢ᠌ᠯ᠎ᠠ

ᠭᠦᠷᠴᠢᠭᠢᠨᠡᠵᠤ ᠪᠠᠢ᠌ᠭᠰᠠᠨ ᠬᠠᠢ᠌ᠯᠠᠰᠤᠨ ᠤ

ᠮᠦᠴᠢᠷ  ᠨᠢ ᠦᠷᠭᠡᠯᠡᠵᠤ ᠪᠠᠢ᠌ᠯ᠎ᠠ


ᠪᠣᠷᠤ ᠠᠯᠠᠭ ᠪᠢᠯᠵᠤᠤᠬᠠᠢ ᠵᠢᠨ

ᠵᠢᠷᠭᠢᠭᠡᠨ ᠨᠢ ᠬᠠᠯᠠᠭᠤᠨ ᠪᠠᠢ᠌ᠯ᠎ᠠ

ᠨᠤᠭᠤᠭᠠᠨ ᠳᠠᠯ᠎ᠠ ᠶᠢᠨ ᠵᠠᠮ ᠤᠨ

ᠰᠦᠯᠵᠢᠶᠠᠨ ᠨᠢ ᠳᠤᠳᠤᠨᠤ ᠪᠠᠢ᠌ᠯ᠎ᠠ ᠁   


           ᠨᠠᠷᠠᠨ ᠬᠤᠸᠠᠷ


ᠳᠠᠯᠪᠠᠭᠠᠷ ᠳᠠᠯᠪᠠᠭᠠᠷ ᠨᠤᠭᠤᠭᠠᠨ ᠨᠠᠪᠴᠢᠰ ᠨᠢ

ᠵᠢᠷᠦᠭᠡᠨ ᠤ ᠠᠶᠠᠯᠭᠤ ᠲᠡᠶ ᠪᠠᠨᠰᠠᠷᠪᠠᠯᠵᠠᠨ᠎ᠡ

ᠳᠠᠯᠮᠠᠢ᠌ᠶᠠᠷᠠᠭᠰᠠᠨ ᠭᠦᠭᠡᠷᠦᠭᠦᠨ ᠮᠦᠰᠢᠶᠠᠯ ᠨᠢ

ᠵᠢᠷᠢᠭ᠍ᠰᠡᠭᠡᠷ ᠨᠠᠷᠠᠨ ᠵᠥᠭ᠌ ᠶᠢᠡᠨ ᠮᠡᠭᠦᠢᠨ᠎ᠡ


ᠦᠨᠳᠦᠰᠦ ᠰᠠᠬᠠᠯ ᠨᠢ ᠭᠦᠷᠦᠰᠤᠨ ᠳᠤ ᠪᠠᠨ

ᠭᠠᠵᠠᠷ ᠶᠢᠡᠨ ᠳᠠᠪᠠᠷᠢᠨ ᠵᠡᠭᠦᠳᠦᠯᠡᠨ᠎ᠡ

ᠰᠢᠷᠭᠠᠯ ᠳᠠᠯᠪᠢ ᠨᠢ ᠡᠰᠢᠨ ᠳᠤ ᠪᠠᠨ

ᠳᠡᠷᠭᠡᠯᠭᠡᠨ ᠰᠥᠰᠦᠭ᠌ ᠶᠢᠡᠨ ᠮᠠᠨᠠᠨ᠎ᠠ


ᠨᠢᠭᠤᠴᠠ ᠪᠠᠨ ᠨᠠᠷᠠᠨ ᠳᠤ ᠪᠠᠨ ᠳᠡᠯᠭᠡᠵᠤ

ᠠᠶᠤᠮᠠᠬᠠᠢ ᠪᠢᠰᠢ ᠪᠠᠳᠠᠷᠠᠭᠤᠨ ᠣᠷᠭᠤᠨ᠎ᠠ

ᠨᠠᠯᠠᠭᠠᠷ ᠰᠠᠷᠠᠨ ᠳᠤ ᠪᠠᠨ ᠳᠡᠷᠡᠢ᠌ᠭ᠍ᠰᠡᠭᠡᠷ

ᠠᠢ᠌ᠯ ᠤᠨ ᠭᠦᠮᠤᠨ ᠳᠤ ᠥᠵᠡᠰᠭᠦᠯᠡᠩ ᠭᠠᠩᠬᠤᠯᠵᠠᠨ᠎ᠠ ᠁   



       ᠮᠤᠩᠭ᠋ᠤᠯ ᠭᠡᠷ


ᠮᠤᠩᠭ᠋ᠤᠯ ᠭᠡᠷ ᠊᠊᠊᠊᠊᠊᠊᠊᠊᠊᠊᠊᠊᠊᠊

ᠳᠡᠩᠭᠡᠯᠢᠭ᠍ᠳᠤ ᠬᠤᠷᠸ᠎ᠠ ᠳᠤ ᠡᠩᠭᠡᠵᠢᠨ ᠪᠣᠰᠤᠭᠰᠠᠨ ᠴᠠᠭᠠᠨ ᠥᠰᠦᠭ᠌

ᠳᠠᠰᠪᠣᠷᠢ ᠰᠠᠢ᠌ᠳᠠᠢ ᠪᠠᠷᠠᠭᠠᠨ ᠰᠦᠨᠢ ᠶᠢ ᠰᠥᠯᠡᠭ᠍ᠰᠡᠨ ᠳᠡᠭ᠍ᠷᠢᠯᠢᠭ᠌ ᠭᠠᠷ

ᠳᠡᠷᠳᠡᠭᠡ ᠬᠤᠯᠠ ᠶᠢ ᠰᠡᠳᠭᠢᠯ ᠳᠤ ᠪᠠᠨ ᠡᠪᠭᠡᠭ᠍ᠰᠡᠨ ᠨᠠᠷᠠᠨ ᠤ ᠡᠭᠡᠯᠢ

ᠳᠡᠷᠭᠡᠯ ᠰᠥᠰᠦᠭ᠌ ᠵᠢᠠᠨ ᠲ᠋ᠠᠯ᠎ᠠ ᠳᠤ ᠪᠠᠨ ᠮᠥᠩᠭᠡᠯᠡᠭ᠍ᠰᠡᠨ ᠭᠠᠯ ᠤᠨ ᠰᠠᠭᠢᠶ᠎ᠠ


ᠮᠤᠩᠭ᠋ᠤᠯ ᠭᠡᠷ ᠊᠊᠊᠊᠊᠊᠊᠊᠊᠊᠊᠊᠊᠊᠊

ᠮᠠᠯ ᠤᠨ ᠭᠦᠯ ᠶᠢᠡᠨ ᠭᠠᠳᠠᠨ᠎ᠠ ᠪᠠᠢ᠌ᠯᠭᠠᠭᠰᠠᠨ ᠭᠦᠮᠤᠨ ᠤ ᠵᠢᠪᠬᠤᠭ᠎ᠠ

ᠮᠠᠯᠴᠢᠨ ᠤ ᠦᠷᠠᠰ ᠶᠢᠡᠨ ᠳᠡᠯᠡᠭᠡᠢ  ᠪᠠᠭᠳᠠᠭᠠᠭᠰᠠᠨ ᠳᠠᠯ᠎ᠠ ᠶᠢᠨ ᠭᠡᠢ᠌ᠮᠦᠷᠢ

ᠠᠭᠤᠯᠠᠨ ᠤ ᠰᠦᠷ ᠲ᠋ᠠᠢ ᠣᠰᠤᠨ ᠤ ᠨᠥᠮᠵᠦᠭ᠌ ᠲᠡᠶ ᠪᠣᠳᠤᠯ ᠤᠨ ᠣᠷᠤᠰᠬᠠᠯ

ᠠᠭᠤᠤ ᠶᠡᠭᠡ ᠪᠠᠷ ᠶᠢᠡᠨ ᠳᠡᠭ᠍ᠷᠢ ᠱᠠᠳᠤᠯᠠᠭᠰᠠᠨ ᠠᠷᠠᠤᠨ ᠤᠨ ᠣᠬᠠᠭᠠᠨ


ᠮᠤᠩᠭ᠋ᠤᠯ ᠭᠡᠷ ᠊᠊᠊᠊᠊᠊᠊᠊᠊᠊᠊᠊᠊᠊᠊

ᠴᠢᠯᠠᠭᠤᠨ ᠣᠪᠣᠭ᠎ᠠ ᠲᠡᠶ ᠪᠠᠨ ᠵᠠᠮ ᠵᠠᠮ ᠶᠢᠡᠨ ᠬᠤᠯᠪᠣᠭᠰᠠᠨ ᠪᠢᠯᠢᠭ᠌ ᠤᠨ ᠨᠢᠳᠤ

ᠴᠠᠭᠠᠨ ᠣᠳᠤᠳ ᠲᠡᠶ ᠪᠠᠨ ᠡᠶ᠎ᠡ ᠠᠶ᠎ᠠ ᠪᠠᠨ ᠵᠠᠬᠠᠯᠠᠭᠰᠠᠨ ᠭᠠᠵᠠᠷ ᠤᠨ ᠴᠡᠴᠡᠭ᠌

ᠴᠠᠭᠠᠨ ᠡᠭᠦᠯᠡᠰ ᠲᠡᠶ ᠪᠠᠨ ᠳᠠᠯ᠎ᠠ ᠳᠠᠯ᠎ᠠ ᠪᠠᠨ ᠮᠡᠳᠡᠯᠴᠡᠭ᠍ᠰᠡᠨ ᠳᠡᠭ᠍ᠷᠢ ᠶᠢᠨ ᠵᠠᠶᠠᠭ᠎ᠠ

ᠴᠠᠭᠠᠨ ᠰᠦ᠋ ᠲᠡᠶ ᠪᠠᠨ ᠳᠡᠯᠡᠭᠡᠢ ᠪᠠᠶᠠᠰᠬᠠᠨ ᠨᠠᠮᠢᠷᠠᠭᠰᠠᠨ ᠣᠠᠳᠤᠷᠤᠯ ᠤᠨ ᠲ᠋ᠤᠭ᠁   


        ᠨᠤᠭᠤᠭᠠᠨ ᠳᠠᠯ᠎ᠠ ᠪᠠᠨ ᠣᠩᠰᠢᠭᠰᠠᠨ ᠭᠡᠰᠡᠭ᠌ ᠳᠦᠷᠦᠭ᠍ᠳᠡᠯ


ᠣᠭᠠᠯᠵᠠᠯᠠᠵᠤ ᠣᠷᠤᠰᠬᠤ ᠭᠤᠤᠯ ᠨᠢ

ᠣᠬᠠᠭᠠᠨ ᠳᠤ ᠣᠶᠠᠩᠭ᠋ᠠᠨ ᠵᠢᠷᠤᠭ ᠪᠢᠯᠠ

ᠣᠶᠠᠬᠠᠨ ᠵᠥᠭᠡᠯᠡᠨ ᠰᠠᠯᠭᠢᠨ ᠨᠢ

ᠣᠴᠠᠷᠠᠯ ᠤᠨ ᠭᠠᠩᠭ᠋ᠠᠩ ᠰᠤᠪᠢᠩ ᠪᠢᠯᠠ


ᠴᠠᠢ᠌ᠯᠵᠠᠨ ᠣᠷᠤᠰᠬᠤ ᠭᠤᠤᠯ ᠨᠢ

ᠭᠦᠭᠡ ᠳᠡᠭ᠍ᠷᠢ ᠶᠢᠨ ᠠᠷᠢᠭᠤᠨ ᠭᠡᠰᠢᠭ᠌ ᠪᠢᠯᠠ

ᠭᠦᠳᠡᠭᠡ ᠴᠠᠭᠠᠨ ᠰᠦᠷᠦᠭ᠌ ᠨᠢ

ᠭᠦᠳᠡᠯᠮᠦᠷᠢ ᠶᠢᠨ ᠨᠠᠷᠠᠨ ᠲᠡᠶ ᠪᠣᠶᠠᠨ ᠪᠢᠯᠠ


ᠬᠠᠷᠠᠭᠤᠯᠳᠠᠵᠤ ᠶᠠᠪᠣᠭᠰᠠᠨ ᠮᠠᠯᠴᠢᠳ ᠨᠢ

ᠨᠠᠷᠠᠨ ᠤ ᠳᠤᠤᠷᠠᠭᠢ ᠵᠤᠯᠪᠣᠭ᠎ᠠ ᠪᠢᠯᠠ

ᠰᠠᠷᠠᠨ ᠭᠡᠯᠳᠡᠢ᠌ᠵᠤ ᠳᠦᠭᠡᠷᠡᠴᠢᠭᠡᠳᠡᠭ᠌ ᠨᠢ

ᠣᠳᠤᠳ ᠤᠨ ᠴᠤᠭᠳᠠᠢ ᠣᠷᠤᠨ ᠪᠢᠯᠠ


ᠨᠤᠭᠤᠭᠠᠨ ᠡᠪᠠᠰᠤ ᠨᠢ ᠬᠠᠯᠢᠭᠤᠷᠠᠭᠰᠠᠨ ᠨᠢ

ᠨᠢᠯ ᠨᠢᠯ ᠰᠡᠳᠭᠢᠯ ᠤᠨ ᠳᠤᠭᠳᠤᠯᠤᠯ ᠲᠡᠶ ᠪᠢᠯᠠ

ᠨᠤᠭᠳᠤ ᠲᠡᠶ ᠮᠤᠷᠢ ᠶᠢᠨ ᠰᠦᠷᠵᠢᠶ‍ᠭᠡᠨ ᠳᠤ ᠨᠢ

ᠨᠠᠮᠠᠰ ᠨᠠᠮᠠᠰ ᠭᠠᠵᠠᠷ ᠤᠨ ᠭᠦᠭ᠌ ᠲᠡᠶ ᠪᠢᠯᠠ ᠁   


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠰᠤᠷᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2012 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ