ᠨᠡᠪᠲᠡᠷᠡᠨ ᠤᠷᠤᠬᠤ
ᠭᠤᠪᠢ ᠳᠡᠮᠡᠭᠡ

ᠶᠡᠭᠡ ᠭᠤᠪᠢ ᠶᠢᠨ ᠭᠦᠡᠳᠡᠢ ᠳᠤ

ᠶᠠᠳᠠᠷᠠᠭᠰᠠᠨ ᠭᠡᠳᠤᠨ ᠳᠡᠮᠡᠭᠡ ᠭᠦᠵᠦᠭᠦᠤ ᠰᠤᠩᠭ᠋ᠠᠨ ᠵᠢᠦᠡᠭᠦᠨ᠎ᠡ

ᠰᠢᠷᠭᠢᠮᠠᠷ ᠪᠣᠯᠤᠭᠰᠠᠨ

ᠱᠠᠩᠳᠠ ᠶᠢᠨ ᠰᠠᠢ᠌ᠬᠠᠨ ᠣᠰᠤᠨ ᠳᠠᠭᠠᠨ ᠳᠠᠮᠤᠯᠠᠵᠤ

ᠰᠢᠯᠢ ᠭᠦᠳᠦᠯ ᠶᠢᠡᠷ ᠳᠠᠪᠠᠵᠤ ᠨᠠᠭᠠᠰᠢᠯᠠᠬᠤ ᠨᠢ

ᠰᠠᠯᠭᠢᠨ ᠳᠤ ᠰᠠᠯᠪᠠᠷᠠᠭᠰᠠᠨ ᠳᠠᠷᠪᠠᠭᠤᠯ ᠰᠢᠭ᠌ ᠭᠦᠳᠡᠩᠳᠡᠨ᠎ᠡ

ᠣᠰᠤᠨ ᠳᠠᠭᠠᠨ ᠢᠷᠡᠭ᠍ᠰᠡᠨ ᠳᠡᠮᠡᠭᠡᠳ

ᠤᠷᠢᠳ ᠨᠢ ᠡ᠊ᠨᠳᠡ ᠳᠠᠯᠠᠢ ᠪᠠᠢ᠌ᠭᠰᠠᠨ ᠢ ᠮᠡᠳᠡᠭᠦ ᠦᠭᠡᠶ

ᠭᠦᠭᠯᠡᠷᠡᠵᠤ ᠴᠠᠩᠭ᠋ᠠᠵᠤ ᠭᠦᠵᠦᠭᠦᠤ ᠰᠤᠩᠭ᠋ᠠᠨ

ᠭᠦᠳᠦᠯ ᠳᠠᠮᠵᠢᠨ ᠵᠤᠷᠢᠵᠤ ᠢᠷᠡᠭᠦ ᠨᠢ

ᠳᠤᠮᠤᠭ ᠤᠨ ᠶᠤᠮᠰᠢᠭ ᠵᠡᠷᠭᠡᠯᠭᠡᠨᠳᠡᠨ᠎ᠡ

ᠳᠤᠯᠢ ᠰᠢᠭ ᠪᠦᠷᠢᠳᠤ ᠪᠠᠨ ᠳᠤᠭᠤᠷᠢᠵᠤ

ᠳᠤᠯᠤᠭᠠᠢ ᠪᠦᠭᠦᠢᠵᠤ ᠣᠭᠤᠴᠢᠬᠤ ᠨᠢ

ᠠᠯᠢ ᠡᠷᠳᠡᠨ ᠤ ᠳᠠᠯᠠᠢ ᠰᠢᠷᠭᠡᠵᠤ ᠪᠠᠢ᠌ᠬᠤ ᠰᠢᠭ

ᠠᠯᠢᠪᠠ ᠪᠦᠭᠦᠨ ᠳᠠᠭᠤᠰᠴᠤ ᠪᠠᠢ᠌ᠬᠤ ᠰᠢᠭ᠁

ᠭᠡᠰᠡᠭ᠌ ᠣᠤᠭᠤᠭᠰᠠᠨ ᠶᠢᠡᠨ ᠳᠡᠮᠡᠭᠡᠳ

ᠭᠡᠨᠡᠭ᠌ ᠦᠭᠡᠶ ᠳᠡᠭᠡᠭ᠍ᠰᠢ ᠬᠠᠷᠠᠨ ᠥᠯᠡᠢ᠌ᠭᠦ ᠨᠢ

ᠳᠠᠯᠳᠠ ᠪᠣᠯᠤᠭᠰᠠᠨ ᠡᠷᠭᠢ ᠪᠠᠨ ᠬᠠᠢ᠌ᠵᠤ

ᠳᠠᠯᠠᠢ ᠶᠢᠨ ᠱᠤᠷᠪᠣᠭ ᠰᠠᠯᠭᠢ ᠥᠨᠦᠷᠯᠡᠭᠦ ᠶ‍ᠤᠮᠰᠢᠭ᠁

ᠶᠡᠭᠡ ᠭᠤᠪᠢ ᠶᠢᠨ ᠡᠯᠡᠰᠤᠨ ᠵᠡᠷᠭᠡᠯᠭᠡᠨ ᠳᠤ

ᠶᠠᠪᠣᠵᠤ ᠬᠤᠯᠠᠳᠠᠬᠤ ᠳᠡᠮᠡᠭᠡᠳ ᠪᠦᠷᠳᠦᠯᠵᠡᠨ᠎ᠡ

ᠶᠡᠭᠡ ᠡᠯᠡᠰᠤᠨ ᠤ ᠰᠢᠭᠤᠷᠭ᠎ᠠ ᠰᠦᠷᠤᠨ

ᠢᠷᠡᠭᠦ ᠡᠳᠦᠷ ᠤᠨ ᠳᠤᠮᠤᠭ ᠴᠤᠪᠣᠷᠠᠭᠤᠯᠤᠨ᠎ᠠ᠁


ᠪᠠᠭᠡᠵᠢᠩ 《ᠶᠡᠭᠡ ᠊᠊᠊᠊᠊᠊᠊᠊᠊᠊᠊᠊᠊᠊᠊ ᠠᠶᠠᠨ》 ᠣᠯᠠᠨ ᠣᠯᠤᠰ ᠤᠨ ᠵᠢᠭᠤᠯᠴᠢᠯᠠᠯ ᠤᠨ ᠥᠢᠯᠡᠴᠢᠯᠡᠭᠡᠨ ᠤ ᠺᠤᠮᠫᠠᠨᠢ

ᠬᠠᠶ‍ᠢᠭ᠄ borjin80@yahoo.cn

ᠵᠤᠬᠢᠶᠠᠭᠴᠢ᠄ ᠱᠠ᠊·ᠬᠠᠳᠠᠪᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2869
ᠴᠠᠭ᠄ 2009 ᠤᠨ ᠤ 03 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ