ᠨᠡᠪᠲᠡᠷᠡᠨ ᠤᠷᠤᠬᠤ
ᠴᠢ ᠮᠢᠨᠢ

ᠮᠢᠨᠤ ᠭᠡᠭᠡᠨ ᠮᠠᠯᠠᠮᠠᠢ ᠡᠴᠠ ᠬᠠᠷᠠᠴᠠ ᠪᠣᠯᠢᠶᠠᠵᠤ ᠴᠢ

ᠮᠤᠩᠭ᠋ᠤᠯᠴᠢᠨ ᠭᠤᠸ᠎ᠠ ᠰᠢᠵᠢᠮ ᠡᠪᠦᠷᠯᠡᠭ᠍ᠰᠡᠨ

ᠮᠤᠩᠭ᠋ᠤᠯ ᠣᠯᠠᠨ ᠦᠬᠢᠠᠴᠤᠳ ᠡᠴᠠ ᠬᠠᠢ᠌ᠷ᠎ᠠ ᠪᠣᠯᠢᠶᠠᠵᠤ

ᠮᠠᠷᠠᠯ ᠤᠨ ᠳᠤᠲ᠋ᠸᠮ ᠲᠡᠶ ᠵᠠᠶᠠᠭᠠᠭᠰᠠᠨ ᠮᠠᠷᠠᠮᠬᠠᠨ ᠦᠬᠢᠨ


ᠬᠠᠢ᠌ᠷ᠎ᠠ ᠳᠤ ᠲᠦᠰᠢᠯᠴᠠᠵᠤ ᠠᠮᠢᠳᠤᠷᠠᠬᠤ

ᠬᠤᠷᠸ᠎ᠠ ᠳᠤ ᠭᠦᠰᠡᠯ ᠡᠷᠭᠦᠵᠤ

ᠬᠤᠪᠢ ᠳᠠᠪᠠᠯᠠᠩ ᠪᠠᠷ ᠴᠢᠮ᠎ᠠ ᠳᠤ ᠳᠤᠷᠠᠯᠠᠭᠰᠠᠨ ᠪᠣᠯᠬᠤᠷ

ᠬᠠᠮᠤᠭ ᠨᠠᠢ᠌ᠳᠠᠯᠭ᠎ᠠ ᠪᠠᠨ ᠴᠢᠮ᠎ᠠ ᠳᠤ ᠳᠡᠮᠤᠯᠡᠭ᠍ᠰᠡᠨ


ᠵᠠᠶᠠᠭᠠᠨ ᠤ ᠬᠤᠯᠪᠣᠭ᠎ᠠ ᠪᠠᠨ ᠴᠢᠮ᠎ᠠ ᠳ᠋ᠤ

ᠵᠦᠪ ᠲᠡᠶ ᠰᠤᠩᠭ᠋ᠤᠯᠳᠠ ᠭᠡᠵᠤ ᠦᠭ‍ᠭᠦᠨ᠎ᠡ

ᠵᠤᠪᠠᠯ ᠵᠢᠷᠭᠠᠯ ᠬᠤᠶᠠᠷ ᠢ ᠡᠳ᠋ᠯᠡᠭᠦ ᠭᠦᠰᠡᠯ ᠵᠢᠠᠨ

ᠵᠢᠷᠦᠭᠡᠨ ᠤ ᠭᠦᠨ ᠡᠴᠠ ᠮᠠᠳᠠᠷᠴᠤ ᠪᠠᠢ᠌ᠨ᠎ᠠ᠃

ᠵᠠᠯᠠᠭᠤ ᠨᠠᠰᠤᠨ ᠤ ᠪᠣᠱᠤᠭᠠᠨ ᠳᠡᠭᠡᠷ᠎ᠡ

ᠠᠮᠢᠳᠤᠷᠠᠯ ᠡᠷᠢᠵᠤ ᠵᠤᠷᠢᠬᠤ ᠳ᠋ᠤ

ᠵᠢᠷᠦᠭᠡ ᠰᠡᠳᠬᠢᠯ ᠡᠴᠠ ᠮᠡᠳᠡᠷᠡᠭᠦ

ᠦᠨᠡᠨ ᠭᠦᠰᠡᠯ ᠤᠨ ᠳᠠᠩᠭ᠋ᠠᠷᠢᠭ ᠡᠷᠭᠦᠶ᠎ᠡ


ᠣᠷᠤᠰᠬᠠᠯ ᠭᠤᠤᠯ ᠤᠨ ᠣᠰᠤ ᠰᠢᠷᠭᠢᠪᠠᠴᠤ

ᠦᠨᠡᠨ ᠬᠠᠢ᠌ᠷ᠎ᠠ ᠬᠠᠭᠤᠴᠢᠷᠠᠬᠤ ᠦᠭᠡᠶ ᠶᠢᠨ ᠣᠴᠢᠷ ᠳᠤ

ᠢᠷᠡᠭᠡᠳᠦᠢ ᠳᠤ ᠪᠢᠳᠠᠨ ᠤ ᠠᠮᠢᠳᠤᠷᠠᠯ

ᠦᠷᠭᠦᠯᠵᠢ ᠥᠭᠡᠳᠡ ᠡᠰᠡᠷᠡᠭ᠌ ᠪᠠᠢ᠌ᠭᠠᠰᠠᠢ᠃

2010 ᠣᠨ ᠤ8 ᠰᠠᠷ᠎ᠠ ᠳ᠋ᠤ


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠣᠷᠵᠢᠨ ᠰᠢᠶᠠᠨ ᠤ ᠬᠤᠮ ᠬᠠᠨᠠᠰ ᠮᠤᠩᠭ᠋ᠤᠯ ᠦᠨᠳᠦᠰᠦᠳᠠᠨ ᠤ ᠰᠤᠮᠤᠨ ᠤ ᠬᠠᠨᠠᠰ ᠳᠤᠰᠬᠤᠨ

ᠵᠤᠬᠢᠶᠠᠭᠴᠢ᠄ ᠦᠷᠭᠡᠨᠳᠡᠯᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2010 ᠤᠨ ᠤ 09 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ